ᠲᠠᠷᠪᠤᠰ ᠤᠨ ᠲᠠᠷᠢᠶᠠᠨ ᠠᠴᠠ ᠴᠢᠨᠡᠭᠡᠯᠢᠭ ᠠᠮᠢᠲᠤᠷᠠᠯ ᠵᠦᠭ ᠵᠤᠷᠠᠶᠢᠨ᠎ᠠ
ᠨᠡᠶᠢᠲᠡᠯᠡᠭᠰᠡᠨ ᠴᠠᠭ᠄
2021/9/3
   ᠨᠠᠯᠠᠭᠠᠷ ᠨᠠᠮᠤᠷ ᠤᠨ ᠨᠠᠢᠮᠠᠨ ᠰᠠᠷ᠎ᠠ ᠳᠤ ᠰᠤᠷᠪᠤᠯᠵᠢᠯᠠᠭᠴᠢ ᠤᠷᠲᠤᠰ ᠬᠤᠲᠠ ᠶᠢᠨ ᠦᠤᠰᠢᠨ ᠬᠤᠰᠢᠭᠤᠨ ᠤ ᠰᠢᠷᠬᠤᠰᠤᠨ ᠪᠠᠯᠭᠠᠰᠤᠨ ᠤ ᠰᠢᠷᠬᠤᠰᠤᠨ ᠲᠤᠰᠬᠤᠨ ᠳᠤ ᠬᠦᠷᠬᠦ ᠳᠤ ᠭᠠᠵᠠᠷ ᠰᠠᠢ ᠦᠭᠡᠢ ᠲᠤᠮᠤ ᠲᠤᠮᠤ ᠲᠡᠷᠪᠤᠰ ᠬᠠᠷᠠᠭᠲᠠᠵᠦ᠂ ᠬᠤᠲᠠᠯᠲᠤᠨ ᠠᠪᠬᠤ ᠪᠠᠷ ᠢᠷᠡᠭᠰᠡᠨ‌ᠮᠠᠰᠢᠨ‌‍ᠲ᠋ᠡᠷᠭᠡ‌ᠮᠦ᠋ᠷᠦᠯᠡᠨ ᠵᠤᠭᠰᠤᠭᠰᠠᠨ ᠪᠠᠶᠢᠯ᠎ᠠ᠃ ᠠᠲᠡᠬᠢ ᠵᠢᠨ‌‍ᠲ᠋ᠠᠷᠢᠶᠠᠴᠢᠳ ᠶᠠᠭᠠᠷᠠᠯᠲᠠᠢ ᠭᠡᠭᠴᠢ ᠢᠶᠠᠷ ᠲᠠᠷᠪᠤᠰ ᠢᠶᠠᠨ ᠲᠠᠭᠦᠵᠦ᠂ ᠪᠤᠷᠤᠯᠠᠭᠤᠯᠵᠦ ᠪᠠᠶᠢᠯ᠎ᠠ᠃ ᠦᠨᠤ ᠵᠢᠯ ᠤᠨ ᠬᠤᠷᠢᠶᠠᠯᠲᠠ ᠴᠤ ᠰᠠᠶᠢᠨ ᠵᠠᠬ᠎ᠠ ᠲᠡᠯᠭᠡᠭᠦᠷ ᠤᠨ ᠦᠨ᠎ᠡ ᠴᠤ ᠰᠠᠶᠢᠨ᠂ ᠲᠡᠷᠪᠤᠰ ᠠᠴᠠ  ᠪᠠᠭ᠎ᠠ ᠪᠤᠰᠤ ᠠᠰᠢᠭ ᠤᠯᠵᠦ ᠴᠢᠲᠠᠨ᠎ᠠ ᠭᠡᠵᠦ ᠲᠠᠷᠢᠶᠠᠴᠢᠳ ᠰᠡᠳᠬᠢᠯ ᠲᠤᠭᠲᠤᠯᠤᠨ  ᠶᠠᠷᠢᠵᠠᠭᠠᠵᠦ ᠪᠠᠶᠢᠯ᠎ᠠ᠃    ᠰᠢᠷᠬᠤᠰᠤᠨ ᠲᠤᠰᠬᠤᠨ ᠤ ᠨᠢᠭᠡᠲᠤᠭᠡᠷ ᠪᠠᠷᠢᠭᠠᠲᠠ ᠶᠢᠨ ᠲᠠᠷᠢᠶᠠᠴᠢᠨ ᠪᠠᠢ ᠭᠦᠸᠧ ᠳ᠋ᠦᠩ ᠪᠤᠯ ᠰᠢᠨᠵᠢᠯᠡᠬᠦ ᠤᠬᠠᠭᠠᠨᠴᠢ ᠪᠠᠷ ᠲᠠᠷᠪᠤᠰ ᠲᠠᠷᠢᠵᠦ ᠠᠮᠵᠢᠯᠲᠠ ᠤᠯᠤᠭᠰᠠᠨ ᠨᠢᠭᠡᠨ ᠡᠷᠦᠬᠡ ᠪᠤᠯᠤᠨ᠎ᠠ᠃ ᠪᠠᠢ ᠭᠦᠸᠧ ᠳ᠋ᠦᠩ ᠲᠠᠷᠪᠤᠰ ᠲᠠᠷᠢᠭᠠᠳ ᠦᠨᠤ ᠵᠢᠯ 9  ᠵᠢᠯ ᠪᠤᠯᠵᠦ ᠪᠤᠢ᠃ ᠬᠠᠮᠤᠭ ᠠᠩᠬᠠᠨ ᠵᠢᠯ ᠲᠠᠷᠪᠤᠰ ᠲᠠᠷᠢᠬᠤ ᠳᠤ ᠲᠤᠷᠰᠢᠯᠭ᠎ᠠ  ᠪᠤᠯᠤᠨ ᠮᠡᠷᠭᠡᠵᠢᠯ  ᠢᠶᠠᠷ ᠲᠤᠲᠠᠮᠠᠭ ᠪᠠᠶᠢᠵᠦ᠂10 ᠮᠤ᠋ ᠭᠠᠵᠠᠷ ᠤᠨ ᠲᠠᠷᠪᠤᠰ ᠲᠠᠷᠢᠭᠠᠳ ᠦᠪᠡᠷ ᠪᠠᠨ ᠴᠤ ᠢᠲᠡᠵᠦ ᠬᠦᠷᠬᠦ ᠪᠠᠶᠢᠯ᠎ᠠ᠃ ᠬᠡᠪᠡᠴᠤ ᠲᠡᠷᠡ ᠤᠷᠮ᠎ᠠ  ᠬᠤᠭᠤᠷᠤᠯ ᠦᠭᠡᠢ ᠬᠤᠶᠠᠷ ᠵᠢᠯ ᠲᠠᠷᠠᠭᠠᠯᠠᠨ ᠲᠠᠷᠪᠤᠰ  ᠲᠠᠷᠢᠭᠠᠳ ᠮᠦᠨ ᠴᠤ ᠤᠨᠠᠯᠲᠠ ᠨᠢ ᠲᠤᠤᠷ᠎ᠠ ᠪᠠᠶᠢᠯ᠎ᠠ᠃ ᠡᠨᠡᠬᠦ  ᠪᠠᠶᠢᠲᠠᠯ ᠳᠤ ᠪᠠᠢ ᠭᠦᠸᠧ ᠳ᠋ᠦᠩ ᠶᠠᠭᠠᠬᠢᠪᠠᠯ ᠤᠨᠠᠯᠲᠠ ᠪᠠᠨ ᠦᠨᠲᠦᠷᠵᠢᠭᠦᠯᠵᠦ᠂ ᠠᠰᠢᠭ ᠤᠷᠤᠯᠭ᠎ᠠ ᠤᠯᠬᠤ ᠤᠯᠪᠠᠷ ᠵᠤᠷᠢᠭ ᠰᠢᠭᠤᠳᠴᠤ ᠲᠠᠷᠢᠯᠭ᠎ᠠ ᠶᠢᠨ ᠲᠠᠯ᠎ᠠ ᠪᠠᠷ ᠲᠤᠬᠢᠷᠠᠭᠤᠯᠤᠯᠲᠠ ᠬᠢᠪᠡ᠃ ᠲᠡᠷᠡ  ᠡᠩ ᠲᠡᠷᠢᠭᠦᠨ ᠳᠤ ᠰᠢᠨᠵᠢᠯᠡᠬᠦ ᠤᠬᠠᠭᠠᠨᠴᠢ ᠪᠠᠷ ᠲᠠᠷᠪᠤᠰ ᠲᠠᠷᠢᠵᠦ  ᠂ ᠦᠢᠷ᠎ᠠ ᠵᠡᠷᠭᠡᠯᠡᠲᠡᠭᠡ ᠡᠯ᠎ᠡ ᠬᠡᠪᠴᠢᠶᠠᠵᠢᠭᠦᠯᠦᠨ ᠤᠲᠤᠬᠢᠴᠢᠯᠠᠭᠰᠠᠨ ᠲᠠᠷᠢᠶᠠᠯᠠᠩ ᠤᠨ ᠭᠠᠵᠠᠷ ᠢᠶᠠᠷ ᠲᠤᠭᠤᠷᠢᠨ ᠰᠤᠷᠤᠯᠴᠠᠵᠦ ᠲᠤᠰᠬᠠᠢ ᠮᠡᠷᠭᠡᠵᠢᠯᠲᠡᠨ ᠠᠴᠠ ᠲᠠᠷᠪᠤᠰ ᠲᠠᠷᠢᠬᠤ ᠮᠡᠷᠭᠡᠵᠢᠯ᠂ ᠠᠷᠭ᠎ᠠ ᠲᠤᠷᠰᠢᠯᠭ᠎ᠠ ᠶᠢ ᠰᠤᠷᠤᠯᠴᠠᠵᠦ᠂ ᠲᠠᠰᠤᠷᠠᠯᠲᠠ ᠦᠭᠡᠢ ᠬᠠᠶᠢᠨ ᠰᠦᠪᠡᠭᠴᠢᠯᠡᠵᠦ᠂ ᠭᠠᠵᠠᠷ ᠤᠷᠤᠨ ᠳᠤ ᠪᠠᠨ ᠲᠤᠬᠢᠷᠠᠭᠰᠠᠨ‌ᠦᠨᠲᠦᠷ ᠤᠨᠠᠯᠲᠠ ᠲᠠᠢ ᠲᠠᠷᠪᠤᠰ ᠢ ᠲᠠᠷᠢᠵᠦ   ᠡᠬᠢᠯᠡᠭᠡᠳ ᠠᠰᠢᠭ ᠤᠷᠤᠯᠭ᠎ᠠ ᠨᠢ ᠰᠠᠶᠢᠨ ᠪᠤᠯᠵᠦ᠂ ᠲᠠᠷᠪᠤᠰ ᠲᠠᠷᠢᠬᠤ ᠮᠡᠷᠭᠡᠵᠢᠯ ᠤᠯᠠᠮ ᠪᠤᠯᠪᠠᠰᠤᠷᠠᠩᠭᠤᠢ ᠪᠤᠯᠬᠤ ᠶᠢ  ᠲᠠᠭᠠᠯᠲᠤᠨ2016 ᠤᠨ ᠠᠴᠠ ᠡᠬᠢᠯᠡᠨ ᠪᠠᠢ ᠭᠦᠸᠧ ᠳ᠋ᠦᠩ ᠵᠢᠯ ᠪᠦᠷᠢ70 ᠮᠤ᠋ ᠎ ᠶᠢᠨ ᠲᠠᠷᠪᠤᠰ ᠲᠠᠷᠢᠵᠦ᠂ ᠮᠤ᠋ ᠪᠦᠷᠢ ᠶᠢᠨ ᠤᠨᠠᠯᠲᠠ ᠨᠢ ᠬᠠᠮᠤᠭ ᠪᠠᠭ᠎ᠠ ᠳᠤ  ᠎ ᠪᠠᠨ 9000 ᠵᠢᠩ  ᠬᠦᠷᠴᠦ᠂ ᠵᠢᠯ ᠪᠦᠷᠢ ᠶᠢᠨ ᠴᠡᠪᠡᠷ ᠤᠷᠤᠯᠭ᠎ᠠ ᠨᠢ18 ᠲᠦᠮᠡ ᠤᠷᠴᠢᠮ ᠬᠦᠷᠦᠭᠰᠡᠨ  ᠪᠠᠶᠢᠨ᠎ᠠ᠃ ᠡᠨᠡᠬᠦ ᠤᠷᠤᠯᠭ᠎ᠠ ᠨᠢ ᠡᠷᠲᠡᠨᠢ ᠰᠢᠰᠢ ᠲᠠᠷᠢᠭᠰᠠᠨ ᠠᠴᠠ2 ᠲᠠᠬᠢᠨ ᠪᠤᠯᠪᠠ᠃ ᠤᠲᠤ ᠲᠡᠬᠦᠨ ᠤ ᠲᠠᠷᠪᠤᠰ ᠨᠢ ᠶᠡᠭᠡ ᠨᠡᠷᠡᠲᠦ ᠭᠠᠷᠴᠦ ᠡᠯ᠎ᠡ ᠭᠠᠵᠠᠷ ᠎ ᠤᠨ ᠲᠠᠷᠪᠤᠰ ᠤᠨ ᠬᠤᠲᠠᠯᠲᠤᠭᠠᠴᠢᠳ ‍ᠤᠨ‌ᠠᠯᠢ ᠡᠷᠲᠡ ᠠᠴᠠ ᠤᠷᠢᠳᠴᠢᠯᠡᠨ ᠵᠠᠬᠢᠶᠠᠯᠠᠵᠦ᠂ ᠪᠤᠷᠤᠯᠠᠭᠤᠯᠤᠯᠲᠠ ᠶᠢᠨ ᠲᠠᠯ᠎ᠠ ᠪᠠᠷ ᠦᠴᠦᠬᠡᠨ ᠴᠤ ᠰᠠᠨᠠᠭ᠎ᠠ ᠵᠤᠪᠠᠭ᠋ᠤ ᠦᠭᠡᠢ ᠪᠤᠯᠤᠯ᠎ᠠ᠃ ᠤᠲᠤ ᠮᠠᠨ ᠤ ᠠᠮᠢᠲᠤᠷᠠᠯ ᠤᠤᠯ  ᠠᠴᠠ ᠪᠠᠨ ᠮᠠᠰᠢ ᠰᠠᠶᠢᠵᠢᠷᠠᠵᠦ᠂ ᠠᠵᠦ ᠠᠬᠤᠢ ᠶᠢᠨ  ᠲᠠᠯ᠎ᠠ ᠪᠠᠷ ᠴᠤ  ᠮᠠᠰᠢᠲᠠ  ᠲᠡᠭᠡᠭᠰᠢᠯᠡᠭᠰᠡᠨ ᠭᠡᠵᠦ ᠪᠠᠢ ᠭᠦᠸᠧ ᠳ᠋ᠦᠩ ᠨᠢᠭᠤᠷ ᠲᠦᠭᠦᠷᠡᠩ ᠢᠨᠢᠶᠡᠮᠰᠦᠭᠯᠡᠯ ᠲᠠᠢ ᠶᠠᠷᠢᠨ᠎ᠠ᠃    ᠦᠢᠯᠠᠭᠠᠭᠰᠠᠨ ᠢᠶᠠᠷ ᠦᠤᠰᠢᠨ ᠬᠤᠰᠢᠭᠤᠨ ᠤ ᠰᠢᠷᠬᠤᠰᠤᠨ ᠪᠠᠯᠭᠠᠰᠤ ᠨᠢ ᠲᠠᠷᠢᠶᠠᠯᠠᠩ ᠮᠠᠯ ᠠᠵᠦ ᠠᠬᠤᠢ ᠳᠤ ᠦᠭᠡᠷᠡᠴᠢᠯᠡᠯᠲᠡ ᠬᠢᠵᠦ ᠪᠦᠬᠦ ᠪᠠᠯᠭᠠᠰᠤᠨ ᠎ ᠳᠤ 7 ᠲᠦᠮᠡᠨ ᠮᠤ᠋ ᠦᠨᠲᠦᠷ ᠪᠠᠷᠢᠮᠵᠢᠶᠠᠲᠦ ᠲᠠᠷᠢᠶᠠᠨ ᠭᠠᠵᠠᠷ ᠢ ᠪᠦᠲᠦᠭᠡᠨ ᠪᠠᠶᠢᠭᠤᠯᠵᠦ᠂1 ᠲᠦᠮᠡᠨ ᠮᠤ᠋ ᠢᠲᠡᠰᠢᠨ ᠨᠤᠭᠤᠭ᠎ᠠ ᠲᠠᠷᠢᠵᠦ᠂ ᠲᠠᠷᠢᠶᠠᠯᠠᠩ ᠮᠠᠰᠢᠨᠴᠢᠯᠠᠯᠲᠠ ᠶᠢᠨ ᠨᠤᠷᠮ᠎ᠠ 85᠎ ᠳᠤ ᠬᠦᠷᠪᠡ᠃ ᠤᠲᠤᠬᠠᠨ ᠳᠤ ᠰᠢᠷᠬᠤᠰᠤᠨ ᠪᠠᠯᠭᠠᠰᠤ ᠨᠢ ᠲᠠᠷᠢᠶᠠᠯᠠᠩ ᠤᠨ ᠠᠵᠦ ᠦᠢᠯᠡᠰᠴᠢᠯᠡᠭᠰᠡᠨ ᠬᠤᠯᠪᠤᠭᠠᠲᠤ ᠴᠤᠭᠴᠠ ᠳᠤ ᠲᠦᠰᠢᠭᠯᠡᠵᠦ᠂ ᠬᠠᠩᠭᠠᠨ ᠪᠤᠷᠤᠯᠠᠭᠤᠯᠬᠤ ᠦᠢᠯᠡᠴᠢᠯᠡᠭᠡ ᠪᠠᠷ  ᠲᠠᠮᠵᠢᠨ᠂ 2019 ᠤᠨ ᠠᠴᠠ2020 ᠪᠤᠯᠲᠠᠯ᠎ᠠ ᠮᠠᠯᠴᠢᠨ ᠲᠠᠷᠢᠶᠠᠴᠢᠳ ᠤᠨ ᠲᠤᠮᠲᠠᠴᠢ ᠤᠷᠤᠯᠭ᠎ᠠ ᠨᠢ 5976 ᠨᠡᠮᠡᠭᠲᠡᠭᠦᠯᠪᠡ᠃
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号