ᠰᠤᠳᠤᠨ ᠪᠠᠭᠰᠢ ᠶᠢᠨ ᠭᠠᠷᠮᠠᠭᠠᠢ ᠵᠢᠳᠭᠦᠯ
ᠨᠡᠶᠢᠲᠡᠯᠡᠭᠰᠡᠨ ᠴᠠᠭ᠄
2021/9/17
     ᠰᠦᠯᠳᠡ ᠰᠣᠮᠣᠨ ᠤ ᠱᠠᠷᠯᠢᠭ ᠭᠤᠤᠯᠳᠠᠯᠭᠠᠳᠤ ᠪᠠᠭ᠎ᠠ ᠰᠣᠷᠭᠠᠭᠤᠯᠢ ᠶᠢᠨ ᠵᠢ᠊ · ᠣᠶᠣᠨᠳᠠᠯᠠᠢ ᠪᠠᠭᠰᠢ ᠶᠢ ᠬᠡᠯᠡᠪᠡᠯ ᠰᠣᠷᠭᠠᠭᠤᠯᠢ᠂ ᠰᠣᠮᠣ᠂ ᠳᠠᠷᠡᠴᠢᠯᠡᠨ ᠰᠣᠷᠭᠠᠨ ᠬᠦᠮᠦᠵᠢᠯ ᠤᠨ ᠬᠦᠷᠢᠶ᠎ᠡ ᠴᠠᠷᠠᠭᠠᠨ ᠳᠤ ᠳᠠᠨᠢᠬᠤ ᠦᠬᠡᠢ ᠬᠦᠮᠦᠨ ᠭᠡᠵᠤ ᠪᠠᠷᠤᠭ ᠪᠠᠶᠢᠬᠤ ᠦᠬᠡᠢ᠃ ᠣᠴᠢᠷ ᠨᠢ ᠵᠢ᠊ · ᠣᠶᠣᠨᠳᠠᠯᠠᠢ ᠪᠠᠭᠰᠢ ᠮᠠᠨᠢ ᠰᠣᠷᠭᠠᠨ ᠬᠦᠮᠦᠵᠢᠯ ᠤᠨ ᠹᠷᠣᠨᠲ ᠲᠡᠭᠡᠷᠡᠬᠢ ᠲᠦᠴᠢᠨ ᠵᠢᠯ ᠤᠨ ᠬᠤᠭᠤᠴᠠᠭᠠᠨ ᠳᠠᠭᠠᠨ ᠮᠠᠰᠢ ᠠᠷᠪᠢᠨ ᠣᠳᠬ᠎ᠠ ᠠᠭᠤᠯᠭ᠎ᠠ ᠲᠠᠢ ᠵᠣᠬᠢᠶᠠᠨ ᠪᠦᠳᠦᠬᠡᠯᠬᠡ ᠬᠢᠭᠰᠡᠨ ᠢᠶᠠᠷ ᠪᠠᠷᠠᠬᠤ ᠦᠬᠡᠢ ᠠᠵᠢᠯ ᠦᠢᠯᠡᠰ ᠲᠡᠭᠡᠨ ᠬᠢᠨᠠᠮᠠᠭᠠᠢ ᠬᠠᠨᠳᠤᠨ ᠭᠠᠷᠠᠮᠠᠭᠠᠢᠢᠯᠠᠨ ᠠᠵᠢᠯᠯᠠᠵᠦ᠂ ᠶᠠᠮᠡᠷ ᠴᠦ ᠬᠦᠮᠦᠨ᠂ ᠣᠴᠢᠷ ᠶᠠᠪᠣᠳᠠᠯ ᠳᠤ ᠬᠠᠯᠠᠭᠤᠮᠰᠤᠭ ᠢᠶᠠᠷ ᠬᠠᠨᠳᠤᠨ᠂ ᠢᠳᠡᠪᠬᠢᠳᠡᠢ ᠠᠵᠢᠯᠯᠠᠳᠠᠭ ᠢᠶᠠᠷ ᠢᠶᠠᠨ ᠣᠯᠠᠨ ᠳᠠᠶᠠᠭᠠᠷ ᠲᠤ ᠳᠠᠨᠢᠭᠳᠠᠭᠰᠠᠨ ᠠᠵᠢ᠃      ᠵᠢ᠊ · ᠣᠶᠣᠨᠳᠠᠯᠠᠢ ᠪᠠᠭᠰᠢ 1961 ᠣᠨ ᠳᠤ ᠰᠦᠯᠳᠡ ᠰᠣᠮᠣᠨ ᠤ ᠴᠣᠣᠳᠠᠢ ᠭᠠᠴᠠᠭᠠᠨ ᠤ ᠮᠠᠯᠴᠢᠨ ᠬᠠᠷᠬᠠᠳᠠᠨ ᠬᠠᠷᠢᠶᠠᠨ ᠤ ᠵᠢᠷᠤᠮᠯᠠᠯᠳᠤ᠂ ᠰᠢᠷ᠎ᠠ ᠶᠢᠨ ᠤᠤᠭᠠᠨ ᠬᠦᠪᠡᠬᠦᠨ ᠪᠤᠯᠤᠨ ᠵᠠᠶᠠᠭᠠᠪᠠ᠃ 1980 ᠣᠨ ᠳᠤ ᠠᠷᠠᠳ ᠤᠨ ᠪᠠᠭᠰᠢ ᠪᠣᠯᠣᠭᠰᠠᠨ ᠠᠴᠠ ᠪᠠᠨ ᠡᠬᠢᠯᠡᠬᠡᠳ ᠱᠠᠷᠯᠢᠭ ᠰᠣᠮᠣᠨ ᠤ ᠴᠣᠣᠳᠠᠢ ᠭᠠᠴᠠᠭ᠎ᠠ᠂ ᠴᠠᠮᠬᠠᠭ ᠭᠠᠴᠠᠭᠠᠨ ᠤ ᠠᠷᠠᠳ ᠤᠨ ᠰᠣᠷᠭᠠᠭᠤᠯᠢ ᠳᠤ ᠳᠣᠭᠤᠢ ᠳᠡᠷᠬᠡ ᠪᠠᠨ ᠣᠨᠣᠨ ᠨᠣᠳᠤᠭ ᠤᠨ ᠵᠠᠮ ᠢ ᠡᠯᠡᠬᠡᠵᠦ᠂ ᠰᠣᠷᠣᠭᠴᠢ ᠶᠢᠨ ᠬᠢᠴᠢᠶᠡᠯ ᠵᠢᠯᠣᠭᠤᠳᠴᠦ ᠣᠷᠢ ᠵᠠᠯᠠᠭᠤ ᠨᠠᠰᠣ ᠪᠠᠨ ᠦᠷᠡᠬᠡᠵᠦ ᠶᠠᠪᠣᠵᠠᠢ᠃ ᠲᠡᠷᠡ ᠤᠯᠠᠮᠵᠢᠯᠠᠯᠳᠤ ᠨᠡᠬᠦᠳᠡᠯ ᠮᠠᠯᠵᠢᠯ ᠤᠨ ᠰᠤᠶᠤᠯ ᠮᠠᠨᠢ ᠴᠦ ᠬᠤᠳᠠᠵᠢᠬᠤ᠂ ᠠᠵᠤ ᠦᠢᠯᠡᠳᠪᠦᠷᠢᠵᠢᠬᠦ᠂ ᠲᠡᠯᠡᠭᠡᠶᠢᠵᠢᠬᠦ ᠶᠡᠭᠡ ᠤᠷᠤᠰᠬᠠᠯ ᠤᠨ ᠬᠦᠯ ᠲᠤᠭᠤᠰᠤᠨ ᠳᠤ ᠪᠤᠯᠠᠭᠳᠠᠨ᠂ ᠡᠳᠦᠷ ᠢᠷᠡᠬᠦᠶ᠎ᠡ ᠪᠠᠯᠠᠷᠬᠠᠶᠢᠰᠢᠵᠤ᠂ ᠠᠶᠤᠯ ᠲᠦᠭᠰᠢᠭᠦᠷᠢ ᠳᠤ ᠤᠴᠠᠷᠠᠵᠦ ᠪᠠᠶᠢᠭ᠎ᠠ ᠪᠠᠶᠢᠳᠠᠯ ᠢ ᠰᠡᠷᠭᠡᠭ ᠬᠢᠷᠠᠬᠠᠢ ᠠᠵᠢᠵᠤ ᠮᠡᠳᠡᠵᠡᠢ᠃ ᠳᠡᠭᠡᠭᠡᠳ ᠲᠡᠷᠡ ︽ᠲᠠᠯ᠎ᠠ ᠶᠢᠨ ᠡᠷᠳᠡᠨᠢ — ᠲᠠᠪᠤᠨ ᠬᠤᠰᠢᠭᠤ ᠮᠠᠯ︾᠂ ︽ᠨᠡᠬᠦᠳᠡᠯ ᠠᠮᠢᠳᠤᠷᠠᠯ ᠤᠨ ᠭᠡᠷ ᠤᠨ ᠡᠳ᠋ᠯᠡᠯ ᠭᠡᠷᠡᠭᠰᠡᠯ︾᠂ ︽ᠨᠡᠬᠦᠳᠡᠯ ᠠᠮᠢᠳᠣᠷᠠᠯ ᠤᠨ ᠬᠤᠭᠤᠯᠠ ᠬᠦᠨᠡᠰᠣ︾᠂ ︽ᠤᠯᠠᠮᠵᠢᠯᠠᠯᠳᠤ ᠰᠢᠬᠦᠰᠦ ᠲᠠᠯᠪᠢᠬᠤ ᠶᠤᠰᠤᠨ︾ ᠵᠡᠷᠭᠡ ᠰᠤᠷᠭᠠᠭᠤᠯᠢ ᠶᠢᠨ ᠬᠢᠴᠢᠶᠡᠯ ᠤᠨ ᠰᠣᠷᠬᠤ ᠪᠢᠴᠢᠭ ᠢ ᠬᠢᠮᠠᠭᠠᠳᠠᠨ ᠨᠠᠶᠢᠷᠠᠭᠤᠯᠤᠨ ᠭᠡᠪᠯᠡᠬᠦᠯᠵᠤ ᠠᠰᠢᠭᠯᠠᠯᠳᠠ ᠳᠤ ᠤᠷᠤᠭᠤᠯᠤᠭᠰᠠᠨ ᠪᠠ ᠡᠳᠡᠭᠡᠷ ᠨᠤᠮ ᠤᠳ ᠨᠢ ᠭᠡᠷᠡᠯ ᠵᠢᠷᠤᠭ ᠢᠶᠠᠷ ᠭᠤᠤᠯᠳᠠᠯᠭ᠎ᠠ ᠪᠤᠯᠭᠠᠵᠤ᠂ ᠵᠢᠷᠤᠭ ᠲᠠᠶᠢᠯᠪᠤᠷᠢ ᠶᠢ ᠤᠷᠭᠠᠨᠢᠭ ᠬᠠᠪᠰᠤᠷᠭᠠᠭᠰᠠᠨ ᠮᠦᠷᠳᠡᠭᠡᠨ ᠬᠠᠷᠠᠭᠠᠯᠵᠠᠭᠰᠠᠨ ᠰᠤᠷᠭᠠᠯ ᠦᠭᠡ᠂ ᠵᠦᠢᠷ ᠰᠡᠴᠡᠨ ᠦᠭᠡ᠂ ᠢᠷᠦᠭᠡᠯ ᠮᠠᠭᠳᠠᠭᠠᠯ᠂ ᠤᠨᠢᠰᠤᠭ᠎ᠠ᠂ ᠴᠡᠭᠡᠷ ᠶᠤᠰᠤᠨ᠂ ᠠᠨᠠᠭᠠᠬᠤ ᠤᠬᠠᠭᠠᠨ ᠤ ᠶᠡᠷᠦ ᠶᠢᠨ ᠮᠡᠳᠡᠯᠭᠡ ᠨᠦᠭᠦᠳ ᠢ ᠲᠤᠪᠴᠢ ᠠᠪᠰᠠᠷᠬᠠᠨ ᠤᠶᠠᠯᠳᠤᠭᠤᠯᠤᠭᠰᠠᠨ ᠠᠴᠠ ᠤᠩᠰᠢᠬᠤ ᠳᠤ ᠪᠠᠭ᠋ᠠᠳᠠᠢ᠂ ᠤᠶᠢᠯᠠᠭᠠᠬᠤ ᠳᠤ ᠬᠢᠯᠪᠠᠷ᠂ ᠵᠢᠭᠠᠬᠤ ᠰᠤᠷᠬᠤ ᠳᠤ ᠬᠤᠪᠤᠷᠬᠠᠨ ᠮᠠᠲ᠋ᠧᠷᠢᠶᠠᠯ ᠪᠤᠯᠵᠤ ᠴᠢᠳᠠᠭᠰᠠᠨ ᠪᠠᠶᠢᠨ᠎ᠠ᠃      ᠰᠣᠳᠣᠯᠭ᠎ᠠ ᠰᠢᠨᠵᠢᠯᠡᠭᠡ ᠬᠡᠪᠡᠯ ᠰᠢᠬᠢᠳᠦᠬᠡᠳ ᠣᠷᠣᠳᠠᠭ ᠲᠡᠷᠡ ᠬᠡᠣᠬᠡᠳ ᠤᠳ ᠤᠨ ᠮᠣᠩᠭᠤᠯ ᠬᠡᠯᠡᠨ ᠤ ᠴᠠᠭᠠᠨ ᠳᠣᠯᠣᠭᠠᠢ ᠶᠢᠨ ᠬᠤᠪᠢᠷᠠᠯ ᠢ ᠴᠡᠭᠡᠵᠢᠯᠡᠬᠦ ᠳᠤ ᠬᠦᠴᠢᠷᠳᠡᠵᠦ ᠪᠠᠶᠢᠭ᠎ᠠ ᠪᠠᠶᠢᠳᠠᠯ ᠢ ᠣᠯᠵᠦ ᠮᠡᠳᠡᠬᠡᠳ 6 ᠵᠢᠯ ᠤᠨ ᠬᠤᠭᠤᠴᠠᠭ᠎ᠠ ᠵᠠᠷᠣᠴᠠᠭᠤᠯᠵᠦ ᠪᠠᠶᠢᠭᠠᠳ ︽ᠮᠤᠩᠭᠤᠯ ᠴᠠᠭᠠᠨ ᠲᠤᠯᠤᠭᠠᠢ ᠶᠢᠨ ᠬᠦᠵᠦᠷ︾ ︵64 ᠭᠡᠰᠡᠭ︶᠎ ᠢ ᠵᠣᠬᠢᠶᠠᠭᠠᠳ ᠪᠠᠭ᠎ᠠ ᠰᠣᠷᠭᠠᠭᠤᠯᠢ ᠶᠢᠨ ᠰᠤᠷᠤᠭᠴᠢᠳ ᠤᠨ ᠮᠤᠩᠭᠤᠯ ᠭᠡᠯᠡᠨ ᠤ ᠴᠠᠭᠠᠨ ᠳᠣᠯᠣᠭᠠᠢ ᠪᠠᠨ ᠡᠵᠡᠮᠰᠢᠬᠦ ᠳᠤ ᠪᠠᠳᠣᠳᠠᠢ ᠰᠠᠭᠤᠷᠢ ᠶᠢ ᠳᠠᠯᠪᠢᠵᠠᠢ᠃᠂ ᠬᠦᠵᠦᠷ ᠳᠣᠭᠯᠠᠬᠤ ᠶᠢᠨ ᠳᠠᠭᠠᠣ ᠴᠠᠭᠠᠨ ᠳᠣᠯᠣᠭᠠᠢ ᠳᠤ ᠴᠠᠭᠠᠷᠠᠭᠰᠠᠨ ᠬᠡᠣᠬᠡᠳ ᠤᠳ ᠬᠡᠯᠡ ᠪᠢᠴᠢᠭ ᠢᠶᠠᠨ ᠴᠤ ᠰᠠᠶᠢᠨ ᠰᠤᠷᠴᠤ ᠴᠢᠳᠠᠭᠰᠠᠨ ᠪᠠᠶᠢᠨ᠎ᠠ᠃ ᠬᠡᠯᠡ ᠪᠢᠴᠢᠭ ᠤᠨ ᠪᠠᠭᠰᠢ ᠪᠤᠯᠤᠭᠰᠠᠨ ᠤ ᠬᠤᠪᠢ ᠳᠤ ᠲᠡᠷᠡ ᠮᠠᠨᠢ ᠠᠯᠢ ᠳᠠᠯ᠎ᠠ ᠪᠠᠷ ᠴᠦ ᠨᠠᠷᠢᠨ ᠠᠵᠢᠭᠯᠠᠵᠦ᠂ ᠰᠣᠷᠣᠭᠴᠢᠳ ᠲᠠᠭᠠᠨ ᠰᠢᠯᠦᠭ ᠨᠠᠶᠢᠷᠠᠭ ᠢ ᠬᠡᠷᠬᠢᠨ ᠰᠡᠳᠬᠢᠯᠬᠡ ᠲᠠᠢ ᠣᠩᠰᠢᠬᠤ᠂ ᠳᠠᠶᠢᠰᠠᠨ ᠳᠤ ᠭᠠᠷᠬᠤ ᠳᠤ ᠬᠡᠷᠬᠢᠨ ᠠᠯᠬᠤᠬᠤ᠂ ᠬᠠᠷᠠᠴᠠ ᠪᠠᠨ ᠬᠡᠷᠬᠢᠨ ᠳᠣᠭᠳᠠᠭᠠᠬᠤ ᠳᠣᠬᠠᠢ ᠠᠷᠪᠢᠨ ᠳᠠᠯ᠎ᠠ ᠪᠠᠷ ᠵᠢᠭᠠᠨ ᠰᠣᠷᠭᠠᠵᠦ ᠪᠠᠶᠢᠭᠰᠠᠨ ᠪᠣᠯᠬᠤᠷ ᠡᠳᠦᠬᠡ ᠳᠡᠬᠦᠨ ᠤ ᠨᠡᠯᠢᠶᠡᠳ ᠬᠡᠳᠣᠨ ᠰᠣᠷᠣᠭᠴᠢ ᠨᠢ ᠬᠦᠳᠦᠯᠦᠭᠴᠢ ᠨᠡᠪᠳᠡᠷᠡᠬᠦᠯᠦᠭᠴᠢ ᠶᠢᠨ ᠠᠵᠢᠯ ᠢ ᠬᠢᠵᠦ ᠪᠣᠢ᠃ ᠡᠳᠡᠭᠡᠷ ᠢ ᠲᠡᠷᠡ ᠬᠢᠴᠢᠶᠠᠯ ᠬᠦᠮᠦᠵᠢᠯ ᠤᠨ ᠠᠵᠢᠯ ᠢ ᠤᠳᠠᠭᠠᠨ ᠵᠢᠯ ᠬᠢᠬᠦ ᠶᠠᠪᠤᠴᠠ ᠳᠠᠭᠠᠨ ᠵᠦᠪᠬᠡᠨ ᠳᠠᠭᠠᠭᠠᠵᠦ ᠠᠪᠣᠭᠰᠠᠨ ᠠᠩᠬᠢ ᠨᠤᠭᠤᠳ ᠲᠠᠭᠠᠨ ᠦᠷᠨᠢᠭᠦᠯᠬᠦ ᠪᠢᠰᠢ᠂ ᠬᠠᠷᠢᠨ ᠨᠠᠩ ᠦᠷᠬᠡᠨ ᠬᠡᠪᠴᠢᠶ᠎ᠠ ᠪᠠᠷ ᠦᠷᠨᠢᠭᠦᠯᠬᠦ ᠬᠡᠷᠡᠭᠳᠡᠢ ᠬᠡᠰᠡᠨ ᠢ ᠰᠠᠷᠠᠵᠦ ᠮᠡᠳᠡᠬᠡᠳ ᠰᠣᠷᠭᠠᠭᠤᠯᠢ ᠶᠢᠨ ᠢᠶᠠᠨ ᠮᠦᠽᠸᠢ ᠳᠤ ᠳᠠᠪᠣᠨ ᠬᠤᠰᠢᠭᠤ ᠮᠠᠯ ᠤᠨ ᠠᠷᠤᠭ ᠶᠠᠰᠣ ᠶᠢ ᠱᠤᠭᠤᠵᠦ᠂ ᠡᠳᠦᠬᠡ ᠪᠣᠯᠳᠠᠯ᠎ᠠ ᠪᠦᠬᠦ ᠰᠣᠷᠭᠠᠭᠤᠯᠢ᠂ ᠲᠡᠷᠡᠴᠢᠯᠠᠨ ᠪᠣᠰᠣᠳ ᠰᠣᠷᠭᠠᠭᠤᠯᠢ ᠶᠢᠨ ᠰᠣᠷᠣᠭᠴᠢᠳ ᠤᠨ ᠰᠣᠷᠣᠯᠴᠠᠵᠦ ᠰᠣᠳᠣᠯᠬᠤ ᠪᠣᠷᠣ ᠮᠠᠲ᠋ᠧᠷᠢᠶᠠᠯ ᠪᠣᠯᠵᠦ ᠪᠣᠢ᠃ ᠳᠡᠬᠦᠨ ᠤ ᠡᠬᠦᠳᠣᠨ ᠪᠦᠳᠦᠬᠡᠭᠰᠡᠨ ᠬᠦᠵᠦᠷ᠂ ᠳᠠᠪᠣᠨ ᠬᠤᠰᠢᠭᠤ ᠮᠠᠯ ᠤᠨ ᠶᠠᠰᠣᠨ ᠱᠣᠭᠤᠮᠠᠯ ᠵᠡᠷᠭᠡ ᠨᠢ ᠪᠦᠬᠦ ᠣᠷᠣᠨ ᠳᠤ ᠠᠩᠬᠠᠨ ᠤ ᠪᠦᠳᠦᠬᠡᠯ ᠪᠣᠯᠵᠦ᠂ ᠨᠡᠬᠦᠳᠡᠯ ᠰᠣᠶᠣᠯ ᠤᠨ ᠳᠣᠬᠠᠢ ᠰᠣᠷᠬᠤ ᠮᠠᠲ᠋ᠧᠷᠢᠶᠠᠯ ᠨᠢ ᠣᠷᠣᠨ ᠤ ᠰᠣᠷᠭᠠᠨ ᠬᠦᠮᠦᠵᠢᠯ ᠤᠨ ᠲᠢᠩᠬᠢᠮ ᠤᠨ ᠰᠠᠶᠢᠰᠢᠶᠠᠯ ᠬᠦᠬᠢᠬᠦᠯᠦᠯ ᠢ ᠬᠦᠷᠳᠡᠭᠰᠡᠨ ᠪᠠᠶᠢᠨ᠎ᠠ᠃      40 ᠵᠢᠯ ᠤᠨ ᠰᠢᠷᠭᠠᠭᠤ ᠬᠠᠳᠠᠭᠤᠵᠢᠯᠳᠠᠢ ᠴᠢᠷᠮᠠᠶᠢᠯᠭ᠎ᠠ ᠭᠢᠭᠡᠳ ᠴᠢᠯᠦᠬᠡᠨ ᠬᠤᠭᠤᠴᠠᠭ᠎ᠠ᠂ ᠭᠠᠷᠠᠭ ᠤᠨ ᠰᠡᠬᠦᠯᠴᠢ᠂ ᠦᠷᠯᠦᠭᠡ ᠦᠳᠡᠰᠢ ᠶᠢᠨ ᠠᠮᠠᠷᠠᠯᠳᠠ ᠪᠠᠨ ᠠᠰᠢᠭᠯᠠᠵᠤ ᠪᠠᠶᠢᠭᠠᠳ ᠪᠦᠳᠦᠬᠡᠵᠦ ᠭᠠᠷᠭᠠᠭᠰᠠᠨ ᠲᠡᠬᠦᠨ ᠤ ᠡᠳᠡᠭᠡᠷ ᠬᠢᠯᠠᠯᠵᠠᠮ᠎ᠠ ᠦᠷ᠎ᠠ ᠪᠦᠳᠦᠮᠵᠢ ᠨᠢ ᠣᠯᠠᠨ ᠲᠦᠮᠡᠨ ᠤ ᠪᠠᠭ᠋ᠠᠷᠬᠠᠯ ᠪᠠ ᠬᠠᠮᠢᠶ᠎ᠠ ᠪᠦᠬᠦᠢ ᠳᠡᠬᠡᠳᠣ ᠱᠠᠳᠣᠨ ᠤ ᠱᠠᠩᠨᠠᠯ ᠬᠦᠬᠢᠬᠦᠯᠦᠯ ᠢ ᠣᠯᠠᠨᠳᠠ ᠲᠤᠰᠴᠠᠢ᠃ ᠲᠤᠬᠠᠶᠢᠯᠠᠪᠠᠯ 1999 ᠣᠨ ᠳᠤ ᠲᠦᠪ ᠤᠨ ᠰᠣᠷᠭᠠᠨ ᠬᠦᠮᠦᠵᠢᠯ ᠤᠨ ᠶᠠᠮᠣᠨ ᠤ ︽ᠯᠠ ᠶᠢᠨ ᠬᠡᠷᠡᠯ︾ ᠱᠠᠩᠨᠠᠯ᠂ 2017 ᠣᠨ ᠳᠤ ᠲᠦᠪ ᠤᠨ ᠰᠣᠷᠭᠠᠨ ᠬᠦᠮᠦᠵᠢᠯ ᠤᠨ ᠶᠠᠮᠣᠨ ᠤ ᠬᠦᠳᠡᠭᠡ ᠳᠣᠰᠬᠤᠨ ᠤ ᠰᠣᠷᠭᠠᠨ ᠬᠦᠮᠦᠵᠢᠯ ᠤᠨ ᠦᠢᠯᠡᠰ ᠲᠤ ᠨᠦᠷᠢ ᠵᠢᠳᠬᠦᠯ ᠭᠠᠷᠭᠠᠭᠰᠠᠨ ᠱᠠᠩᠨᠠᠯ ᠢ ᠳᠣᠰᠣᠭᠰᠠᠨ ᠪᠠ ︽ᠲᠠᠯ᠎ᠠ ᠶᠢᠨ ᠡᠷᠳᠡᠨᠢ — ᠲᠠᠪᠤᠨ ᠬᠤᠰᠢᠭᠤ ᠮᠠᠯ︾ ᠨᠤᠮ ᠨᠢ 2018 ᠤᠨ ᠳᠤ ᠪᠦᠬᠦ ᠤᠷᠤᠨ ᠤ ᠲᠤᠯᠤᠳᠤᠭᠠᠷ ᠬᠤᠭᠤᠴᠠᠭᠠᠨ ᠤ ᠦᠨᠳᠤᠰᠤᠳᠡᠨ ᠤ ᠰᠤᠷᠭᠠᠨ ᠬᠦᠮᠦᠵᠢᠯ ᠤᠨ ᠡᠷᠳᠡᠮ ᠰᠢᠨᠵᠢᠯᠡᠭᠡᠨ ᠤ ᠰᠢᠯᠢᠳᠡᠭ ᠪᠦᠳᠦᠭᠡᠯ ᠤᠨ ᠰᠢᠯᠭᠠᠷᠠᠭᠤᠯᠤᠯᠳᠠ ᠳᠤ ᠨᠢᠭᠡᠳᠦᠭᠡᠷ ᠲᠡᠰ ᠲᠤ ᠲᠤᠳᠤᠷᠠᠭᠰᠠᠨ ᠪᠠᠶᠢᠨ᠎ᠠ᠃      40 ᠵᠢᠯ ᠤᠨ ᠲᠤᠷᠰᠢ ᠰᠣᠷᠭᠠᠨ ᠬᠦᠮᠦᠵᠢᠯ ᠤᠨ ᠠᠵᠢᠯ ᠳᠤ ᠰᠢᠭᠤᠷᠬᠠᠢᠢᠯᠠᠵᠤ ᠠᠮᠵᠢᠯᠳᠠ ᠪᠦᠳᠦᠬᠡᠯ ᠭᠠᠷᠭᠠᠭᠰᠠᠨ ᠤ ᠠᠷᠭ᠎ᠠ ᠳᠡᠮ ᠨᠢ ᠬᠠᠮᠢᠭ᠎ᠠ ᠪᠠᠶᠢᠨ᠎ᠠ ᠪᠣᠢ︖ ᠬᠡᠵᠦ ᠳᠡᠬᠦᠨ ᠠᠴᠠ ᠠᠰᠠᠭᠤᠬᠤ ᠳᠤ ᠲᠡᠷᠡ᠄ ︽ᠨᠢᠭᠡ ᠳᠤ᠂ ᠬᠢᠭᠰᠡᠨ ᠠᠵᠢᠯ ᠳᠠᠭᠠᠨ ᠬᠡᠮᠵᠢᠶᠡᠯᠡᠰᠢ ᠦᠬᠡᠢ ᠬᠠᠶᠢᠷᠠᠳᠠᠢ ᠪᠠᠶᠢᠬᠤ ᠬᠡᠷᠡᠭᠳᠡᠢ᠃ ᠬᠤᠶᠠᠷ ᠲᠤ᠂ ᠵᠣᠷᠢᠭᠰᠠᠨ ᠬᠠᠷᠠᠯᠳᠠ ᠦᠭᠡᠳᠡ ᠪᠠᠨ ᠵᠣᠭᠰᠣᠰᠢ ᠦᠬᠡᠢ ᠵᠢᠳᠬᠦᠬᠦ ᠬᠡᠷᠡᠭᠳᠡᠢ᠃ ᠭᠤᠷᠪᠠ ᠳᠤ᠂ ᠦᠪᠡᠷ ᠤᠨ ᠪᠡᠶ᠎ᠡ ᠳᠡᠭᠡᠨ ᠦᠷᠬᠦᠯᠵᠢ ᠢᠳᠡᠭᠡᠯ ᠲᠡᠬᠦᠯᠳᠡᠷ ᠪᠠᠶᠢᠬᠤ ᠭᠡᠷᠡᠭᠳᠡᠢ︾ ᠬᠡᠵᠦ ᠪᠢᠳᠠᠨ ᠳᠤ ᠶᠠᠷᠢᠯ᠎ᠠ᠃      ︽ᠰᠤᠷᠭᠠᠨ ᠬᠥᠮᠦᠵᠢᠯ ᠮᠠᠨᠳᠤᠪᠠᠯ ᠤᠯᠤᠰ ᠣᠷᠣᠨ ᠮᠠᠨᠳᠤᠨ᠎ᠠ᠂ ᠰᠤᠷᠭᠠᠨ ᠬᠥᠮᠦᠵᠢᠯ ᠬᠦᠴᠦᠷᠬᠡᠭᠵᠢᠪᠡᠯ ᠤᠯᠤᠰ ᠣᠷᠣᠨ ᠬᠦᠴᠦᠷᠬᠡᠭᠵᠢᠨ᠎ᠡ︾ ᠬᠡᠳᠡᠭ ᠢᠶᠠᠷ ᠮᠠᠨ ᠤ ᠦᠨᠳᠣᠰᠣᠨ ᠱᠠᠳᠣᠨ ᠤ ᠰᠣᠷᠭᠠᠭᠤᠯᠢ ᠳᠤ ᠵᠢ᠊ · ᠣᠶᠣᠨᠳᠠᠯᠠᠢ ᠪᠠᠭᠰᠢ ᠮᠡᠳᠣ ᠶᠢᠨ ᠢᠢᠮᠦᠷᠬᠦᠦ ᠮᠠᠰᠢ ᠣᠯᠠᠨ ᠪᠠᠭᠰᠢ ᠣᠯᠣᠰ ᠣᠷᠣᠨ ᠤ ᠬᠦᠭᠵᠢᠨ ᠮᠠᠨᠳᠣᠯᠳᠠ ᠳᠤ ᠪᠠᠳᠣ ᠰᠠᠭᠤᠷᠢ ᠶᠢ ᠳᠠᠯᠪᠢᠵᠦ᠂ ᠦᠪᠡᠷ ᠤᠨ ᠠᠯᠢᠪᠠ ᠪᠠᠨ ᠬᠠᠷᠠᠮ ᠦᠭᠡᠢ ᠡᠷᠬᠦᠵᠤ ᠪᠠᠶᠢᠬᠤ ᠨᠢ ᠨᠡᠬᠡᠷᠡᠨ ᠮᠠᠭᠳᠠᠭᠤᠰᠢᠳᠠᠢ︕
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号