ᠪᠤᠴᠠᠬᠤ ᠭᠠᠯᠠᠭᠤᠨ ᠤ ᠭᠠᠨᠭ᠍ᠭᠠᠨᠠᠭ᠎ᠠ
ᠨᠡᠶᠢᠲᠡᠯᠡᠭᠰᠡᠨ ᠴᠠᠭ᠄
2021/9/3
     ᠲᠡᠷᠡ ᠪᠤᠯ ᠵᠢᠷ ᠤᠨ ᠨᠢᠬᠡᠨ ᠮᠠᠯᠴᠢᠨ ᠤ ᠬᠡᠷ ᠲᠤ ᠲᠦᠷᠤᠵᠤ ᠦᠰᠦᠭᠰᠡᠨ ᠬᠦᠮᠤᠨ᠃ ᠮᠦᠨ ᠴᠤ ᠨᠤᠳᠤᠭ ᠤᠨ ᠢᠶᠠᠨ ᠰᠤᠶᠤᠯ ᠢ ᠲᠦᠭ ᠲᠦᠮᠡᠨ ᠠᠶᠢᠯ ᠡᠷᠤᠬᠡ ᠳᠤ ᠠᠪᠠᠴᠢᠨ᠂ ᠴᠢᠨ᠋ᠬᠠᠰᠢᠳᠡ ᠲᠡᠯᠡᠬᠡᠢ ᠶᠢᠨ ᠡᠯ ᠎ᠠ ᠭᠠᠵᠡᠷ ᠲᠤ ᠭᠦᠷᠭᠡᠶ᠎ᠠ ᠬᠡᠵᠤ ᠲᠡᠮᠡᠤᠯᠵᠤ ᠪᠠᠶᠢᠭ᠎ᠠ ᠬᠦᠮᠤᠨ᠃ ᠡᠨᠡ ᠬᠦᠮᠤᠨ ᠪᠤᠯ ︽ᠣᠷᠳᠣᠰ ᠬᠤᠳᠡ ᠶᠢᠨ ᠴᠢᠶᠠᠨ ᠶᠤᠸᠠᠨ ᠶᠠ ᠶᠦᠨ ᠰᠣᠶᠣᠯ ᠤᠨ ᠪᠦᠲᠦᠭᠡᠯᠴᠢ ᠬᠢᠵᠠᠭᠠᠷᠲᠤ ᠺᠣᠮᠫᠠᠨᠢ︾᠎ ᠶᠢᠨ ᠡᠭᠦᠰᠭᠡᠨ ᠪᠠᠶᠢᠭᠤᠯᠤᠨᠨᠴᠢ ᠨᠠᠷᠨᠨᠴᠢᠮᠡᠭ ᠪᠤᠯᠤᠨ᠎ᠠ᠃      1996 ᠤᠨ ᠳᠤ ᠵᠠᠯᠠᠭᠤ ᠽᠠᠨᠳᠡᠨ ᠨᠠᠰᠤᠨ ᠳᠠᠭᠠᠨ ᠪᠠᠶᠢᠭᠰᠠᠨ ᠨᠠᠷᠡᠨᠴᠢᠮᠡᠭ ᠴᠧᠩᠳᠦ᠋ ᠬᠤᠳᠡ ᠳᠤ ᠬᠦᠷᠴᠤ ᠨᠢᠬᠡᠨ ᠬᠡᠪᠯᠡᠯ ᠤᠨ ᠺᠤᠮᠫᠠᠨᠢ ᠳᠤ ᠠᠵᠢᠯᠯᠠᠨ᠂ ᠲᠠᠭᠠᠤ ᠳᠤᠨᠢ ᠱᠠᠭᠠᠵᠠᠩ ᠡᠳ᠋ᠯᠡᠯ ᠬᠢᠬᠦ ᠮᠡᠷᠭᠡᠵᠢᠯ ᠢ ᠰᠤᠷᠴᠠᠢ᠃ ᠵᠤᠷᠢᠭ ᠲᠡᠪᠴᠢᠶᠡᠷᠢ ᠲᠠᠢ ᠲᠡᠷᠡ ᠡᠭᠦᠨ ᠢᠶᠠᠷ ᠰᠡᠳᠬᠢᠯ ᠬᠠᠨᠤᠭᠰᠠᠨ ᠦᠭᠡᠢ᠂ ᠪᠠᠰᠠ ᠰᠤᠪᠤᠳ ᠡᠷᠳᠡᠨᠢᠰ ᠤᠨ ᠵᠦᠢᠯ ᠢ ᠬᠤᠳᠠᠯᠳᠤᠬᠤ ᠵᠡᠷᠭᠡ ᠤᠯᠠᠨ ᠲᠦᠷᠤᠯ ᠤᠨ ᠠᠵᠢᠯ ᠢ ᠬᠢᠵᠤ ᠦᠡᠭᠭᠡᠷᠡᠵᠡᠢ᠃ ᠢᠡᠭᠭᠢᠬᠡᠳ ᠨᠢᠬᠡ ᠮᠡᠳᠡᠭᠦ ᠳᠤ ᠴᠸᠡᠭᠳᠦ᠋ ᠬᠤᠳᠡ ᠳᠤ ᠬᠤᠷᠢ ᠭᠠᠷᠤᠢ ᠵᠢᠯ ᠰᠠᠭᠤᠨᠨᠰᠠᠨ ᠪᠠᠶᠢᠯ᠎ᠠ᠃      ᠨᠠᠷᠠᠨᠴᠢᠮᠡᠭ ᠬᠡᠳᠦ᠋ᠢᠪᠡᠷ ᠴᠸᠡᠭᠳᠦ᠋ ᠬᠤᠳᠡ ᠳᠤ ᠬᠤᠷᠢᠭᠠᠳ ᠵᠢᠯ ᠰᠠᠭᠤᠨᠨᠰᠠᠨ ᠪᠤᠯᠪᠠᠴᠤ ᠰᠡᠳᠬᠢᠯ ᠨᠢ ᠶᠡᠷᠦ ᠨᠢ ᠨᠤᠳᠤᠭ ᠤᠷᠤᠭᠤ ᠪᠠᠨ ᠲᠡᠮᠡᠤᠯᠵᠦ᠂ 2017 ᠤᠨ ᠳᠤ ᠦᠤᠰᠢᠨ ᠬᠤᠰᠢᠭᠤᠨ ᠤ ᠰᠤᠶᠤᠯ ᠤᠷᠠᠨ ᠰᠡᠳᠬᠢᠮᠵᠢ ᠶᠢᠨ ᠤᠢᠢᠯᠡᠰᠵᠢᠬᠦᠯᠦᠯᠳᠡ ᠶᠢᠨ ᠬᠦᠷᠢᠶᠠᠯᠡᠩ ᠪᠠᠶᠢᠭᠤᠯᠤᠭᠳᠠᠬᠤ ᠰᠤᠷᠠᠭ ᠢ ᠲᠤᠭᠤᠯᠬᠤ ᠲᠠᠢ ᠵᠡᠷᠬᠡ ᠲᠡᠨᠳᠡ ᠠᠴᠠ ᠨᠢᠬᠡ ᠬᠤᠳᠠᠯᠳᠤᠭᠠᠨ ᠤ ᠬᠡᠷ ᠭᠤᠶᠤᠴᠢᠯᠠᠵᠤ ᠤᠯᠤᠨᠨᠰᠠᠨ ᠪᠠᠶᠢᠨ᠎ᠠ᠃      ︽ᠬᠡᠬᠡᠷ᠎ᠠ ᠶᠢᠨ ᠭᠠᠯᠠᠭᠤ ᠨᠢᠰᠤᠭᠡᠳ ᠬᠦᠷᠭᠦ ᠦᠬᠡᠢ ᠭᠠᠵᠡᠷ ᠠᠴᠠ ᠬᠦᠮᠤᠨ ᠤ ᠬᠦᠤ ᠡᠷᠳᠡᠨᠢ ᠡᠪᠤᠷᠳᠤᠯᠠᠵᠤ ᠬᠠᠷᠢᠨ᠎ᠠ︾ ᠭᠡᠳᠡᠭᠴᠢᠯᠡᠨ᠂ ᠨᠠᠷᠠᠨᠴᠢᠮᠡᠭ ᠴᠸᠡᠭᠳᠦ᠋ ᠬᠤᠳᠡ ᠳᠤ ᠬᠤᠷᠠᠮᠳᠤᠭᠤᠯᠤᠨᠨᠰᠠᠨ ᠮᠡᠳᠡᠯᠬᠡ ᠮᠡᠷᠭᠡᠵᠢᠯ᠂ ᠬᠠᠰᠢᠷ ᠲᠤᠷᠰᠢᠯᠭ᠎ᠠ ᠪᠠᠨ ᠠᠪᠤᠭᠠᠳ ᠨᠤᠳᠤᠭ ᠲᠠᠭᠠᠨ ᠬᠠᠷᠢᠵᠤ᠂ ᠤᠷᠤᠨ ᠨᠤᠳᠤᠭ ᠤᠨ ᠤᠨᠴᠠᠯᠢᠭ ᠲᠠᠢ ᠰᠤᠶᠤᠯ ᠤᠨ ᠡᠭᠦᠳᠤᠯᠳᠡ ᠶᠢᠨ ᠪᠦᠳᠤᠭᠡᠭᠳᠡᠭᠦᠨ ᠢ ᠰᠤᠳᠤᠯᠤᠨ ᠨᠡᠭᠡᠭᠡᠭᠦ ᠪᠠᠷ ᠤᠷᠤᠯᠳᠤᠯᠭ᠎ᠠ ᠬᠢᠵᠤ ᠡᠬᠢᠯᠡᠵᠡᠢ᠃      ᠤᠯᠵᠡ ᠲᠠᠢ ᠤᠮᠤᠭ ᠲᠠᠢ ᠬᠠᠷᠢᠵᠤ ᠢᠷᠡᠭᠰᠡᠨ ᠨᠠᠷᠠᠨᠴᠢᠮᠡᠭ ᠤᠷᠬᠢᠯᠤᠮ᠎ᠠ ᠬᠠᠯᠠᠭᠤᠨ ᠰᠡᠳᠬᠢᠯᠬᠡ ᠪᠠᠷ 2018 ᠣᠨ ᠳᠤ ᠺᠤᠮᠫᠠᠨᠢ ᠪᠠᠨ ᠵᠢᠩᠭᠢᠨᠢ ᠪᠠᠷ ᠪᠠᠶᠢᠭᠤᠯᠤᠨᠨᠰᠠᠨ ᠪᠠᠶᠢᠨ᠎ᠠ᠃ ᠺᠤᠮᠫᠠᠨᠢ ᠨᠢ ᠪᠠᠶᠢᠭᠤᠯᠤᠭᠳᠠᠭᠰᠠᠨ ᠠᠴᠠ ᠨᠠᠭᠠᠰᠢ᠂ ᠨᠠᠷᠠᠨᠴᠢᠮᠡᠭ ᠦᠤᠰᠢᠨ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠰᠠᠨᠠᠭᠠᠴᠢᠯᠠᠭ᠎ᠠ ᠪᠠᠷ᠂ ᠣᠷᠣᠨ ᠨᠤᠲᠤᠭ ᠤᠨ ᠣᠨᠴᠠᠯᠢᠭ ᠪᠦᠬᠦᠢ ᠰᠣᠶᠣᠯ ᠤᠨ ᠡᠭᠦᠳᠦᠯᠲᠡ ᠶᠢᠨ ᠪᠦᠲᠦᠭᠡᠭᠳᠡᠬᠦᠨ ᠢ ᠰᠤᠳᠤᠯᠤᠨ ᠨᠡᠭᠡᠭᠡᠬᠦ ᠠᠵᠢᠯ ᠢ ᠢᠳᠡᠪᠬᠢᠲᠡᠶ ᠥᠷᠨᠢᠭᠦᠯᠵᠦ᠂ ᠡᠭᠦᠨ ᠳᠤ ᠱᠠᠭᠠᠵᠠᠩ ᠡᠳ᠋ᠯᠡᠯ᠂ ᠪᠢᠴᠢᠯᠭᠡ ᠵᠢᠷᠤᠭ᠂ ᠲᠡᠮᠦᠷᠯᠢᠭ ᠤᠨ ᠵᠦᠢᠯᠡᠰ ᠵᠢᠴᠢ ᠰᠦᠯᠵᠢᠮᠡᠯ ᠨᠡᠬᠡᠮᠡᠯ ᠵᠡᠷᠭᠡ ᠣᠯᠠᠨ ᠲᠦᠷᠦᠯ ᠤᠨ ᠰᠢᠷᠢᠰ ᠪᠦᠲᠦᠭᠡᠭᠳᠡᠬᠦᠨ ᠢ ᠰᠤᠳᠤᠯᠤᠨ ᠨᠡᠭᠡᠭᠡᠭᠰᠡᠨ ᠪᠠᠶᠢᠨ᠎ᠠ᠃ ᠲᠡᠷᠡ ᠨᠤᠳᠤᠭ ᠤᠨ ᠢᠶᠠᠨ ᠬᠠᠶᠢᠷ ᠴᠢᠯᠠᠭᠤ ᠪᠠ ᠤᠯᠠᠭᠠᠨ ᠰᠢᠷᠤᠢ ᠪᠠᠨ ᠪᠦᠳᠤᠭᠡᠭᠳᠡᠭᠦᠨ ᠳᠡᠭᠡᠨ ᠠᠭᠤᠰᠤᠯᠴᠠᠭᠤᠯᠬᠤ ᠶᠢᠨ ᠲᠦᠯᠤᠬᠡ ᠤᠯᠠᠨ ᠤᠳᠠᠭᠠᠨ ᠤ ᠲᠤᠷᠰᠢᠯᠳᠡ ᠬᠢᠵᠤ ᠡᠴᠤᠰ ᠲᠡᠭᠡᠨ ᠱᠠᠭᠠᠵᠠᠩ ᠡᠳ᠋ᠯᠡᠯ ᠤᠨ ᠬᠡᠷᠡᠭᠰᠡᠯ ᠢ ᠬᠢᠵᠤ ᠭᠠᠷᠭᠠᠨ᠂ ᠴᠠᠭᠢᠯᠳᠠᠭ ᠴᠡᠴᠡᠭ ᠲᠠᠢ ᠤᠰᠤᠨ ᠴᠤᠮᠤ ᠪᠠ ᠲᠤᠷᠭᠠᠨ ᠠᠯᠴᠢᠭᠤᠷ᠂ ᠮᠤᠩᠭᠤᠯ ᠦᠰᠦᠭ ᠤᠨ ᠨᠤᠮ ᠤᠨ ᠱᠤᠰᠢᠭ᠎ᠠ ᠬᠢᠵᠤ᠂ ᠴᠢᠳᠠᠬᠤ ᠶᠢᠨ ᠲᠤᠳᠤᠷ᠎ᠠ ᠨᠤᠳᠤᠭ ᠤᠨ ᠢᠶᠠᠨ ᠰᠤᠶᠤᠯ ᠢ ᠪᠦᠳᠤᠭᠡᠭᠳᠡᠭᠦᠨ ᠳᠡᠭᠡᠨ ᠠᠭᠤᠰᠤᠯᠴᠠᠭᠤᠯᠬᠤ ᠶᠢᠨ ᠬᠠᠮᠳᠤ ᠦᠨ᠎ᠠ ᠬᠠᠨᠭ᠍ᠰᠢ ᠵᠡᠷᠭᠡ ᠤᠯᠠᠨ ᠲᠠᠯ᠎ᠠ ᠪᠠᠷ ᠪᠤᠳᠤᠯᠬᠢᠯᠠᠨ᠂ ︽ᠠᠪᠴᠤ ᠶᠠᠪᠤᠵᠤ ᠪᠣᠯᠬᠤ ᠰᠣᠶᠣᠯ︾᠎ ᠢᠶᠠᠷ ᠭᠤᠤᠯ ᠪᠣᠯᠭᠠᠨ᠂ ᠲᠠᠯ᠎ᠠ ᠨᠤᠲᠤᠭ ᠤᠨ ᠢᠶᠠᠨ ᠰᠣᠶᠣᠯ ᠢ ᠳᠡᠯᠡᠬᠡᠶ ᠳ᠋ᠠᠬᠢᠨ ᠳᠤ ᠠᠪᠠᠴᠢᠬᠤ ᠪᠠᠷ ᠴᠢᠷᠮᠡᠶᠢᠨ ᠠᠵᠢᠯᠯᠠᠵᠤ ᠪᠤᠢ᠃      ᠨᠠᠷᠡᠨᠴᠢᠮᠡᠭ ᠪᠢᠳᠡᠨ ᠳᠤ᠄ ︽ᠬᠤᠵᠢᠮ ᠶᠠᠮᠡᠷ ᠪᠤᠯᠬᠤ ᠶᠢ ᠪᠢ ᠮᠡᠳᠡᠬᠦ ᠦᠬᠡᠢ᠂ ᠬᠡᠪᠡᠴᠤ ᠪᠢ ᠡᠬᠢᠯᠡᠵᠤ ᠬᠢᠵᠡᠢ ᠂ ᠮᠦᠨ ᠴᠤ ᠡᠭᠦᠨ ᠤ ᠲᠦᠯᠤᠬᠡ ᠴᠢᠷᠮᠡᠶᠢᠨ᠎ᠠ︾ ᠬᠡᠵᠤ ᠬᠡᠯᠡᠯ᠎ᠠ᠃
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号