ᠦᠤᠰᠢᠨ ᠬᠤᠰᠢᠭᠤ ᠮᠠᠯᠴᠢᠳ ᠲᠤ 2250 ᠲᠤᠨ ᠮᠠᠯ ᠤᠨ ᠲᠡᠵᠢᠭᠡᠯ ᠪᠤᠷᠳᠤᠭ᠎ᠠ ᠲᠦᠭᠡᠭᠡᠯ᠎ᠠ
ᠨᠡᠶᠢᠲᠡᠯᠡᠭᠰᠡᠨ ᠴᠠᠭ᠄
2021/9/16
     ᠭᠠᠯᠠᠭᠤᠳᠤ ᠶᠢᠨ ᠮᠡᠳᠡᠭᠡ ᠥᠢᠷ᠎ᠠ ᠶᠢᠨ ᠡᠳᠤᠷ ᠤᠳ ᠲᠤ ᠦᠤᠰᠢᠨ ᠬᠤᠰᠢᠭᠤᠨ ᠤ ᠮᠠᠯ ᠲᠠᠷᠢᠶᠠᠯᠠᠩ ᠤᠨ ᠮᠡᠷᠭᠡᠵᠢᠯ ᠢ ᠲᠦᠭᠡᠮᠡᠯᠵᠢᠭᠦᠯᠬᠦ ᠲᠦᠪ ᠤᠨ ᠮᠠᠯ ᠠᠵᠦ ᠠᠬᠤᠢ ᠶᠢᠨ ᠮᠡᠷᠭᠡᠵᠢᠯ ᠤᠨ ᠰᠠᠯᠠᠭ᠎ᠠ ᠶᠢᠨ ᠬᠢᠨ ᠮᠠᠯᠴᠢᠳ ᠲᠤ 2250 ᠲᠤᠨ ᠲᠡᠵᠢᠭᠡᠯ ᠪᠤᠷᠳᠤᠭ᠎ᠠ ᠲᠦᠭᠡᠭᠡᠪᠡ᠃      ᠰᠤᠷᠪᠤᠯᠵᠢᠯᠠᠭᠴᠢ ᠰᠦᠯᠳᠡ ᠰᠤᠮᠤᠨ ᠤ ᠲᠦᠩᠽᠢ ᠭᠠᠴᠠᠭᠠᠨ ᠳᠤ ᠭᠥᠷᠭᠦ ᠳᠤ 150 ᠲᠤᠨ ᠮᠠᠯ ᠤᠨ ᠲᠡᠵᠢᠭᠡᠯ ᠪᠤᠷᠳᠤᠭ᠎ᠠ ᠨᠢᠭᠡᠨᠳᠠ ᠪᠠᠭᠤᠵᠦ᠂ ᠭᠠᠴᠠᠭᠠᠨ ᠤ ᠤᠷᠳᠤᠰ ᠤᠨ ᠨᠠᠷᠢᠨ ᠨᠤᠤᠰᠤᠳᠤ ᠬᠤᠨᠢ ᠮᠠᠯᠵᠢᠵᠦ ᠪᠠᠶᠢᠭ᠎ᠠ ᠮᠠᠯᠴᠢᠳ ᠲᠦᠯᠵᠢᠬᠦ ᠬᠤᠨᠢᠨ ᠤ ᠲᠤᠭ᠎ᠠ ᠪᠠᠷ ᠲᠡᠵᠢᠭᠡᠯ ᠪᠤᠷᠳᠤᠭ᠎ᠠ ᠰᠠᠪᠠᠯᠠᠨ ᠶᠠᠭᠠᠷᠠᠵᠦ ᠪᠠᠶᠢᠯ᠎ᠠ᠃      ᠦᠤᠰᠢᠨ ᠬᠤᠰᠢᠭᠤ 2017 ᠤᠨ ᠳᠤ ᠬᠡᠭᠡᠯᠳᠦᠭᠦᠯᠬᠦ ᠠᠴᠠ ᠡᠮᠦᠨ᠎ᠠ ᠬᠤᠶᠢᠨᠠᠬᠢ ᠡᠮ᠎ᠠ ᠬᠤᠨᠢᠨ ᠤ ᠬᠦᠴᠦ ᠲᠠᠷᠭᠤ ᠨᠢ ᠢᠬᠡᠷ᠎ᠠ ᠬᠤᠷᠠᠭ᠎ᠠ ᠲᠦᠯᠯᠡᠬᠦ ᠳᠤ ᠵᠠᠩᠬᠢᠯᠠᠭ᠎ᠠ ᠶᠢᠨ ᠦᠢᠯᠡᠳᠦᠯ ᠲᠠᠢ ᠭᠡᠰᠡᠨ ᠳ᠋ᠦᠩᠨᠡᠯᠲᠡ ᠶᠢ ᠤᠯᠵᠦ᠂ ᠡᠨᠡ ᠦᠷ᠎ᠠ ᠪᠦᠳᠦᠮᠵᠢ ᠪᠠᠨ ᠨᠡᠩ ᠪᠠᠳᠤᠳᠬᠠᠬᠤ ᠶᠢᠨ ᠲᠦᠯᠦᠭᠡ ᠵᠢᠯ ᠪᠤᠯᠭᠠᠨ ᠮᠠᠯᠴᠢᠳ ᠲᠠᠢ ᠭᠡᠷ᠎ᠠ ᠲᠤᠭᠳᠠᠨ ᠢᠬᠡᠷᠡᠯᠡᠭᠦᠯᠬᠦ ᠰᠢᠮ᠎ᠠ ᠲᠡᠵᠢᠭᠡᠯᠳᠤ ᠪᠤᠷᠳᠤᠭ᠎ᠠ ᠲᠦᠭᠡᠭᠡᠳᠡᠭ ᠪᠠᠶᠢᠨ᠎ᠠ᠃ ᠡᠨᠡ ᠵᠢᠯ ᠦᠤᠰᠢᠨ ᠬᠤᠰᠢᠭᠤᠨ ᠤ ᠮᠠᠯ ᠲᠠᠷᠢᠶᠠᠯᠠᠩ ᠤᠨ ᠮᠡᠷᠭᠡᠵᠢᠯ ᠢ ᠲᠦᠭᠡᠮᠡᠯᠵᠢᠭᠦᠯᠬᠦ ᠲᠦᠪ ᠤᠨ ᠬᠢᠨ ᠦᠷᠭᠦᠯᠵᠢᠯᠠᠨ 15 ᠭᠠᠴᠠᠭ᠎ᠠ ᠲᠤᠰᠬᠤᠨ ᠤ ᠮᠠᠯᠴᠢᠳ ᠤᠨ 75000 ᠲᠤᠯᠤᠭᠠᠢ ᠤᠷᠳᠤᠰ ᠤᠨ ᠨᠠᠷᠢᠨ ᠨᠤᠤᠰᠤᠳᠤ ᠬᠤᠨᠢᠨ ᠳᠤ 2250 ᠲᠤᠨ ᠲᠡᠵᠢᠭᠡᠯ ᠪᠤᠷᠳᠤᠭ᠎ᠠ ᠶᠢ ᠲᠦᠭᠡᠭᠡᠬᠦ ᠪᠠᠷ ᠪᠤᠢ᠃
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号