ᠲᠡᠮᠡᠭᠡᠨ ᠬᠢᠷᠭᠤᠤᠯ ᠠᠷᠠᠴᠢᠯᠠᠭᠰᠠᠨ ᠲᠡᠷᠭᠡᠯ ᠤᠬᠠᠭᠠᠨ ᠲᠠᠢ ᠪᠦᠰᠡᠬᠦᠢ
ᠨᠡᠶᠢᠲᠡᠯᠡᠭᠰᠡᠨ ᠴᠠᠭ᠄
2021/9/3
     ᠣᠲᠤᠭ ᠤᠨ ᠡᠮᠦᠨᠡᠲᠦ ᠬᠤᠰᠢᠭᠤᠨ ᠤ ᠤᠯᠵᠠᠴᠢ ᠪᠠᠯᠭᠠᠰᠦ ᠶᠢᠨ ᠳᠠᠬᠢᠯᠲᠦ ᠲᠤᠰᠬᠤᠨ ᠤ ᠲᠠᠷᠢᠶᠠᠴᠢᠨ ᠴᠧᠨ ᠼᠦᠩ ᠲᠡᠮᠡᠭᠡᠨ ᠬᠢᠷᠭᠤᠤᠯ ᠤᠨ ᠲᠡᠵᠢᠭᠡᠪᠦᠷᠢ ᠶᠢᠨ ᠤᠢᠢᠯᠡᠰ ᠡᠷᠬᠢᠯᠡᠭᠡᠳ ᠵᠢᠯ ᠳᠡᠭᠡᠨ 100 ᠭᠠᠷᠦᠢ ᠲᠦᠮᠡᠨ ᠲᠦᠬᠦᠷᠢᠭ ᠤᠨ ᠤᠷᠤᠯᠭ᠎ᠠ ᠡᠬᠦᠳᠴᠦ ᠪᠠᠶᠢᠨ᠎ᠡ ᠭᠡᠰᠡᠨ ᠰᠤᠷᠠᠭ ᠨᠢ ᠬᠦᠮᠦᠰ ᠤᠨ ᠴᠠᠢ ᠶᠢᠨ ᠵᠤᠭᠤᠭ ᠪᠤᠯᠵᠤ ᠲᠠᠷᠬᠠᠯ᠎ᠠ᠃      ᠲᠦᠷᠦᠬᠦᠭᠡᠨ ᠪᠢᠳᠠ ᠴᠧᠨ ᠼᠦᠩ ᠤᠨ ᠲᠡᠮᠡᠭᠡᠨ ᠬᠢᠷᠭᠤᠤᠯ ᠲᠡᠵᠢᠭᠡᠨ ᠦᠷᠡᠵᠢᠭᠦᠯᠬᠦ ᠰᠠᠭᠤᠷᠢᠨ ᠭᠠᠵᠠᠷ ᠲᠤ ᠬᠦᠷᠬᠦ ᠳᠤ᠂ ᠬᠦᠭᠡᠷᠦᠬᠦᠨ ᠲᠡᠮᠡᠭᠡᠨ ᠬᠢᠷᠭᠤᠤᠯ ᠤᠳ ᠤᠷᠲᠦ ᠬᠦᠵᠦᠬᠦᠦ ᠪᠠᠨ ᠰᠤᠩᠭᠠᠨ ᠵᠤᠭᠰᠦᠵᠤ ᠪᠢᠳᠠᠨ ᠢ ᠤᠭᠲᠤᠪᠠ᠃ ᠲᠡᠮᠡᠭᠡᠨ ᠬᠢᠷᠭᠤᠤᠯ ᠢ ᠳᠡᠯᠡᠭᠡᠢ ᠳᠡᠭᠡᠷᠡᠬᠢ ᠬᠠᠮᠤᠭ ᠤᠨ ᠲᠤᠮᠤ ᠰᠢᠪᠠᠭᠤ ᠶᠢᠨ ᠲᠦᠷᠦᠯ ᠭᠡᠳᠡᠭ᠂ ᠳᠡᠷᠭᠡᠳᠡ ᠨᠢ ᠬᠦᠷᠪᠡᠯ ᠦᠨᠡᠭᠡᠷ ᠶᠠᠭ ᠲᠡᠮᠡᠭᠡ ᠲᠠᠢ ᠠᠳᠠᠯᠢ ᠦᠨᠳᠦᠷ ᠬᠠᠷᠠᠭᠳᠠᠨ᠎ᠡ᠃ ︽ᠬᠠᠷ᠎ᠡ ᠦᠳᠦ᠂ ᠶᠡᠭᠡ ᠪᠡᠶ᠎ᠡ ᠲᠠᠢ ᠨᠢ ᠠᠹᠷᠢᠺᠠ ᠲᠢᠪ ᠤᠨ ᠲᠡᠮᠡᠭᠡᠨ ᠬᠢᠷᠭᠤᠤᠯ ᠪᠤᠯᠤᠨ᠎ᠡ᠂ ᠨᠠᠰᠦᠨ ᠳᠤ ᠬᠦᠷᠦᠭᠰᠡᠨ ᠨᠢ 2 ᠮᠧᠲᠷ ᠢᠯᠡᠬᠦᠦ ᠦᠨᠳᠦᠷ᠃ ᠨᠦᠬᠦᠭᠡ ᠪᠠᠭ᠎ᠠ ᠪᠡᠶ᠎ᠡ ᠲᠠᠢ ᠨᠢ ᠠᠦ᠋ᠰᠲᠷᠯᠢᠶ᠎ᠠ ᠲᠢᠪ ᠤᠨ ᠲᠡᠮᠡᠭᠡᠨ ᠬᠢᠷᠭᠤᠤᠯ ᠪᠤᠯᠤᠨ᠎ᠡ᠂ ᠬᠦᠢᠲᠡᠨ ᠢ ᠳᠡᠰᠪᠦᠷᠢᠯᠡᠬᠦ ᠴᠢᠳᠠᠪᠦᠷᠢ ᠪᠠᠷ ᠴᠢᠩᠭ᠎ᠠ ᠪᠠᠶᠢᠳᠠᠭ᠃ ᠡᠨᠡ ᠬᠤᠶᠠᠷ ᠵᠦᠢᠯ ᠤᠨ ᠲᠡᠮᠡᠭᠡᠨ ᠬᠢᠷᠭᠤᠤᠯ ᠭᠤᠤᠯᠳᠠᠭᠤ ᠦᠨᠳᠡᠭᠡᠯᠡᠬᠦ ᠬᠤᠭᠤᠴᠠᠭ᠎ᠠ ᠨᠢ ᠠᠳᠠᠯᠢ ᠦᠭᠡᠢ᠂ ᠠᠹᠷᠢᠺᠠ ᠲᠢᠪ ᠤᠨ ᠲᠡᠮᠡᠭᠡᠨ ᠬᠢᠷᠭᠤᠤᠯ ᠪᠤᠯ ᠠᠭᠤᠷ ᠠᠮᠢᠰᠬᠤᠯ ᠠᠭᠠᠵᠢᠮ ᠢᠶᠠᠷ ᠳᠤᠯᠠᠭᠠᠷᠠᠭᠰᠠᠨ ᠤ ᠳᠠᠷᠠᠭ᠎ᠠ ᠡᠬᠢᠯᠡᠵᠦ ᠥᠨᠳᠡᠭᠡᠯᠡᠨ᠎ᠡ᠂ ᠠᠦ᠋ᠰᠲᠷᠯᠢᠶ᠎ᠠ ᠲᠢᠪ ᠤᠨ ᠲᠡᠮᠡᠭᠡᠨ ᠬᠢᠷᠭᠤᠤᠯ ᠪᠤᠯ ᠡᠪᠦᠯ ᠳᠤᠨᠢ ᠦᠨᠳᠡᠭᠡᠯᠡᠳᠡᠭ︾ ᠭᠡᠵᠤ ᠴᠧᠨ ᠼᠦᠩ ᠪᠢᠳᠠᠨ ᠳᠤ ᠲᠡᠮᠡᠭᠡᠨ ᠬᠢᠷᠭᠤᠤᠯ ᠢᠶᠠᠨ ᠲᠠᠨᠢᠯᠴᠠᠭᠤᠯᠵᠡᠢ᠃
     ᠴᠧᠨ ᠼᠦᠩ 2019 ᠤᠨ ᠠᠴᠠ ᠡᠬᠢᠯᠡᠵᠤ ᠲᠡᠮᠡᠭᠡᠨ ᠬᠢᠷᠭᠤᠤᠯ ᠲᠡᠵᠢᠭᠡᠵᠡᠢ᠃ ᠰᠠᠶ᠋ᠢ ᠡᠬᠢᠯᠡᠩᠬᠦᠳᠡ ᠪᠠᠨ 6 ᠠᠹᠷᠢᠺᠠ ᠲᠢᠪ ᠤᠨ ᠲᠡᠮᠡᠭᠡᠨ ᠬᠢᠷᠭᠤᠤᠯ ᠬᠤᠳᠠᠯᠳᠤᠨ ᠠᠪᠴᠦ ᠲᠤᠷᠰᠢᠨ ᠲᠡᠵᠢᠭᠡᠭᠰᠡᠨ ᠳᠤ ᠰᠠᠨᠠᠭᠠᠨ ᠠᠴᠠ ᠭᠠᠳᠠᠭᠤᠷ ᠠᠰᠢᠭ ᠤᠷᠤᠯᠭ᠎ᠠ ᠤᠯᠤᠭᠰᠠᠨ ᠪᠠᠶᠢᠨ᠎ᠡ᠃ ᠡᠨᠡ ᠨᠢ ᠲᠡᠬᠦᠨ ᠤ ᠲᠡᠮᠡᠭᠡᠨ ᠬᠢᠷᠭᠤᠤᠯ ᠢ ᠲᠡᠵᠢᠭᠡᠨ ᠦᠷᠡᠵᠢᠬᠦᠯᠬᠦ ᠵᠤᠷᠢᠭ ᠢ ᠬᠦᠪᠴᠢᠯᠡᠵᠤ᠂ ᠲᠡᠷᠡ ᠭᠡᠷ ᠤᠨ ᠬᠠᠵᠠᠭᠤ ᠳᠠᠬᠢ ᠭᠠᠵᠠᠷ ᠢᠶᠠᠨ ᠲᠡᠵᠢᠭᠡᠨ ᠦᠷᠡᠵᠢᠬᠦᠯᠬᠦ ᠲᠠᠯᠠᠪᠠᠢ ᠪᠤᠯᠭᠠᠨ ᠦᠭᠡᠷᠡᠴᠢᠯᠡᠨ ᠵᠠᠰᠠᠵᠤ᠂ ᠪᠦᠬᠦ ᠰᠡᠳᠬᠢᠯ ᠢᠶᠠᠷ ᠢᠶᠠᠨ ᠲᠡᠮᠡᠭᠡᠨ ᠬᠢᠷᠭᠤᠤᠯ ᠤᠨ ᠲᠡᠵᠢᠭᠡᠪᠦᠷᠢ ᠶᠢᠨ ᠤᠢᠢᠯᠡᠰ ᠢ ᠡᠷᠬᠢᠯᠡᠵᠡᠢ᠃ 2020 ᠤᠨ ᠳᠤ ᠤᠯᠤᠰ ᠠᠴᠠ ᠲᠡᠮᠡᠭᠡᠨ ᠬᠢᠷᠭᠤᠤᠯ ᠢ ᠭᠡᠷ ᠤᠨ ᠲᠡᠵᠢᠭᠡᠪᠦᠷᠢ᠂ ᠭᠡᠷ ᠤᠨ ᠵᠢᠭᠦᠷᠲᠡᠨ ᠢᠶᠠᠷ ᠳᠤᠭᠲᠠᠭᠠᠪᠠ᠃ ᠡᠨᠡ ᠬᠦ ᠬᠤᠪᠢᠷᠠᠯᠲᠠ ᠶᠢ ᠭᠢᠷᠠᠬᠠᠢ ᠤᠯᠵᠤ ᠮᠡᠳᠡᠭᠰᠡᠨ ᠴᠧᠨ ᠼᠦᠩ ᠳᠠᠷᠦᠢ ᠳᠤᠨᠢ ᠲᠤᠰᠬᠤᠨ ᠤ ᠭᠠᠳᠠᠨ᠎ᠡ ᠭᠠᠵᠠᠷ ᠳᠦᠷᠢᠶᠡᠰᠦᠯᠡᠨ ᠰᠠᠭᠤᠷᠢᠨ ᠭᠠᠵᠠᠷ ᠪᠠᠶᠢᠭᠤᠯᠵᠤ᠂ ᠲᠡᠵᠢᠭᠡᠨ ᠦᠷᠡᠵᠢᠬᠦᠯᠬᠦ ᠬᠡᠪᠴᠢᠶ᠎ᠡ ᠪᠠᠨ ᠥᠷᠭᠡᠳᠭᠡᠭᠰᠡᠨ ᠪᠠᠶᠢᠨ᠎ᠡ᠃
     ᠲᠡᠮᠡᠭᠡᠨ ᠬᠢᠷᠭᠤᠤᠯ ᠤᠨ ᠮᠢᠬ᠎ᠠ᠂ ᠠᠷᠠᠰᠦ᠂ ᠦᠳᠦ᠂ ᠦᠨᠳᠡᠭᠡ ᠴᠢᠨᠠᠭᠰᠢᠯᠠᠪᠠᠯ ᠶᠠᠰᠦ ᠨᠢ ᠬᠦᠷᠲᠡᠯ᠎ᠡ ᠴᠦᠮ ᠤᠢᠢᠯᠡᠳᠦᠯ ᠬᠡᠷᠡᠭᠴᠡᠭᠡ ᠲᠠᠢ ᠪᠠᠶᠢᠳᠠᠭ ᠠᠴᠠ ᠠᠰᠢᠭ ᠤᠷᠤᠯᠭ᠎ᠠ ᠨᠢ ᠮᠠᠰᠢ ᠰᠠᠶᠢᠨ ᠪᠠᠶᠢᠳᠠᠭ᠃ ᠲᠡᠮᠡᠭᠡᠨ ᠬᠢᠷᠭᠤᠤᠯ ᠤᠨ ᠮᠢᠬᠠᠨ ᠤ ᠥᠡᠭᠭᠡ ᠨᠢ ᠦᠭᠡᠷ ᠤᠨ ᠮᠢᠬ᠎ᠠ ᠲᠠᠢ ᠳᠦᠰᠦᠭᠡᠲᠡᠢ ᠪᠠᠶᠢᠵᠤ᠂ ᠰᠢᠮ᠎ᠡ ᠲᠡᠵᠢᠭᠡᠯ ᠡᠯᠪᠡᠭ᠂ ᠦᠭᠡᠬᠦ ᠪᠠᠭ᠎ᠠ᠂ ᠰᠢᠷᠬᠡᠭ ᠨᠠᠷᠢᠨ ᠪᠤᠯᠬᠤᠷ ᠬᠦᠮᠦᠰ ᠤᠨ ᠲᠠᠭᠠᠰᠢᠶᠠᠯ ᠢ ᠶᠡᠬᠡᠳᠡ ᠬᠦᠷᠲᠡᠵᠤ᠂ ᠵᠠᠬ᠎ᠠ ᠳᠡᠯᠭᠡᠬᠦᠷ ᠤᠨ ᠪᠤᠷᠤᠯᠠᠭᠤᠯᠭ᠎ᠠ ᠰᠠᠶᠢᠲᠠᠢ ᠪᠠᠶᠢᠯ᠎ᠠ᠃ ︽ᠨᠢᠭᠡ ᠺᠢᠯᠥᠭᠷᠠᠮ ᠲᠡᠮᠡᠭᠡᠨ ᠬᠢᠷᠭᠤᠤᠯ ᠤᠨ ᠮᠢᠬ᠎ᠠ ᠨᠢ 50 ᠭᠠᠷᠦᠢ ᠲᠦᠬᠦᠷᠢᠭ ᠲᠤ ᠬᠦᠷᠳᠡᠭ᠃ ᠳᠠᠩ ᠭᠠᠭᠴᠠ ᠮᠢᠬ᠎ᠠ ᠶᠢ ᠪᠤᠷᠤᠯᠠᠭᠤᠯᠪᠠᠯ ᠨᠢᠭᠡ ᠲᠡᠮᠡᠭᠡᠨ ᠬᠢᠷᠭᠤᠤᠯ ᠠᠴᠠ 4000 ᠭᠠᠷᠦᠢ ᠲᠦᠬᠦᠷᠢᠭ ᠤᠨ ᠠᠰᠢᠭ ᠤᠯᠤᠨ᠎ᠡ᠃ ᠠᠷᠠᠰᠦ᠂ ᠦᠳᠦ᠂ ᠦᠨᠳᠡᠭᠡ ᠵᠡᠷᠭᠡ ᠶᠢ ᠬᠤᠳᠠᠯᠳᠤᠪᠠᠯ ᠨᠢᠭᠡ ᠲᠡᠮᠡᠭᠡᠨ ᠬᠢᠷᠭᠤᠤᠯ ᠨᠢ ᠲᠦᠮᠡ ᠢᠯᠡᠬᠦᠦ ᠲᠥᠭᠦᠷᠢᠭ ᠤᠨ ᠠᠰᠢᠭ ᠤᠷᠤᠯᠭ᠎ᠠ ᠠᠪᠴᠢᠷᠠᠳᠠᠭ︾ ᠭᠡᠵᠤ ᠴᠧᠨ ᠼᠦᠩ ᠶᠠᠷᠢᠨ᠎ᠠ᠃
     ᠲᠡᠮᠡᠭᠡᠨ ᠬᠢᠷᠭᠤᠤᠯ ᠢ ᠲᠡᠵᠢᠭᠡᠬᠦ ᠥᠪᠡᠷ ᠤᠨ ᠥᠷᠲᠡᠭ ᠨᠢ ᠲᠦᠢᠯ ᠤᠨ ᠳᠤᠤᠷ᠎ᠡ ᠮᠦᠷᠲᠡᠬᠡᠨ ᠬᠦᠮᠦᠨ ᠤ ᠬᠦᠴᠦᠨ ᠳᠤ ᠠᠷᠪᠢᠲᠠᠢ ᠪᠤᠯᠬᠤᠷ ᠴᠧᠨ ᠼᠦᠩ ᠭᠠᠭᠴᠠᠭᠠᠷ ᠢᠶᠠᠨ ᠲᠡᠮᠡᠭᠡᠨ ᠬᠢᠷᠭᠤᠤᠯ ᠢᠶᠠᠨ ᠠᠷᠠᠴᠢᠯᠠᠳᠠᠭ ᠪᠢᠯᠡ᠃ ᠤᠷᠠᠨ ᠭᠠᠷ ᠲᠠᠢ ᠲᠡᠷᠡ ᠴᠢᠯᠥᠭᠡ ᠵᠠᠪ ᠢᠶᠠᠷ ᠪᠠᠰᠠ ᠲᠡᠮᠡᠭᠡᠨ ᠬᠢᠷᠭᠤᠤᠯ ᠤᠨ ᠦᠨᠳᠡᠭᠡ ᠪᠠᠷ ᠤᠷᠠᠯᠢᠭ ᠤᠨ ᠪᠦᠲᠦᠭᠡᠭᠳᠡᠬᠦᠨ ᠰᠡᠶᠢᠯᠵᠤ ᠰᠦᠯᠵᠢᠶᠡᠨ ᠳᠡᠭᠡᠷ᠎ᠠ ᠪᠤᠷᠤᠯᠠᠭᠤᠯᠳᠠᠭ ᠪᠠᠶᠢᠯ᠎ᠠ᠃
     ᠤᠳᠤᠬᠠᠨ ᠳᠤ ᠴᠧᠨ ᠼᠦᠩ ᠤᠨ ᠲᠡᠮᠡᠭᠡᠨ ᠬᠢᠷᠭᠤᠤᠯ ᠲᠡᠵᠢᠭᠡᠨ ᠦᠷᠡᠵᠢᠭᠦᠯᠬᠦ ᠰᠠᠭᠤᠷᠢᠨ ᠭᠠᠵᠠᠷ ᠲᠤ 150 ᠭᠠᠷᠦᠢ ᠲᠡᠮᠡᠭᠡᠨ ᠬᠢᠷᠭᠤᠤᠯ ᠪᠠᠶᠢᠨ᠎ᠡ᠃ ︽ᠳᠠᠷᠠᠭᠠᠴᠢ ᠪᠠᠷ ᠲᠡᠵᠢᠭᠡᠨ ᠦᠷᠡᠵᠢᠭᠦᠯᠬᠦ ᠬᠡᠪᠴᠢᠶ᠎ᠡ ᠪᠠᠨ ᠤᠯᠠᠮ ᠪᠤᠵᠠᠭᠠᠢᠢᠷᠠᠭᠤᠯᠵᠤ᠂ ᠥᠪᠡᠷ ᠤᠨ ᠲᠡᠮᠡᠭᠡᠨ ᠬᠢᠷᠭᠤᠤᠯ ᠤᠨ ᠶᠠᠰᠦ ᠴᠢᠨᠠᠷ ᠢ ᠳᠡᠭᠡᠭᠰᠢᠯᠡᠬᠦᠯᠤᠨ᠂ ᠲᠡᠮᠡᠭᠡᠨ ᠬᠢᠷᠭᠤᠤᠯ ᠢᠶᠠᠨ ᠪᠦᠬᠦ ᠤᠯᠤᠰ ᠤᠨ ᠡᠯ᠎ᠡ ᠭᠠᠵᠠᠷ ᠲᠤ ᠪᠤᠷᠤᠯᠠᠭᠤᠯᠤᠨ᠎ᠡ︾ ᠭᠡᠵᠤ ᠴᠧᠨ ᠼᠦᠩ ᠢᠷᠡᠭᠡᠳᠦᠢ ᠶᠢᠨ ᠳᠦᠰᠦᠯ ᠢᠶᠠᠨ ᠳᠡᠯᠭᠡᠨ᠎ᠠ᠃
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号