ᠤᠢᠢᠵᠢᠭᠤᠯᠤᠯᠳᠠ ᠶᠢᠨ ᠬᠤᠰᠢᠭᠤᠴᠢ ᠤᠳᠬᠤᠨᠬᠤᠸᠠᠷ
ᠨᠡᠶᠢᠲᠡᠯᠡᠭᠰᠡᠨ ᠴᠠᠭ᠄
2021/8/9
     7 ᠰᠠᠷ᠎ᠡ ᠶᠢᠨ 20᠎ ᠤ ᠡᠳᠦᠷ᠂ ᠬᠠᠨᠭ᠍ᠬᠢᠨ ᠬᠤᠰᠢᠭᠤᠨ ᠤ ᠳᠤᠭᠤᠢᠢᠳᠠᠯ᠎ᠠ ᠪᠠᠯᠭᠠᠰᠤᠨ ᠤ ᠳᠠᠭᠤᠳᠤ ᠭᠠᠴᠠᠭᠠᠠ ᠤ ᠤᠳᠬᠤᠨᠬᠤᠸᠠᠷ ᠨᠡᠶᠢᠰᠯᠡᠯ ᠳᠤ ᠬᠦᠷᠴᠦ ︽ᠪᠦᠬᠦ ᠤᠯᠤᠰ ᠤᠨ ᠬᠠᠮᠤᠬ ᠤᠨ ᠭᠤᠶᠤ ᠦᠨᠳᠦᠰᠦᠨ ᠱᠠᠳᠤᠨ ᠤ ᠤᠯᠤᠰ ᠳᠦᠷᠦ ᠶᠢᠨ ᠵᠦᠪᠯᠡᠯᠬᠡᠨ ᠤ ᠬᠡᠰᠢᠬᠦᠨ︾᠎ ᠤ ᠭᠠᠪᠢᠶᠡᠨ ᠳᠡᠮᠳᠡᠭ ᠢ ᠲᠤᠰᠴᠠᠢ᠃ ︽ᠡᠶᠢᠮᠦ ᠶᠡᠭᠡ ᠬᠦᠨᠳᠦ ᠶᠢᠨ ᠵᠢᠩ ᠲᠠᠢ ᠭᠠᠪᠢᠶᠡᠨ ᠳᠡᠮᠳᠡᠭ ᠢ ᠳᠤᠰᠬᠤ ᠬᠢᠷᠢ ᠬᠡᠮ ᠨᠠᠳᠠ ᠳᠤ ᠪᠠᠶᠢᠳᠠᠬ ᠪᠤᠯᠪᠠ ᠤᠤ︖︾ ᠬᠡᠰᠡᠨ ᠪᠤᠳᠤᠯ ᠴᠤ ᠤᠳᠬᠤᠨᠬᠤᠸᠠᠷ ᠳᠤ ᠤᠷᠤᠵᠤ ᠦᠡᠭᠭᠡᠷᠡᠭᠰᠡᠨ ᠪᠠᠶᠢᠨ ᠎ᠠ᠃      ᠤᠳᠬᠤᠨᠬᠤᠸᠠᠷ ᠡᠯᠡᠰᠦ ᠮᠠᠩᠬᠠᠨ ᠨᠤᠳᠤᠭ ᠲᠤ ᠳᠦᠷᠦᠵᠤ ᠦᠰᠦᠭᠰᠡᠨ ᠬᠦᠮᠦᠨ᠂ ᠳᠡᠬᠦᠨ ᠤ ᠤᠢ ᠤᠬᠠᠭᠠᠨ ᠳᠤ ᠤᠯᠠᠭᠠᠨ ᠮᠠᠩᠬᠠᠨ ᠳᠤ ᠮᠤᠳᠤ ᠳᠠᠷᠢᠭᠠᠳ ᠤᠷᠭᠤᠨ᠎ᠡ ᠬᠡᠵᠤ ᠦᠯᠢᠬᠡᠷ ᠳᠤᠮᠤᠬ ᠰᠢᠤᠬᠠᠨ ᠤᠴᠢᠷ ᠪᠠᠶᠢᠵᠠᠢ᠃ 1997 ᠤᠨ ᠳᠤ ᠬᠠᠨᠭ᠍ᠬᠢᠨ ᠬᠤᠰᠢᠭᠤ ︽ᠡᠯᠡᠰᠦ ᠶᠢ ᠳᠤᠭᠤᠯᠤᠬᠰᠠᠠ ᠵᠠᠰᠠᠮᠠᠯ ᠵᠠᠮ︾᠎ ᠢ ᠵᠠᠰᠠᠬᠤ ᠦᠶ᠎ᠡ ᠳᠤ ᠤᠳᠬᠤᠨᠬᠤᠸᠠᠷ 20 ᠨᠠᠰᠤ ᠲᠠᠢ᠂ ᠳᠦᠬᠦᠷᠢᠭ ᠪᠠᠷᠢᠭᠠᠳᠠ ᠶᠢᠨ ᠢᠳᠡᠬᠡᠮᠵᠢ ᠶᠢᠨ ᠬᠤᠷᠰᠢᠶᠡᠨ ᠳᠤ 300 ᠳᠦᠬᠦᠷᠢᠭ ᠤᠨ ᠴᠠᠯᠢᠩ ᠲᠠᠢ ᠠᠵᠢᠯᠳᠡᠨ ᠪᠠᠶᠢᠵᠠᠢ᠃ ᠳᠡᠷᠡ ᠠᠯᠪᠠᠨ ᠵᠢᠷᠤᠮ ᠤᠨ ᠬᠦᠳᠡᠯᠮᠤᠷᠢ ᠳᠤ ᠤᠷᠤᠯᠴᠠᠬᠤ ᠪᠠᠷ ᠠᠵᠢᠯ ᠢᠶᠠᠨ ᠬᠠᠶᠡᠵᠤ ᠬᠡᠷ ᠲᠡᠭᠡᠨ ᠢᠷᠡᠬᠦ ᠳᠤ ᠡᠵᠢ ᠨᠢ ᠱᠠᠬᠠᠢ ᠪᠠᠨ ᠳᠠᠶᠢᠯᠵᠤ ᠨᠢᠬᠡ ᠰᠠᠶᠢᠨ ᠵᠤᠳᠤᠬᠰᠠᠨ ᠭᠡᠳᠡᠭ᠂ ᠬᠡᠪᠡᠴᠦ ᠳᠡᠬᠦᠨ ᠤ ᠰᠠᠨᠠᠭ᠎ᠠ ᠶᠢ ᠬᠤᠪᠢᠷᠠᠭᠤᠯᠵᠦ ᠴᠢᠳᠠᠭ᠎ᠠ ᠦᠬᠡᠢ᠃ ᠳᠡᠷᠡ ︽ᠡᠯᠡᠰᠦ ᠶᠢ ᠳᠤᠭᠤᠯᠤᠭᠰᠠᠠ ᠵᠠᠰᠠᠮᠠᠯ ᠵᠠᠮ︾᠎ ᠢ ᠵᠠᠰᠠᠬᠤ ᠪᠠᠷ ᠡᠳᠦᠷ ᠤᠨ 80 ᠳᠦᠬᠦᠷᠢᠭ ᠢᠶᠠᠷ ᠠᠵᠢᠯ ᠬᠢᠵᠤ᠂ ᠰᠤᠯᠠ ᠴᠠᠬ ᠢᠶᠠᠷ ᠢᠶᠠᠨ ᠵᠢᠯᠤᠭᠤᠴᠢ ᠨᠡᠷ ᠲᠤ ᠪᠤᠳᠠᠭ᠎ᠠ ᠳᠦᠬᠦᠬᠡᠷᠴᠤ ᠨᠤᠭᠤᠭ᠎ᠠ ᠴᠠᠭ᠎ᠠ ᠬᠤᠳᠠᠯᠳᠤᠭᠠᠳ ᠰᠠᠷ᠎ᠡ ᠶᠢᠨ 2000 ᠭᠠᠷᠤᠢ ᠳᠦᠬᠦᠷᠢᠭ ᠤᠯᠵᠤ ᠪᠠᠶᠢᠵᠠᠢ᠃ ᠰᠡᠬᠦᠯᠡᠷ ᠨᠢ ᠦᠪᠡᠰᠦᠪᠡᠨ ᠮᠤᠲ᠋ᠤᠷ ᠬᠤᠳᠠᠯᠳᠤᠨ ᠠᠪᠴᠤ ᠪᠤᠰᠤᠳ ᠲᠤ ᠤᠰᠤ᠂ ᠳᠤᠰᠤ ᠬᠦᠷᠬᠡᠵᠤ ᠤᠷᠤᠯᠭ᠎ᠠ ᠡᠬᠦᠳᠴᠤ ᠶᠠᠪᠤᠵᠠᠢ᠃      ᠠᠶᠢᠯ ᠬᠡᠷ ᠪᠤᠯᠤᠬᠰᠠᠨ ᠤ ᠳᠠᠷᠠᠭ᠎ᠠ 2007 ᠤᠨ ᠠᠴᠠ ᠡᠬᠢᠯᠡᠨ ᠡᠯᠡᠰᠦᠨ ᠭᠠᠵᠠᠷ ᠬᠤᠳᠳᠤᠬ ᠦᠷᠦᠮᠳᠡᠬᠦ ᠠᠵᠢᠯ ᠢ ᠳᠠᠭᠠᠭᠠᠴᠢᠯᠡᠨ ᠬᠢᠪᠠ᠃ 2009 ᠤᠨ ᠠᠴᠠ ᠡᠬᠢᠯᠡᠨ ᠡᠯᠡᠰᠦ ᠮᠠᠩᠬ᠎ᠠ ᠶᠢ ᠳᠠᠭᠠᠭᠠᠴᠢᠯᠠᠨ ᠠᠪᠴᠤ ᠨᠤᠭᠤᠭᠠᠷᠠᠭᠤᠯᠬᠤ ᠦᠷᠨᠢᠯᠳᠡ ᠭᠠᠷᠬᠤ ᠳᠤ ᠤᠳᠬᠤᠨᠬᠤᠸᠠᠷ 2000 ᠮᠦ ᠡᠯᠡᠰᠦ ᠮᠠᠩᠬ᠎ᠠ ᠶᠢ ᠨᠤᠭᠤᠭᠠᠷᠠᠭᠤᠯᠬᠤ ᠪᠠᠷ ᠳᠠᠭᠠᠭᠠᠴᠢᠯᠡᠨ ᠠᠪᠴᠠᠢ᠃ ᠪᠦᠬᠦ ᠶᠠᠭᠤᠮ᠎ᠠ ᠶᠢ ᠦᠪᠡᠷ ᠢᠶᠠᠨ ᠳᠤᠯᠤᠭᠠᠢᠢᠯᠠᠵᠤ ᠬᠢᠬᠦ ᠪᠤᠯᠤᠭᠠᠳ ᠰᠠᠶ᠋ᠢ ᠭᠡᠳᠤᠢ ︽ᠬᠦᠴᠢᠷ︾ ᠬᠡᠳᠡᠭ ᠢ ᠨᠢ ᠮᠡᠳᠡᠪᠠ᠃ ᠰᠤᠶᠤᠭ᠎ᠠ ᠮᠤᠳᠤ ᠬᠤᠳᠠᠯᠳᠤᠨ ᠠᠪᠬᠤ᠂ ᠮᠤᠳᠤ ᠳᠠᠷᠢᠬᠤ ᠠᠷᠭ᠎ᠠ ᠮᠡᠷᠬᠡᠵᠢᠯ ᠢ ᠰᠤᠷᠬᠤ ᠠᠴᠠ ᠡᠬᠢᠯᠡᠬᠡᠳ ᠬᠦᠯ ᠨᠢᠴᠦᠬᠦᠨ ᠢᠶᠠᠷ ᠰᠤᠶᠤᠭ᠎ᠠ ᠮᠤᠳᠤ ᠡᠬᠦᠷᠴᠤ ᠶᠠᠪᠤᠬᠤ᠂ ᠮᠤᠷᠢ᠂ ᠳᠡᠮᠡᠭᠡ ᠪᠠᠷ ᠤᠰᠤ ᠠᠴᠢᠭᠤᠯᠬᠤ᠂ ᠰᠡᠬᠦᠯᠡᠷ ᠨᠢ ᠬᠠᠭᠤᠴᠢᠨ ᠮᠠᠰᠢᠨ ᠳᠡᠷᠬᠡ ᠶᠢ ᠦᠬᠡᠷᠡᠴᠢᠯᠡᠵᠤ ᠮᠤᠳᠤ ᠳᠡᠬᠡᠬᠡᠪᠦᠷᠢᠯᠡᠬᠦ᠂ ᠬᠤᠳᠳᠤᠬ ᠦᠷᠦᠮᠳᠡᠬᠦ ᠬᠡᠵᠤ ᠦᠵᠡᠭᠰᠡᠨ ᠦᠭᠡᠢ ᠦᠢᠯᠡ ᠪᠠᠨ ᠪᠦᠷ ᠦᠵᠡᠵᠤ᠂ ᠮᠠᠩᠬᠠᠨ ᠬᠤᠳᠤᠭᠤᠷ ᠲᠤ ᠭᠠᠭᠴᠠᠭᠠᠷ ᠢᠶᠠᠨ ᠤᠬᠢᠯᠠᠵᠤ ᠰᠠᠭᠤᠭᠰᠠᠨ ᠤᠳᠠᠭ᠎ᠠ ᠴᠤ ᠤᠯᠠᠨ ᠪᠤᠢ᠃      ᠤᠳᠬᠤᠨᠬᠤᠸᠠᠷ ᠡᠯᠡᠰᠦᠨ ᠨᠤᠳᠤᠬ ᠢᠶᠠᠨ ᠭᠤᠯᠤᠵᠤ᠂ ᠳᠤᠳᠠᠭᠠᠮᠠᠷ ᠪᠤᠳᠤᠯ ᠤᠷᠤᠵᠤ ᠦᠡᠭᠭᠡᠷᠡᠵᠠᠢ᠃ ᠤᠢᠢᠵᠢᠭᠤᠯᠤᠯᠳᠠ ᠬᠢᠵᠤ ᠡᠯᠡᠰᠦ ᠮᠠᠩᠬ᠎ᠠ ᠪᠠᠨ ᠨᠤᠭᠤᠭᠠᠷᠠᠭᠤᠯᠵᠤ ᠪᠤᠯᠬᠤ ᠶᠢ ᠤᠢᠢᠯᠠᠭᠠᠬᠰᠠᠨ ᠤ ᠳᠠᠷᠠᠭ᠎ᠠ᠂ ᠡᠯᠡᠰᠦ ᠮᠠᠩᠬᠠᠨ ᠳᠤ ᠪᠠᠶᠢᠭ᠎ᠠ ᠪᠤᠰᠤᠳ ᠦᠨᠳᠦᠰᠦᠳᠡᠨ ᠤ ᠠᠬ᠎ᠠ ᠳᠡᠬᠦᠦ ᠨᠡᠷ ᠲᠠᠭᠠᠨ ᠴᠤ ︽ᠡᠯᠡᠰᠦ ᠶᠢ ᠨᠤᠭᠤᠭᠠᠷᠠᠭᠤᠯᠵᠤ ᠠᠮᠢᠳᠤᠷᠡᠯ ᠢᠶᠠᠨ ᠳᠡᠭᠡᠭᠰᠢ ᠳᠠᠳᠠᠵᠤ ᠪᠤᠯᠬᠤ︾ ᠤᠴᠢᠷ ᠢ ᠳᠠᠨᠢᠭᠤᠯᠬᠤ ᠪᠠᠷ ᠳᠦᠪᠡᠳ᠂ ᠤᠢᠢᠭᠤᠷ᠂ ᠬᠠᠰᠠᠬ ᠬᠡᠵᠤ ᠤᠯᠠᠨ ᠦᠨᠳᠦᠰᠦᠳᠡᠨ ᠤ ᠠᠬ᠎ᠠ ᠳᠡᠬᠦᠦ ᠨᠡᠷ ᠲᠠᠢ ᠡᠬᠡ ᠪᠠᠶᠢᠭᠠᠯᠢ ᠪᠠᠨ ᠨᠤᠭᠤᠭᠠᠷᠠᠭᠤᠯᠵᠤ ᠠᠮᠢᠳᠤᠷᠡᠯ ᠢᠶᠠᠨ ᠰᠠᠶᠢᠵᠢᠷᠠᠭᠤᠯᠬᠤ ᠪᠠᠷ ᠭᠠᠷ ᠬᠤᠯᠪᠤᠨ ᠤᠷᠤᠬᠰᠢᠯᠠᠵᠠᠢ᠃ 2014 ᠤᠨ ᠳᠤ᠂ ᠤᠳᠬᠤᠨᠬᠤᠸᠠᠷ ᠰᠢᠨᠵᠢᠶᠠᠩ ᠤᠨ ᠤᠮᠠᠷᠡᠳᠦ ᠬᠡᠰᠡᠭ ᠲᠤ ᠪᠠᠶᠢᠭ᠎ᠠ ᠠᠷᠪᠠᠨ ᠬᠤᠶᠠᠳᠤᠭᠠᠷ ᠪᠢᠡᠭᠲ᠋ᠤᠸᠠᠨ ᠳᠤ ᠬᠦᠷᠴᠤ ᠡᠪᠡᠰᠦ ᠮᠤᠳᠤ ᠳᠠᠷᠢᠪᠠ᠃ ᠳᠡᠷᠡ ᠭᠠᠵᠠᠷ ᠤᠨ ᠮᠠᠩᠬ᠎ᠠ ᠨᠢ ᠬᠠᠳᠠᠭᠤ᠂ ᠬᠤᠷᠤᠭᠤ ᠳᠠᠷᠤᠮ᠎ᠠ ᠬᠤᠵᠢᠷ ᠲᠠᠢ᠂ ᠬᠡᠪᠡᠴᠦ ᠡᠪᠡᠰᠦ ᠮᠤᠳᠤᠨ ᠤ ᠤᠨᠳᠤᠷᠤᠯᠳᠠ ᠨᠢ ᠴᠤ ᠰᠠᠶᠢᠨ᠂ ᠬᠠᠪᠤᠷ ᠳᠠᠷᠢᠵᠤ᠂ ᠵᠤᠨ ᠨᠠᠮᠤᠷ ᠢᠶᠠᠷ ᠠᠷᠠᠴᠢᠯᠡᠵᠤ ᠬᠠᠮᠠᠭᠠᠯᠠᠨ᠂ ᠲᠤᠰ ᠵᠢᠯ ᠳᠡᠭᠡᠨ ᠤᠯᠠᠭᠠᠨ ᠤᠳᠠ᠂ ᠬᠤᠸᠠ ᠪᠤᠷᠭᠠᠰᠤ᠂ ᠰᠢᠬᠢᠷ ᠡᠪᠡᠰᠦ ᠬᠡᠬᠦᠴᠢᠯᠡᠡ ᠨᠡᠶᠢᠳᠡ 3000 ᠭᠠᠷᠤᠢ ᠮᠦ ᠳᠠᠷᠢᠵᠠᠢ᠃      ᠳᠡᠭᠷᠢ ᠠᠴᠠ ᠤᠢᠢᠷᠠᠬᠠᠨ ᠬᠡᠮᠡᠭᠳᠡᠳᠡᠭ ᠳᠦᠪᠡᠳ ᠤᠨ ᠦᠨᠳᠦᠷᠯᠢᠭ ᠲᠤ ᠴᠤ ᠤᠢᠢᠵᠢᠭᠤᠯᠤᠯᠳᠠ ᠬᠢᠵᠤ ᠡᠯᠡᠰᠦ ᠮᠠᠩᠬ᠎ᠠ ᠶᠢ ᠵᠠᠰᠠᠵᠤ ᠪᠤᠯᠳᠠᠬ ᠪᠤᠯᠪᠠ ᠤᠤ︖ ᠬᠡᠵᠤ ᠤᠳᠬᠤᠨᠬᠤᠸᠠᠷ ᠪᠤᠳᠤᠳᠠᠬ ᠪᠠᠶᠢᠵᠠᠢ᠃ 2017 ᠤᠨ᠂ 2018 ᠤᠨ ᠳᠤ ᠳᠡᠷᠡ ᠳᠦᠪᠡᠳ ᠤᠨ ᡀᠠᠰᠠ ᠬᠤᠳᠠ ᠶᠢᠨ ᠴᠢᠤᠢ ᠱᠦᠢ ᠰᠢᠶᠡᠨ ᠳᠤ ᠬᠦᠷᠴᠤ᠂ ᠨᠤᠭᠤᠭᠠᠷᠠᠭᠤᠯᠤᠯᠳᠠ ᠶᠢᠨ ᠠᠵᠢᠯ ᠢᠶᠠᠨ ᠦᠷᠨᠢᠬᠦᠯᠪᠡ᠃ ᠠᠭᠤᠷ ᠠᠮᠢᠰᠬᠤᠯ᠂ ᠦᠬᠡ ᠬᠡᠯᠡ᠂ ᠤᠷᠤᠨ ᠰᠠᠭᠤᠴᠠ ᠬᠡᠵᠤ ᠤᠯᠠᠨ ᠬᠦᠴᠢᠷ ᠢ ᠳᠠᠪᠠᠵᠤ 4000 ᠭᠠᠷᠤᠢ ᠮᠦ ᠳᠤᠷᠯᠤᠬ᠂ ᠰᠢᠬᠢᠷ ᠡᠪᠡᠰᠦ ᠳᠠᠷᠢᠭᠠᠳ ᠠᠮᠵᠢᠯᠳᠡ ᠤᠯᠤᠬᠰᠠᠨ ᠪᠠᠶᠢᠨ᠎ᠠ᠃      2009 ᠤᠨ ᠠᠴᠠ ᠨᠠᠭᠠᠰᠢ᠂ ᠲᠡᠷᠡ ᠨᠡᠶᠢᠳᠡ 3 ᠳᠦᠮᠡ ᠭᠠᠷᠤᠢ ᠮᠦ ᠮᠤᠳᠤ ᠳᠠᠷᠢᠪᠠ᠃ 2014 ᠤᠨ ᠳᠤ ᠡᠪ ᠬᠠᠮᠳᠤ ᠨᠠᠮ ᠤᠨ ᠬᠡᠰᠢᠬᠦᠨ ᠪᠤᠯᠵᠤ᠂ 2015 — 2018 ᠤᠨ ᠳᠤ ᠳᠠᠭᠤᠳᠤ ᠭᠠᠴᠠᠭᠠᠨ ᠤ ᠨᠠᠮ ᠤᠨ ᠡᠬᠦᠷ ᠤᠨ ᠱᠦᠵᠢ ᠪᠠᠷ ᠠᠵᠢᠯᠯᠠᠨ᠂ ᠨᠤᠳᠤᠬ ᠤᠨ ᠤᠯᠠᠨ ᠳᠦᠮᠡᠨ ᠢᠶᠠᠨ ᠳᠠᠭᠠᠭᠤᠯᠵᠤ ᠤᠢᠢᠵᠢᠭᠤᠯᠤᠯᠳᠠ ᠬᠢᠬᠦ᠂ ᠶᠠᠳᠠᠭᠤ ᠬᠦᠴᠢᠷᠳᠡᠯᠳᠡᠢ ᠡᠷᠦᠬᠡ᠂ ᠬᠡᠷ ᠤᠨ ᠠᠮᠢᠳᠤᠷᠡᠯ ᠨᠢ ᠬᠦᠴᠢᠷᠳᠡᠯᠳᠡᠢ ᠰᠤᠷᠤᠬᠴᠢᠳ ᠢ ᠳᠡᠮᠵᠢᠵᠤ ᠶᠠᠪᠤᠬᠰᠠᠨ ᠪᠢᠯᠡ᠃ ︽ᠮᠠᠨ ᠢ ᠪᠠᠭ᠎ᠠ ᠳᠤ ᠨᠡᠶᠢᠳᠡᠮ ᠬᠡᠯᠦᠩ ᠮᠠᠩᠬ᠎ᠠ ᠦᠷᠬᠦᠯᠵᠢᠯᠡᠵᠤ ᠨᠤᠭᠤᠭᠠᠨ ᠦᠡᠭᠬᠡ ᠪᠠᠷᠤᠬ ᠬᠠᠷᠠᠬᠳᠠᠬᠤ ᠦᠬᠡᠢ ᠪᠠᠶᠢᠬᠰᠠᠨ᠂ ᠤᠳᠤ ᠤᠯᠠᠭᠠᠨ ᠮᠠᠩᠬ᠎ᠠ ᠪᠠᠷᠤᠬ ᠳᠡᠭᠰᠢᠷᠡᠵᠤ ᠳᠠᠨᠢᠬᠳᠠᠬᠤ ᠦᠬᠡᠢ ᠪᠤᠯᠵᠠᠢ︾ ᠬᠡᠵᠤ ᠤᠳᠬᠤᠨᠬᠤᠸᠠᠷ ᠡᠷᠬᠢᠴᠡᠬᠦᠯᠦᠨ᠎ᠡ᠃      ᠤᠳᠬᠤᠨᠬᠤᠸᠠᠷ 2018 ᠤᠨ ᠳᠤ ︽ᠭᠤᠷᠪᠡᠨ ᠤᠮᠠᠷᠠᠳᠤ ᠶᠢᠨ ᠬᠠᠯᠬᠠᠪᠴᠢ ᠤᠢ ᠶᠢᠨ ᠳᠡᠷᠢᠬᠦᠨ ᠤ ᠬᠤᠪᠢ ᠬᠦᠮᠤᠨ︾᠂ 2019 ᠤᠨ ᠳᠤ ︽ᠪᠦᠬᠦ ᠤᠯᠤᠰ ᠤᠨ ᠦᠨᠳᠦᠰᠦᠳᠡᠨ ᠤ ᠪᠦᠯᠬᠦᠮᠳᠡᠯ ᠳᠠᠪᠰᠢᠯᠳᠡ ᠶᠢᠨ ᠵᠢᠱᠢᠶᠡᠴᠢ︾᠂ 2020 ᠤᠨ ᠳᠤ ︽ᠬᠠᠮᠤᠬ ᠤᠨ ᠭᠤᠶᠤ ᠦᠨᠳᠦᠰᠦᠨ ᠱᠠᠳᠤᠨ ᠤ ᠤᠯᠤᠰ ᠳᠦᠷᠦ ᠶᠢᠨ ᠵᠦᠪᠯᠡᠯᠬᠡᠨ ᠤ ᠬᠡᠰᠢᠬᠦᠨ︾᠎ ᠤ ᠢᠷᠠᠭᠤ ᠠᠯᠳᠠᠷ ᠢ ᠲᠤᠰ ᠲᠤᠰ ᠬᠦᠷᠳᠡᠭᠰᠡᠡ ᠪᠠᠶᠢᠨ᠎ᠠ᠃
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号