ᠪᠡᠶ᠎ᠡ ᠶᠢᠨ ᠦᠨᠡᠮᠯᠡᠯ ᠤᠨ ᠨᠤᠮᠧᠷ ᠵᠡᠷᠭᠡ ᠦᠨᠳᠦᠰᠦᠨ ᠪᠠᠶᠢᠳᠠᠯ ᠭᠠᠳᠠᠭᠰᠢ ᠵᠠᠳᠠᠷᠠᠬᠤ ᠠᠴᠠ ᠬᠡᠷᠬᠢᠨ ᠰᠡᠷᠭᠡᠶᠢᠯᠡᠬᠦ ᠪᠤᠢ
ᠨᠡᠶᠢᠲᠡᠯᠡᠭᠰᠡᠨ ᠴᠠᠭ᠄
2021/9/29
    ᠤᠶᠢᠷ᠎ᠠ ᠶᠢᠨ ᠵᠢᠯ ᠤᠳ ᠢᠶᠠᠷ᠂ ᠸᠢᠴᠠᠲ᠂ ᠰᠦᠯᠵᠢᠶ᠎ᠡ ᠪᠠᠷ ᠲᠠᠮᠵᠢᠨ ᠵᠤᠭᠤᠰ ᠮᠦᠩᠭᠦᠨ ᠤ ᠬᠠᠷᠢᠯᠴᠠᠭ᠎ᠠ ᠶᠠᠪᠤᠯᠴᠠᠭ᠎ᠠ ᠬᠢᠬᠦ ᠠᠵᠢᠯᠯᠠᠭ᠎ᠠ ᠶᠢᠨ ᠦᠷᠭᠡᠨ ᠬᠦᠭᠵᠢᠯᠳᠡ ᠶᠢ ᠲᠠᠭᠠᠯᠳᠤᠨ᠂ ᠬᠤᠪᠢ ᠬᠦᠮᠦᠨ ᠤ ᠪᠡᠶ᠎ᠡ ᠶᠢᠨ ᠦᠨᠡᠮᠯᠡᠯ ᠤᠨ ᠨᠤᠮᠧᠷ᠂ ᠪᠠᠩᠬᠢ ᠶᠢᠨ ᠺᠠᠷᠲ ᠶᠢᠨ ᠨᠤᠮᠧᠷ ᠵᠡᠷᠭᠡ ᠦᠨᠳᠦᠰᠦᠨ ᠪᠠᠶᠢᠳᠠᠯ ᠭᠠᠳᠠᠭᠰᠢ ᠵᠠᠳᠠᠷᠠᠵᠦ ᠬᠠᠤᠯᠢ ᠪᠤᠰᠤ ᠡᠳᠡᠭᠡᠳ ᠲᠤ ᠠᠰᠢᠭᠯᠠᠭᠳᠠᠵᠦ ᠪᠠᠶᠢᠭ᠎ᠠ ᠦᠵᠡᠭᠳᠡᠯ ᠶᠠᠪᠤᠬᠤ ᠲᠤᠰᠤᠮ ᠤᠯᠠᠰᠢᠷᠠᠵᠤ ᠪᠠᠶᠢᠨ᠎ᠠ᠃ ᠲᠤᠤᠷ᠎ᠠ ᠦᠪᠡᠷ ᠤᠨ ᠦᠨᠳᠦᠰᠦᠨ ᠪᠠᠶᠢᠳᠠᠯ ᠢᠶᠠᠨ ᠭᠠᠳᠠᠭᠰᠢ ᠵᠠᠳᠠᠷᠠᠬᠤ ᠠᠴᠠ ᠰᠡᠷᠭᠡᠶᠢᠯᠡᠬᠦ ᠲᠤᠬᠠᠶᠢᠳᠠᠢ ᠬᠡᠳᠦᠨ ᠠᠷᠭ᠎ᠠ ᠲᠡᠮ ᠢ ᠲᠠᠨᠢᠯᠴᠠᠭᠤᠯᠤᠶ᠎ᠠ︕     ᠨᠢᠭᠡ᠂ ᠪᠡᠶ᠎ᠡ ᠶᠢᠨ ᠦᠨᠡᠮᠯᠡᠯ ᠢᠶᠠᠨ ᠪᠢᠳᠡᠬᠡᠢ ᠲᠤᠷᠠᠪᠡᠷ ᠭᠠᠳᠠᠭᠰᠢ ᠵᠢᠭᠡᠯᠡᠭᠦᠯᠦᠭᠡᠷᠡᠢ᠂ ᠦᠪᠡᠷ ᠤᠨ ᠪᠡᠶ᠎ᠡ ᠶᠢᠨ ᠦᠨᠡᠮᠯᠡᠯ ᠢᠶᠠᠨ ᠪᠤᠰᠤᠳ ᠲᠤ ᠵᠢᠭᠡᠯᠡᠭᠦᠯᠵᠦ ᠦᠭᠬᠦ ᠨᠢ ᠦᠨᠡᠨᠳᠡᠭᠡᠨ ᠬᠠᠤᠯᠢ ᠠᠴᠠ ᠵᠦᠷᠢᠴᠡᠭᠰᠡᠨ ᠠᠵᠢᠯᠯᠠᠭ᠎ᠠ ᠪᠤᠯᠤᠨ᠎ᠠ᠃     ᠬᠤᠶᠠᠷ᠂ ᠤᠳᠤᠬᠠᠨ ᠳᠤ ᠡᠯ᠎ᠡ ᠲᠦᠷᠦᠯ ᠤᠨ ᠭᠠᠷ ᠭᠦᠢᠴᠡᠳᠭᠡᠯ ᠬᠢᠬᠦ ᠳᠤ ᠪᠦᠷ ᠪᠡᠶ᠎ᠡ ᠶᠢᠨ ᠦᠨᠡᠮᠯᠡᠯ ᠤᠨ ᠬᠠᠭᠤᠯᠪᠦᠷᠢ ᠬᠠᠭᠤᠳᠠᠰᠦ ᠬᠡᠷᠡᠭᠯᠡᠳᠡᠭ᠃ ᠡᠶᠢᠮᠦ ᠠᠴᠠ ᠶᠠᠮᠠᠷ ᠨᠢᠭᠡᠨ ᠭᠠᠷ ᠭᠦᠢᠴᠡᠳᠭᠡᠯ ᠬᠢᠬᠦ ᠪᠠᠷ ᠤᠴᠢᠬᠤ ᠳᠠᠭᠠᠨ ᠦᠪᠡᠷ ᠢᠶᠠᠨ ᠪᠡᠶ᠎ᠡ ᠶᠢᠨ ᠦᠨᠡᠮᠯᠡᠯ ᠤᠨ ᠬᠠᠭᠤᠯᠪᠦᠷᠢ ᠬᠠᠭᠤᠳᠠᠰᠦ ᠪᠠᠨ ᠪᠡᠯᠡᠳᠭᠡᠬᠦ ᠶᠢᠨ ᠲᠠᠭᠠᠤ ᠶᠠᠮᠠᠷ ᠤᠴᠢᠷ ᠲᠤ ᠬᠡᠷᠡᠭᠯᠡᠬᠦ ᠭᠡᠵᠦ ᠪᠠᠶᠢᠭ᠎ᠠ ᠪᠠᠨ ᠲᠤᠳᠤᠷᠬᠠᠶᠢᠯᠠᠵᠦ᠂ ᠡᠭᠦᠨ ᠠᠴᠠ ᠪᠤᠰᠤᠳ ᠬᠠᠭᠤᠯᠪᠦᠷᠢ ᠬᠠᠭᠤᠳᠠᠰᠦ ᠭᠠᠷᠭᠠᠪᠠᠯ ᠬᠦᠴᠦᠨ ᠦᠭᠡᠢ ᠭᠡᠵᠦ ᠢᠯᠡᠬᠡᠨ ᠪᠢᠴᠢᠵᠦ ᠲᠠᠯᠪᠢᠨ᠎ᠠ᠃ ᠡᠨᠡ ᠨᠢ ᠪᠤᠰᠤᠳ ᠬᠦᠮᠦᠨ ᠢᠯᠡᠭᠦᠦ ᠬᠠᠭᠤᠯᠪᠦᠷᠢ ᠬᠠᠭᠤᠳᠠᠰᠦ ᠭᠠᠷᠭᠠᠨ ᠠᠪᠬᠤ ᠪᠤᠶᠤ ᠠᠳᠠᠯᠢ ᠨᠢᠭᠡ ᠬᠠᠭᠤᠯᠪᠦᠷᠢ ᠬᠠᠭᠤᠳᠠᠰᠦ ᠶᠢ ᠤᠨᠳᠤᠤ ᠬᠠᠤᠯᠢ ᠪᠤᠰᠤ ᠠᠵᠢᠯᠯᠠᠭ᠎ᠠ ᠳᠤ ᠬᠡᠷᠡᠭᠯᠡᠬᠦ ᠠᠴᠠ ᠰᠡᠷᠭᠡᠶᠢᠯᠡᠵᠦ ᠴᠢᠳᠠᠨ᠎ᠠ᠃     ᠭᠤᠷᠪᠠ᠂ ᠦᠪᠡᠷ ᠤᠨ ᠭᠠᠷ ᠤᠳᠠᠰᠦ ᠪᠠᠨ ᠪᠤᠰᠤᠳ ᠲᠤ ᠪᠢᠳᠡᠬᠡᠢ ᠵᠢᠭᠡᠯᠡᠭᠦᠯᠦᠭᠡᠷᠡᠢ᠃ ᠭᠠᠷ ᠤᠳᠠᠰᠦᠨ ᠲᠡᠭᠡᠷ᠎ᠡ ᠸᠢᠴᠠᠲ᠂ ᠡᠯᠧᠺᠳ᠋ᠷᠤᠨ ᠪᠠᠩᠬᠢ ᠮᠡᠳᠦ ᠶᠢᠨ ᠵᠤᠭᠤᠰ ᠮᠦᠩᠭᠦᠨ ᠤ ᠬᠠᠷᠢᠯᠴᠠᠭ᠎ᠠ ᠶᠠᠪᠤᠯᠴᠠᠭᠠᠨ ᠤ ᠲᠠᠪᠴᠠᠩ ᠪᠠᠶᠢᠵᠦ᠂ ᠡᠳᠡᠭᠡᠷ ᠨᠢ ᠪᠦᠷ ᠪᠡᠶ᠎ᠡ ᠶᠢᠨ ᠦᠨᠡᠮᠯᠡᠯ ᠪᠤᠶᠤ ᠪᠠᠩᠬᠢ ᠶᠢᠨ ᠺᠠᠷᠲ ᠲᠠᠢ ᠬᠤᠯᠪᠤᠵᠦ ᠪᠠᠶᠢᠳᠠᠭ᠃ ᠡᠭᠦᠨ ᠢᠶᠠᠷ ᠪᠠᠷᠠᠬᠤ ᠦᠭᠡᠢ ᠰᠦᠯᠵᠢᠶᠡᠨ ᠠᠴᠠ ᠵᠢᠭᠡᠯᠡᠯᠭᠡ ᠠᠪᠬᠤ ᠳᠤ ᠶᠡᠷᠦᠳᠡᠭᠡᠨ ᠭᠠᠷ ᠤᠳᠠᠰᠦᠨ ᠲᠡᠭᠡᠷ᠎ᠡ ᠰᠢᠯᠭᠠᠨ ᠲᠤᠳᠤᠯᠬᠤ ᠨᠤᠮᠧᠷ ᠶᠠᠪᠤᠭᠤᠯᠵᠦ ᠪᠡᠶ᠎ᠡ ᠶᠢᠨ ᠦᠨᠡᠮᠯᠡᠯ ᠵᠡᠷᠭᠡ ᠦᠨᠳᠦᠰᠦᠨ ᠪᠠᠶᠢᠳᠠᠯ ᠤᠨ ᠵᠦᠪ ᠤᠨᠦᠪᠴᠢᠳᠠᠢ ᠡᠰᠡᠬᠦ ᠶᠢ ᠨᠤᠳᠠᠯᠠᠳᠠᠭ᠃ ᠭᠠᠷ ᠤᠳᠠᠰᠦ ᠪᠠᠨ ᠲᠤᠷᠠᠪᠡᠷ ᠬᠦᠮᠦᠨ ᠳᠤ ᠵᠢᠭᠡᠯᠡᠭᠦᠯᠪᠡᠯ ᠡᠳᠡᠭᠡᠷ ᠵᠦᠢᠯᠡᠰ ᠴᠢᠨᠢ ᠠᠮᠠᠷᠬᠠᠨ ᠭᠠᠳᠠᠭᠰᠢ ᠵᠠᠳᠠᠷᠠᠨ᠎ᠠ ᠰᠢᠦ᠃     ᠲᠦᠷᠪᠡ᠂ ᠭᠠᠷ ᠤᠳᠠᠰᠦ ᠶᠤᠮ ᠶᠤ᠋ ᠺᠤᠮᠫᠢᠦ᠋ᠲ᠋ᠧᠷ ᠤᠨ ᠢᠶᠠᠨ ᠠᠮᠦᠷ ᠲᠦᠪᠰᠢᠨ ᠢ ᠪᠠᠳᠤᠯᠠᠬᠤ ᠶᠢᠨ ᠲᠦᠯᠦᠭᠡ ᠰᠦᠯᠵᠢᠶᠡᠨ ᠲᠡᠭᠡᠷ᠎ᠡ ᠠᠴᠠ ᠲᠤᠷ᠎ᠠ ᠪᠠᠷ ᠢᠶᠠᠨ ᠡᠯᠳᠡᠪ ᠡᠰᠡ ᠶᠢᠨ ᠲᠤᠭᠯᠠᠭᠠᠮ ᠪᠤᠶᠤ APP ᠪᠤᠤ ᠪᠠᠭᠤᠯᠭᠠᠭᠠᠷᠠᠢ᠃ ᠬᠡᠷᠪᠡ ᠵᠠᠪᠠᠯ ᠪᠠᠭᠤᠯᠭᠠᠵᠦ ᠠᠪᠬᠤ ᠴᠢᠬᠤᠯᠠᠳᠠᠢ ᠪᠤᠯ ᠦᠷᠭᠦᠯᠵᠢ ᠬᠡᠷᠡᠭᠯᠡᠳᠡᠭ ᠢᠳᠡᠭᠡᠮᠵᠢ ᠰᠠᠶᠢᠳᠠᠢ ᠲᠠᠪᠴᠠᠩ ᠠᠴᠠ ᠪᠠᠭᠤᠯᠭᠠᠵᠦ᠂ ᠲᠤᠭᠳᠠᠭᠰᠠᠨ ᠬᠤᠭᠤᠴᠠᠭ᠎ᠠ ᠲᠠᠢ ᠪᠠᠷ ᠭᠠᠷ ᠤᠳᠠᠰᠦ ᠬᠢᠭᠡᠳ ᠺᠤᠮᠫᠢᠦ᠋ᠲ᠋ᠧᠷ ᠢᠶᠠᠨ ᠴᠡᠪᠡᠷᠯᠡᠵᠦ᠂ ᠬᠠᠮᠢᠶ᠎ᠠ ᠨᠠᠮᠢᠶ᠎ᠠ ᠦᠭᠡᠢ ᠰᠦᠯᠵᠢᠶ᠎ᠡ ᠶᠢ ᠨᠡᠬᠡᠬᠡᠵᠦ ᠦᠵᠡᠬᠦ ᠦᠭᠡᠢ ᠪᠤᠯ ᠰᠠᠶᠢᠨ᠃     ᠲᠠᠪᠦ᠂ ᠪᠡᠶ᠎ᠡ ᠶᠢᠨ ᠦᠨᠡᠮᠯᠡᠯ ᠢᠶᠠᠨ ᠤᠷᠬᠢᠭᠳᠠᠭᠤᠯᠤᠭᠰᠠᠨ ᠪᠤᠯ ᠴᠠᠭᠳᠠᠭ᠎ᠠ ᠳᠤ ᠮᠡᠳᠡᠭᠦᠯᠵᠦ᠂ ᠰᠤᠨᠢᠨ ᠰᠡᠳᠭᠦᠯ ᠲᠡᠭᠡᠷ᠎ᠡ ᠪᠡᠶ᠎ᠡ ᠶᠢᠨ ᠦᠨᠡᠮᠯᠡᠯ ᠶᠢᠨ ᠤᠷᠬᠢᠭᠳᠠᠭᠤᠯᠤᠭᠰᠠᠨ ᠵᠠᠷᠯᠠᠯ ᠨᠡᠶᠢᠳᠡᠯᠡᠨ᠎ᠡ᠂ ᠡᠨᠡ ᠨᠢ ᠬᠡᠵᠢᠶᠡᠨ ᠠᠴᠠ ᠡᠬᠢᠯᠡᠵᠦ ᠪᠡᠶ᠎ᠡ ᠶᠢᠨ ᠦᠨᠡᠮᠯᠡᠯ ᠨᠢ ᠦᠪᠡᠷ ᠤᠨ ᠡᠷᠬᠡᠰᠢᠶᠡᠯ ᠳᠤ ᠦᠭᠡᠢ ᠪᠤᠯᠤᠭᠰᠠᠨ ᠢ ᠬᠡᠷᠡᠴᠢᠯᠡᠵᠦ ᠴᠢᠳᠠᠨ᠎ᠠ᠃ ᠪᠠᠩᠬᠢ ᠶᠢᠨ ᠺᠠᠷᠲ ᠪᠠᠨ ᠤᠷᠬᠢᠭᠳᠠᠭᠤᠯᠤᠭᠰᠠᠨ ᠪᠤᠯ ᠲᠡᠷᠡ ᠲᠠᠷᠦᠢ ᠳᠤᠨᠢ ᠪᠠᠩᠬᠢ ᠳᠤ ᠤᠴᠢᠵᠦ ᠬᠡᠷᠡᠭᠯᠡᠭᠡ ᠶᠢ ᠵᠤᠭᠰᠤᠭᠠᠬᠤ ᠭᠠᠷ ᠭᠦᠢᠴᠡᠳᠭᠡᠯ ᠬᠢᠵᠦ ᠪᠠᠶᠢᠭᠠᠷᠠᠢ᠃     ᠵᠢᠷᠭᠤᠭ᠎ᠠ᠂ ᠤᠯᠠᠨ ᠨᠡᠶᠢᠳᠡ ᠶᠢᠨ ᠲᠠᠯᠠᠪᠦᠷ ᠲᠠᠬᠢ ᠨᠢᠭᠤᠴᠠ ᠨᠤᠮᠧᠷ ᠦᠭᠡᠢ wifi᠎ ᠶᠢ ᠪᠤᠤ ᠲᠤᠷᠠᠪᠡᠷ ᠵᠠᠯᠭᠠᠭᠠᠷᠠᠢ᠂ ᠨᠢᠭᠤᠴᠠ ᠨᠤᠮᠧᠷ ᠦᠭᠡᠢ ᠨᠡᠶᠢᠳᠡ ᠶᠢᠨ wifi᠎ ᠳᠤ ᠠᠯᠢ ᠤᠯᠠᠨ ᠲᠠᠯᠳᠠ ᠲᠦᠭᠰᠢᠭᠦᠷᠢ ᠲᠠᠭᠠᠯᠳᠤᠵᠦ᠂ ᠬᠡᠷᠡᠭᠯᠡᠵᠦ ᠪᠠᠶᠢᠭ᠎ᠠ ᠶᠠᠪᠤᠴᠠ ᠳᠤ ᠦᠪᠡᠷ ᠤᠨ ᠴᠢᠨᠢ ᠦᠨᠳᠦᠰᠦᠨ ᠪᠠᠶᠢᠳᠠᠯ ᠭᠠᠳᠠᠭᠰᠢ ᠵᠠᠳᠠᠷᠠᠬᠤ ᠪᠤᠯᠤᠯᠴᠠᠭ᠎ᠠ ᠮᠠᠰᠢ ᠦᠨᠳᠦᠷ᠃     ᠲᠤᠯᠤᠭ᠎ᠠ᠂ ᠬᠡᠷᠡᠭᠯᠡᠬᠦ ᠪᠠᠨ ᠪᠠᠶᠢᠭᠰᠠᠨ ᠬᠠᠭᠤᠴᠢᠨ ᠭᠠᠷ ᠤᠳᠠᠰᠦ ᠪᠠᠨ ᠴᠢᠳᠠᠬᠤ ᠶᠢᠨ ᠲᠤᠳᠤᠷ᠎ᠠ ᠬᠤᠳᠠᠯᠳᠤᠬᠤ ᠦᠭᠡᠢ ᠪᠤᠶᠤ ᠪᠤᠰᠤᠳ ᠡᠳ᠋ ᠪᠤᠳᠠᠰ ᠢᠶᠠᠷ ᠰᠤᠯᠢᠬᠤ ᠦᠭᠡᠢ ᠪᠠᠶᠢᠵᠦ᠂ ᠬᠠᠳᠠᠭᠠᠯᠠᠭᠳᠠᠵᠦ ᠪᠠᠶᠢᠭ᠎ᠠ ᠲᠤᠭ᠎ᠠ ᠪᠠᠷᠢᠮᠳᠠ᠂ ᠵᠢᠷᠤᠭ ᠰᠡᠭᠦᠳᠡᠷ ᠢᠶᠠᠨ ᠪᠦᠭᠦᠳᠡ ᠶᠢ ᠤᠰᠠᠳᠬᠠᠵᠦ ᠬᠠᠶᠠᠭᠠᠷᠠᠢ᠃     ᠨᠠᠢᠮᠠ᠂ ᠰᠢᠤᠳᠠᠨ ᠫᠢᠶᠤᠤ᠂ ᠭᠠᠯᠳᠦ ᠲᠡᠷᠭᠡᠨ ᠪᠢᠯᠧᠲ᠂ ᠨᠢᠰᠭᠡᠯ ᠤᠨ ᠪᠢᠯᠧᠲ᠂ ᠪᠠᠩᠬᠢ ᠶᠢᠨ ᠭᠠᠷ ᠭᠦᠢᠴᠡᠳᠭᠡᠯ ᠤᠨ ᠬᠠᠭᠤᠳᠠᠰᠦ ᠵᠡᠷᠭᠡ ᠪᠠᠨ ᠪᠢᠳᠡᠭᠡᠢ ᠲᠤᠷᠠᠪᠡᠷ ᠤᠷᠬᠢᠭᠠᠷᠠᠢ᠂ ᠬᠡᠷᠡᠭᠯᠡᠬᠦ ᠪᠠᠨ ᠪᠤᠯᠢᠭᠰᠠᠨ ᠪᠤᠯ ᠤᠷᠠᠵᠦ ᠬᠠᠶᠢᠴᠢᠯᠠᠵᠦ ᠬᠠᠶᠠᠭᠠᠷᠠᠢ᠃     ᠶᠢᠰᠦ᠂ ᠪᠠᠭᠤᠳᠠᠯ ᠳᠤ ᠰᠠᠭᠤᠬᠤ ᠳᠠᠭᠠᠨ ᠦᠢᠯᠡᠴᠢᠯᠡᠭᠴᠢ ᠳᠤ ᠪᠡᠶ᠎ᠡ ᠶᠢᠨ ᠦᠨᠡᠮᠯᠡᠯ ᠢᠶᠠᠨ ᠦᠭᠴᠤ ᠶᠠᠪᠤᠭᠤᠯᠬᠤ ᠦᠭᠡᠢ᠂ ᠺᠤᠮᠫᠢᠦ᠋ᠲ᠋ᠧᠷ ᠲᠤ ᠤᠷᠤᠭᠤᠯᠬᠤ ᠶᠢ ᠨᠢ ᠬᠠᠷᠠᠵᠦ ᠪᠠᠶᠢᠭᠠᠳ ᠪᠤᠴᠠᠭᠠᠵᠦ ᠠᠪᠬᠤ ᠬᠡᠷᠡᠭᠳᠡᠢ᠃ ᠡᠭᠦᠨ ᠢᠶᠠᠷ ᠪᠠᠷᠠᠬᠤ ᠦᠭᠡᠢ ᠭᠠᠳᠠᠭᠰᠢ ᠶᠠᠪᠤᠵᠦ ᠰᠠᠭᠤᠬᠤ ᠳᠠᠭᠠᠨ ᠴᠢᠳᠠᠬᠤ ᠶᠢᠨ ᠲᠤᠳᠤᠷ᠎ᠠ ᠢᠳᠡᠭᠡᠮᠵᠢ ᠰᠠᠶᠢᠳᠠᠢ ᠪᠠᠭᠤᠳᠠᠯ ᠳᠤ ᠰᠠᠭᠤᠵᠦ ᠪᠠᠶᠢᠭᠠᠷᠠᠢ᠃    
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ