ᠰᠠᠷᠠᠭᠤᠯ ᠤᠬᠠᠭᠠᠨ ᠳᠤ ᠰᠠᠭᠠᠯᠢ ᠶᠢᠨ ᠤᠢᠢᠯᠡᠰ ᠲᠡᠭᠵᠢᠷᠠᠨ᠎ᠠ
ᠨᠡᠶᠢᠲᠡᠯᠡᠭᠰᠡᠨ ᠴᠠᠭ᠄
2021/9/3
   ᠥᠥᠰᠢᠨ ᠬᠤᠰᠢᠭᠤᠨ ᠤ ᠥᠥᠰᠢᠨᠵᠤᠤ ᠪᠠᠯᠭᠠᠰᠤ ᠶᠢᠨ ᠪᠥᠷᠢᠳᠤ ᠭᠠᠴᠠᠭᠠᠨ ᠤ ᠮᠠᠯᠴᠢᠨ ᠡᠷᠳᠡᠨᠢᠬᠤᠸᠠᠷ ᠰᠢᠷᠠᠰᠤᠨ ᠲᠠᠷᠠᠰᠤ᠂ ᠪᠤᠷᠠᠮ ᠬᠢᠵᠥ ᠤᠷᠤᠯᠭ᠎ᠠ ᠪᠠᠨ ᠨᠡᠮᠡᠭᠳᠡᠬᠦᠯᠵᠥ ᠪᠠᠶᠢᠭ᠎ᠠ ᠰᠠᠶᠢᠬᠠᠨ ᠰᠤᠷᠠᠭ ᠢᠶᠠᠷ ᠪᠢᠳᠠ ᠬᠤᠰᠢᠭᠤᠨ ᠲᠥ᠋ᠪ ᠠᠴᠠ ᠮᠠᠰᠢᠨ ᠲᠡᠷᠬᠡ ᠪᠠᠷ ᠴᠠᠭ ᠭᠠᠷᠤᠢ ᠠᠶᠠᠯᠠᠭᠠᠳ ᠡᠳᠡᠨ ᠤ ᠳᠤ ᠬᠥᠷᠥᠯ᠎ᠠ᠃ ᠰᠠᠭᠠᠯᠢᠴᠢᠨ ᠠᠶᠢᠯ ᠤᠨ ᠭᠡᠷ ᠲᠤ ᠤᠷᠤᠬᠤ ᠳᠤ ᠥᠷᠥᠬᠡ ᠲᠥ᠋ᠬᠦᠷᠡᠩ ᠰᠥ ᠶᠢᠨ ᠦᠨᠤᠷ ᠬᠠᠨᠭ᠍ᠬᠤᠯᠵᠥ ᠠᠶᠡᠳᠠᠶᠢᠬᠠᠨ ᠪᠠᠶᠢᠯ᠎ᠠ᠃ ᠬᠡᠷ ᠤᠨ ᠡᠵᠡᠨ ᠲᠠᠷᠠᠮ᠎ᠠ ᠪᠥᠰᠡᠬᠦᠢ ᠡᠷᠳᠡᠨᠢᠬᠤᠸᠠᠷ ᠲᠠᠢ ᠪᠠᠨ ᠥᠷᠯᠥᠬᠡ ᠰᠠᠭᠠᠭᠰᠠᠨ ᠥᠨᠢᠶᠠᠨ ᠰᠦ ᠪᠠᠨ ᠶᠡᠬᠦᠯᠡᠵᠥ᠂ ᠴᠠᠭ᠎ᠠ ᠱᠥᠭᠦᠨ ᠮᠤᠩᠭᠠᠨᠢᠯᠳᠤᠵᠥ ᠪᠠᠶᠢᠪᠠ᠃   ᠡᠷᠳᠡᠨᠢᠬᠤᠸᠠᠷ ᠤᠨ ᠬᠢᠨ 7 ᠰᠠᠭᠠᠯᠢ ᠶᠢᠨ ᠥᠨᠢᠶ ᠎ᠠ ᠮᠠᠯᠵᠢᠵᠥ ᠪᠠᠶᠢᠨ᠎ᠠ᠃ ᠪᠡᠯᠴᠢᠬᠡᠷ ᠨᠤᠳᠤᠭ ᠪᠠᠭ᠎ᠠ ᠪᠤᠯᠬᠤᠷ 2015 ᠤᠨ ᠳᠤ ᠨᠤᠳᠤᠭ ᠤᠨ ᠥᠬᠡᠷ ᠢᠶᠠᠨ ᠬᠤᠳᠠᠯᠳᠤᠭᠠᠳ ᠬᠡᠳᠤᠨ ᠥᠨᠢᠶ᠎ᠠ ᠬᠤᠳᠠᠯᠳᠤᠨ ᠠᠪᠴᠤ ᠰᠠᠭᠠᠯᠢ ᠶᠢᠨ ᠤᠢᠢᠯᠡᠰ ᠡᠷᠬᠢᠯᠡᠭᠰᠡᠨ ᠨᠢ ᠡᠨᠡ ᠪᠠᠶᠢᠯ᠎ᠠ᠃ ᠡᠷᠳᠡᠨᠢᠬᠤᠸᠠᠷ ᠭᠤᠤᠯᠳᠠᠭᠤ ᠥᠷᠥᠮ᠎ᠠ᠂ ᠴᠦᠷᠮ᠎ᠠ᠂ ᠰᠢᠷ ᠎ᠠ ᠲᠤᠰᠤ᠂ ᠠᠶᠢᠷᠠᠭ ᠵᠡᠷᠬᠡ ᠤᠯᠠᠮᠵᠢᠯᠠᠯᠳᠤ ᠴᠠᠭᠠᠨ ᠢᠳᠡᠬᠡᠨ ᠬᠢᠬᠦ ᠠᠴᠠ ᠭᠠᠳᠠᠨ᠎ᠠ ᠪᠠᠰᠠ ᠥᠥᠰᠢᠨ ᠨᠤᠳᠤᠭ ᠢᠶᠠᠷ ᠴᠥᠬᠡᠬᠡᠨ ᠬᠠᠷᠠᠭᠳᠠᠳᠠᠭ ᠰᠢᠷᠠᠰᠤᠨ ᠲᠠᠷᠠᠰᠤ᠂ ᠰᠢᠷᠠᠰᠤᠨ ᠤᠮᠳᠠᠭᠠᠨ᠂ ᠪᠤᠷᠠᠮ ᠵᠡᠷᠬᠡ ᠶᠢ ᠬᠢᠳᠡᠭ ᠢᠶᠠᠷ ᠢᠶᠠᠨ ᠪᠤᠰᠤᠳ ᠰᠠᠭᠠᠯᠢᠴᠢᠨ ᠠᠶᠢᠯ ᠠᠴᠠ ᠤᠨᠴᠠᠯᠠᠭᠳᠠᠳᠠᠭ᠃   ᠡᠷᠳᠡᠨᠢᠬᠤᠸᠠᠷ ᠰᠤᠷᠴᠤ ᠡᠵᠡᠮᠰᠢᠬᠦ ᠳᠡᠭᠡᠨ ᠴᠢᠳᠠᠮᠠᠭᠠᠢ᠂ ᠠᠪᠬᠠᠯᠵᠢ ᠰᠡᠷᠬᠦᠯᠡᠩ ᠬᠥᠮᠤᠨ ᠶᠤᠮ᠃ ᠲᠡᠷᠡ ᠰᠠᠭᠠᠯᠢ ᠶᠢᠨ ᠤᠢᠢᠯᠡᠰ ᠡᠷᠬᠢᠯᠡᠭᠰᠡᠨ ᠠᠴᠠ ᠨᠠᠭᠠᠰᠢ ᠤᠯᠠᠨ ᠲᠥᠷᠥᠯ ᠤᠨ ᠴᠠᠭᠠᠨ ᠢᠳᠡᠬᠡᠨ ᠢ ᠬᠢᠵᠥ ᠰᠤᠷᠬᠤ ᠪᠠᠷ ᠤᠷᠤᠯᠳᠤᠭᠰᠠᠭᠠᠷ ᠢᠷᠡᠵᠠᠢ᠃ 2017 ᠤᠨ ᠳᠤ ᠤᠳᠤᠭ ᠬᠤᠰᠢᠭᠤ ᠬᠥᠯᠤᠨ ᠪᠤᠶᠢᠷ ᠠᠴᠠ ᠪᠠᠭᠰᠢ ᠤᠷᠢᠵᠥ ᠴᠠᠭᠠᠨ ᠢᠳᠡᠬᠡᠨ ᠬᠢᠬᠦ ᠪᠤᠯᠪᠠᠰᠤᠷᠠᠯ ᠤᠨ ᠠᠩᠬᠢ ᠶᠢ ᠡᠷᠬᠢᠯᠡᠭᠰᠡᠨ ᠨᠢ ᠲᠡᠬᠦᠨ ᠳᠤ ᠤᠯᠳᠠᠰᠢ ᠥᠬᠡᠢ ︽ᠲᠤᠬᠢᠶᠠᠯ︾ ᠪᠤᠯᠵᠥ᠂ ᠪᠤᠯᠪᠠᠰᠤᠷᠠᠯ ᠳᠤ ᠤᠷᠤᠭᠠᠳ 25 ᠵᠦᠢᠯ ᠤᠨ ᠴᠠᠭᠠᠨ ᠢᠳᠡᠬᠡᠨ ᠬᠢᠬᠦ ᠠᠷᠭ᠎ᠠ ᠮᠡᠷᠬᠡᠵᠢᠯ ᠢ ᠰᠤᠷᠴᠤ ᠡᠵᠡᠮᠰᠢᠪᠠ᠃ ᠲᠡᠷᠡ ᠬᠠᠷᠢᠵᠥ ᠢᠷᠡᠩᠭᠦᠳᠡ ᠪᠠᠨ ᠰᠤᠷᠤᠭᠰᠠᠨ ᠠᠷᠭ᠎ᠠ ᠮᠠᠶ᠋ᠢᠭ ᠢᠶᠠᠷ ᠢᠶᠠᠨ ᠵᠥᠬᠡᠬᠡᠢ ᠶᠢ ᠴᠤᠮᠤᠨ ᠳᠤ ᠵᠠᠭᠤᠷᠠᠵᠥ ᠪᠤᠷᠠᠮ ᠠᠭᠰᠢᠭᠤᠯᠵᠥ ᠭᠠᠷᠭᠠᠪᠠ᠃ ᠬᠢᠵᠥ ᠭᠠᠷᠭᠠᠭᠰᠠᠨ ᠪᠤᠷᠠᠮ ᠢᠶᠠᠨ ᠲᠥᠷᠥᠯ ᠰᠠᠳᠤᠨ ᠪᠤᠶᠤ ᠨᠠᠶᠢᠵᠠ ᠨᠥᠬᠦᠳ ᠲᠡᠭᠡᠨ ᠠᠮᠰᠠᠭᠤᠯᠵᠥ ᠥᠵᠡᠭᠰᠡᠨ ᠴᠢᠨᠢ ᠪᠥᠬᠦᠳᠡᠭᠡᠷ ᠠᠮᠳᠠ ᠨᠢ ᠰᠠᠶᠢᠬᠠᠨ ᠬᠡᠵᠥ ᠠᠮᠠ ᠨᠢᠬᠡᠲᠠᠢ ᠱᠠᠭᠰᠢᠵᠠᠭᠠᠵᠦ ᠲᠡᠬᠦᠨ ᠳᠤ ᠮᠠᠰᠢ ᠶᠡᠭᠡ ᠤᠷᠮ᠎ᠠ ᠵᠤᠷᠢᠭ ᠬᠠᠶᠢᠷᠠᠯᠠᠵᠠᠢ᠃ ᠲᠡᠬᠡᠬᠡᠳ ᠲᠡᠷᠡ 2017 ᠤᠨ ᠠᠴᠠ ᠪᠤᠷᠠᠮ ᠦᠢᠯᠡᠳᠪᠤᠷᠢᠯᠡᠨ ᠪᠤᠷᠤᠯᠠᠭᠤᠯᠵᠥ᠂ 2018 ᠤᠨ ᠳᠤ ᠡᠵᠡᠩᠨᠡᠯᠳᠡ ᠶᠢᠨ ᠥᠨᠡᠮᠯᠡᠯ ᠲᠠᠩᠰᠠᠯᠠᠭᠤᠯᠤᠨ᠂ ᠥᠥᠰᠢᠨ ᠬᠤᠰᠢᠭᠤᠨ ᠤ ︽ᠬᠥᠳᠡᠭᠡ︾ ᠨᠡᠷᠡᠮᠵᠢᠳᠦ ᠴᠠᠭᠠᠨ ᠢᠳᠡᠬᠡᠨ ᠪᠤᠯᠪᠠᠰᠤᠷᠠᠭᠤᠯᠬᠤ ᠲᠠᠰᠤᠭ ᠢᠶᠠᠨ ᠪᠠᠶᠢᠭᠤᠯᠤᠭᠰᠠᠨ ᠪᠠᠶᠢᠨ᠎ᠠ᠃ ᠲᠡᠳᠡᠨ ᠤ ᠬᠤᠳᠠᠯᠳᠤᠭ᠎ᠠ ᠮᠠᠶᠢᠮᠠᠢ ᠰᠠᠶᠢᠵᠢᠷᠠᠨ ᠵᠠᠬᠢᠶᠠᠯᠠᠭ᠎ᠠ ᠨᠡᠮᠡᠭᠳᠡᠭᠰᠡᠨ ᠠᠴᠠ ᠦᠢᠯᠡᠳᠪᠤᠷᠢᠯᠠᠯ ᠤᠨ ᠬᠤᠷᠳᠤᠴᠠ ᠨᠢ ᠲᠠᠭᠠᠵᠦ ᠠᠮᠵᠢᠬᠤ ᠦᠬᠡᠢ ᠪᠤᠯᠪᠠ᠃ ᠢᠡᠭᠬᠢᠭᠡᠳ ᠲᠠᠷᠠᠮ᠎ᠠ ᠪᠥᠰᠡᠬᠦᠢ ᠶᠢᠨ ᠢᠶᠠᠨ ᠬᠥᠳᠡᠯᠮᠤᠷᠢ ᠬᠥᠴᠥ ᠶᠢ ᠠᠷᠪᠢᠯᠠᠬᠤ ᠶᠢᠨ ᠲᠥᠯᠥᠬᠡ ᠪᠤᠷᠠᠮ ᠬᠤᠳᠬᠤᠬᠤ ᠴᠠᠬᠢᠯᠭᠠᠨ ᠬᠥᠳᠡᠯᠬᠡᠬᠦᠷᠳᠤ ᠮᠠᠰᠢᠨ ᠢ ᠡᠬᠦᠳᠤᠨ᠂ ᠪᠤᠷᠠᠮ ᠬᠢᠬᠦ ᠳᠤᠨᠢ ᠨᠡᠩ ᠲᠥᠬᠦᠮ ᠪᠤᠯᠭᠠᠵᠠᠢ᠃ ᠤᠢᠢᠯᠠᠭᠠᠬᠰᠠᠨ ᠢᠶᠠᠷ᠂ ᠶᠡᠷᠤ ᠶᠢᠨ ᠪᠠᠶᠢᠳᠠᠯ ᠳᠤ 2 ᠵᠢᠩ ᠵᠥᠬᠡᠬᠡᠢ ᠠᠴᠠ 1 ᠵᠢᠩ ᠪᠤᠷᠠᠮ ᠭᠠᠷᠳᠠᠭ᠃ 2019 ᠤᠨ ᠳᠤ ᠡᠷᠳᠡᠨᠢᠬᠤᠸᠠᠷ ︽ᠠᠭᠤᠢ ᠶᠢᠨ ᠰᠢᠯᠢ︾ ᠬᠤᠳᠠᠯᠳᠤᠭᠠᠨ ᠤ ᠲᠡᠮᠳᠡᠭ ᠢ ᠲᠠᠩᠰᠠᠯᠠᠭᠤᠯᠤᠨ᠂ ᠴᠠᠭᠠᠨ ᠢᠳᠡᠬᠡᠨ ᠪᠤᠷᠤᠯᠠᠭᠤᠯᠬᠤ ᠬᠡᠪᠴᠢᠶ ᠎ᠠ ᠪᠠᠨ ᠥᠷᠬᠡᠳᠬᠡᠵᠥ᠂ ᠬᠤᠳᠠᠯᠳᠤᠭᠠᠨ ᠤ ᠲᠡᠮᠳᠡᠭ ᠲᠡᠭᠡᠷ ᠎ᠠ ᠪᠠᠨ ᠤᠳᠠᠰᠤᠨ ᠨᠤᠮᠧᠷ ᠵᠡᠷᠬᠡ ᠰᠤᠷᠠᠭ ᠵᠠᠩᠬᠢ ᠪᠠᠨ ᠲᠠᠷᠤᠮᠠᠯᠯᠠᠭᠰᠠᠨ ᠠᠴᠠ ᠨᠠᠩ ᠤᠯᠠᠨ ᠬᠡᠷᠡᠭᠯᠡᠭᠴᠢᠳ ᠲᠠᠢ ᠪᠤᠯᠪᠠ᠃ ᠲᠡᠷᠡ ᠥᠷᠬᠦᠯᠵᠢ ᠠᠶᠢᠯ ᠰᠠᠭᠠᠬᠠᠯᠳᠡ ᠶᠢᠨ ᠢᠶᠠᠨ ᠰᠠᠭᠠᠯᠢᠴᠢᠨ ᠪᠥᠰᠡᠬᠦ᠋ᠢᠴᠤᠳ ᠢ ᠲᠠᠶᠢᠴᠢᠯᠡᠨ ᠬᠠᠮᠳᠤ ᠪᠠᠷ ᠠᠰᠢᠭ ᠤᠷᠤᠯᠭ᠎ᠠ ᠡᠬᠦᠳᠬᠦ ᠶᠢ ᠵᠤᠷᠢᠵᠥ᠂ ᠪᠤᠷᠠᠮ ᠬᠢᠬᠦ ᠮᠡᠷᠬᠡᠵᠢᠯ ᠢᠶᠠᠨ ᠬᠥᠷᠰᠢ ᠵᠡᠷᠬᠡᠯᠡᠳᠡᠭᠡ 5 ᠠᠶᠢᠯ ᠤᠨ ᠪᠥᠰᠡᠬᠦ᠋ᠢᠴᠤᠳ ᠲᠤ ᠵᠢᠭᠠᠵᠥ᠂ ᠵᠥᠬᠡᠬᠡᠢ ᠵᠡᠷᠬᠡ ᠲᠥᠬᠦᠬᠡᠢ ᠮᠠᠲᠧᠷᠢᠶᠠᠯ ᠢ ᠨᠢ ᠬᠠᠨᠭ᠍ᠭᠠᠨ᠂ ᠲᠠᠬᠢᠨ ᠠᠶᠢᠯ ᠬᠥᠷᠰᠢ ᠶᠢᠨ ᠢᠶᠠᠨ ᠬᠢᠭᠰᠡᠨ ᠪᠤᠷᠠᠮ ᠢ ᠵᠠᠬ᠎ᠠ ᠲᠡᠯᠬᠡᠬᠦᠷ ᠤᠨ ᠥᠨ᠎ᠠ ᠪᠠᠷ ᠬᠤᠷᠢᠶᠠᠨ ᠠᠪᠴᠤ᠂ ᠳ᠋ᠥ᠋ᠩᠱᠸᠡᠭ᠂ ᠡᠵᠡᠨ ᠬᠤᠷᠤᠭ᠎ᠠ ᠵᠡᠷᠭᠡ ᠭᠠᠵᠠᠷ ᠲᠤ ᠪᠤᠷᠤᠯᠠᠭᠤᠯᠳᠠᠭ ᠪᠠᠶᠢᠨ᠎ᠠ᠃ ᠡᠷᠳᠡᠨᠢᠬᠤᠸᠠᠷ ᠨᠢᠳᠤᠨᠤᠨ ᠤᠬᠤᠷᠬᠠᠨ ᠬᠤᠭᠤᠴᠠᠭᠠᠨ ᠳᠤ ᠠᠶᠢᠯ ᠰᠠᠭᠠᠬᠠᠯᠳᠡ ᠲᠠᠢ ᠪᠠᠨ ᠬᠠᠮᠳᠤᠷᠠᠨ 1000 ᠭᠠᠷᠤᠢ ᠵᠢᠩ ᠪᠤᠷᠠᠮ ᠬᠤᠳᠠᠯᠳᠤᠵᠠᠢ᠃ ᠥᠨᠡᠨᠴᠡᠴᠡᠭ ᠪᠤᠯ ᠡᠷᠳᠡᠨᠢᠬᠤᠸᠠᠷ ᠲᠠᠢ ᠬᠠᠮᠳᠤᠷᠠᠨ ᠴᠠᠭᠠᠨ ᠢᠳᠡᠭᠡ ᠬᠢᠳᠡᠭ ᠠᠶᠢᠯ ᠤᠨ ᠬᠢᠨ ᠪᠢᠯᠡ ᠃ ᠲᠡᠷᠡ ᠬᠢᠭᠰᠡᠨ ᠪᠤᠷᠠᠮ ᠢᠶᠠᠨ ᠡᠷᠳᠡᠨᠢᠬᠤᠸᠠᠷ ᠤᠨ ᠳᠤ ᠬᠡᠳᠤᠨ ᠡᠳᠤᠷ ᠲᠤ ᠨᠢᠬᠡ ᠤᠳᠠᠭ᠎ᠠ ᠬᠥᠷᠬᠡᠳᠡᠭ᠃ ︽ᠪᠢ ᠨᠢᠳᠤᠨᠤᠨ ᠠᠴᠠ ᠡᠬᠢᠯᠡᠨ ᠡᠷᠳᠡᠨᠢᠬᠤᠸᠠᠷ ᠲᠠᠢ ᠬᠤᠷᠰᠢᠨ ᠪᠤᠷᠠᠮ ᠬᠢᠵᠠᠢ᠃ ᠤᠴᠢᠷ ᠨᠢ ᠡᠷᠳᠡᠨᠢᠬᠤᠸᠠᠷ ᠪᠤᠯ ᠴᠠᠭᠠᠨ ᠢᠳᠡᠬᠡᠨ ᠢ ᠤᠯᠠᠨ ᠲᠥᠷᠥᠯ ᠢᠶᠠᠷ ᠬᠢᠬᠦ ᠶᠢ ᠰᠡᠳᠬᠢᠵᠥ ᠪᠤᠳᠤᠵᠥ ᠶᠠᠪᠤᠳᠠᠭ ᠴᠢᠳᠠᠪᠤᠷᠢ ᠲᠠᠢ ᠬᠥᠮᠤᠨ ᠶᠤᠮ᠃ ᠮᠠᠨᠤᠰ ᠬᠡᠳᠤᠨ ᠡᠷᠤᠬᠡ ᠪᠠᠷ ᠢᠶᠠᠨ ᠬᠠᠮᠳᠤᠷᠠᠨ ᠪᠤᠷᠠᠮ ᠬᠢᠵᠥ᠂ ᠬᠢᠭᠰᠡᠨ ᠪᠤᠷᠠᠮ ᠢᠶᠠᠨ ᠡᠷᠳᠡᠨᠢᠬᠤᠸᠠᠷ ᠤᠨ ᠳᠤ ᠠᠪᠴᠢᠷᠠᠪᠠᠯ᠂ ᠡᠷᠳᠡᠨᠢᠬᠤᠸᠠᠷ ᠪᠤᠷᠤᠯᠠᠭᠤᠯᠤᠭᠠᠳ ᠦᠭᠳᠡᠭ᠂ ᠪᠢᠳᠠ ᠪᠤᠷᠠᠮ ᠬᠢᠬᠦ ᠳᠡᠭᠡᠨ ᠬᠡᠷ ᠤᠨ ᠠᠵᠢᠯ ᠢᠶᠠᠨ ᠰᠠᠭᠠᠳᠠᠭᠠᠭᠰᠠᠨ ᠥᠬᠡᠢ ᠪᠠᠷ ᠪᠠᠷᠠᠬᠤ ᠥᠬᠡᠢ᠂ ᠤᠤᠯ ᠤᠨ ᠠᠰᠢᠭ ᠤᠷᠤᠯᠭ᠎ᠠ ᠠᠴᠠ ᠪᠠᠨ ᠭᠠᠳᠠᠨ᠎ᠠ ᠪᠠᠰᠠ ᠨᠡᠯᠢᠶᠠᠳ ᠠᠰᠢᠭ ᠤᠷᠤᠯᠭ᠎ᠠ ᠤᠯᠵᠥ ᠪᠠᠶᠢᠨ᠎ᠠ︾ ᠬᠡᠵᠦ ᠦᠨᠡᠨᠴᠡᠴᠡᠭ ᠰᠤᠷᠪᠤᠯᠵᠢᠯᠠᠭᠴᠢ ᠳᠤ ᠬᠡᠯᠡᠨ᠎ᠠ᠃ ᠡᠷᠳᠡᠨᠢᠬᠤᠸᠠᠷ ᠤᠨ ᠠᠶᠢᠯ ᠠᠶᠢᠮᠠᠭ ᠤᠨ ᠡᠬᠡᠴᠢ ᠲᠡᠬᠦᠥ ᠨᠠᠷ ᠨᠢ ᠶᠡᠭᠡ ᠪᠥᠯᠬᠦᠮᠳᠡᠯ ᠲᠠᠢ ᠪᠠᠷ ᠵᠠᠬᠢᠶᠠᠯᠠᠭ᠎ᠠ ᠪᠠᠨ ᠬᠤᠭᠤᠴᠠᠭ᠎ᠠ ᠶᠤᠰᠤᠭᠠᠷ ᠪᠡᠶᠡᠯᠡᠬᠦᠯᠵᠥ᠂ ᠪᠥᠬᠦᠳᠡᠬᠡᠷ ᠠᠰᠢᠭ ᠤᠷᠤᠯᠭ᠎ᠠ ᠡᠬᠦᠳᠴᠤ ᠲᠡᠶᠢᠯᠥᠭᠰᠡᠨ ᠲᠤᠯᠠ ᠲᠡᠷᠡ ᠴᠤ ᠰᠡᠳᠬᠢᠯ ᠬᠠᠨᠭ᠍ᠬᠤᠯᠤᠭᠤᠨ ᠶᠠᠪᠤᠨ᠎ᠠ᠃ ︽ᠲᠤᠮᠤ ᠵᠠᠬᠢᠶᠠᠯᠠᠭ᠎ᠠ ᠶᠢ ᠭᠠᠭᠴᠠ ᠠᠶᠢᠯ ᠪᠠᠶᠠᠯᠠᠬᠦᠯᠵᠤ ᠲᠡᠶᠢᠯᠬᠦ ᠥᠬᠡᠢ ᠤᠴᠢᠷ ᠠᠴᠠ ᠥᠷᠬᠦᠯᠵᠢ ᠠᠶᠢᠯ ᠠᠶᠢᠮᠠᠭ ᠤᠨ ᠡᠬᠡᠴᠢ ᠲᠡᠬᠦᠥ ᠨᠡᠷ ᠢᠶᠠᠨ ᠲᠠᠭᠠᠭᠤᠯᠵᠥ ᠬᠢᠳᠡᠭ᠃ ᠪᠢ ᠲᠡᠳᠡᠨ ᠳᠤ ᠪᠤᠷᠠᠮ ᠬᠢᠬᠦ ᠶᠢ ᠵᠢᠭᠠᠵᠥ᠂ ᠪᠥᠬᠦᠳᠡᠬᠡᠷ ᠢᠶᠠᠨ ᠪᠥᠯᠬᠦᠮᠳᠡᠯ ᠲᠠᠢ ᠬᠠᠮᠳᠤᠷᠠᠨ ᠠᠵᠢᠯᠯᠠᠭᠠᠳ ᠵᠠᠬᠢᠶᠠᠯᠠᠭ᠎ᠠ ᠶᠢ ᠰᠠᠶᠢᠬᠠᠨ ᠬᠠᠨᠭ᠍ᠭᠠᠵᠥ ᠪᠠᠶᠢᠨ᠎ᠠ︾ ᠬᠡᠵᠥ ᠡᠷᠳᠡᠨᠢᠬᠤᠸᠠᠷ ᠪᠠᠶᠠᠷᠳᠠᠶᠢᠬᠠᠨ ᠶᠠᠷᠢᠨ᠎ᠠ᠃   ᠡᠷᠳᠡᠨᠢᠬᠤᠸᠠᠷ ᠤᠨ ᠪᠠᠰᠠ ᠨᠢᠭᠡ ᠴᠢᠬᠤᠯᠠ ᠰᠠᠭᠠᠯᠢ ᠶᠢᠨ ᠪᠥᠳᠥᠬᠡᠭᠳᠡᠬᠦᠨ ᠪᠤᠯ ᠰᠢᠷᠠᠰᠤᠨ ᠲᠠᠷᠠᠰᠤ ᠪᠠᠶᠢᠯ ᠎ᠠ᠃ ᠡᠳᠡᠨ ᠤ ᠬᠢᠨ ᠰᠢᠷᠠᠰᠤᠨ ᠲᠠᠷᠠᠰᠤ ᠶᠢ ᠭᠤᠷᠪᠠᠨ ᠵᠢᠯ ᠤᠨ ᠡᠮᠤᠨ᠎ᠠ ᠠᠴᠠ ᠬᠢᠵᠠᠢ᠃ ᠡᠷᠳᠡᠨᠢᠬᠤᠸᠠᠷ ᠰᠢᠷᠠᠰᠤᠨ ᠲᠠᠷᠠᠰᠤ ᠬᠢᠭᠰᠡᠨ ᠲᠤᠷᠰᠢᠯᠭ᠎ᠠ ᠦᠭᠡᠢ ᠪᠤᠯᠬᠤᠷ ᠨᠦᠬᠦᠷ ᠲᠠᠢ ᠪᠠᠨ ᠬᠤᠶᠠᠭᠤᠯᠠ ᠲᠠᠬᠢᠨ ᠲᠠᠪᠳᠠᠨ ᠲᠤᠷᠰᠢᠵᠥ ᠠᠮᠰᠠᠵᠥ ᠪᠠᠶᠢᠭᠠᠳ ᠡᠴᠤᠰ ᠲᠡᠭᠡᠨ ᠬᠢᠵᠤ ᠴᠢᠳᠠᠪᠠ᠃ ᠭᠡᠪᠡᠴᠤ ᠲᠡᠳᠡ ᠰᠢᠷᠠᠰᠤᠨ ᠲᠠᠷᠠᠰᠤ ᠪᠠᠨ ᠵᠠᠬ᠎ᠠ ᠲᠡᠯᠬᠡᠬᠦᠷ ᠲᠤ ᠲᠡᠶᠢᠮᠤ ᠠᠷᠪᠢᠨ ᠬᠤᠳᠠᠯᠳᠤᠵᠥ ᠪᠠᠶᠢᠭᠰᠠᠨ ᠥᠬᠡᠢ᠂ ᠡᠨᠡ ᠵᠢᠯ ᠲᠤᠰᠬᠠᠢᠢᠯᠡᠨ ᠰᠫᠢᠷᠲ ᠤᠨ ᠠᠭᠤᠯᠤᠭᠳᠠᠴᠠ᠂ ᠪᠥᠷᠢᠯᠳᠥᠬᠦᠨ ᠢ ᠨᠢ ᠪᠠᠶᠢᠴᠠᠭᠠᠯᠭᠠᠵᠤ᠂ ᠪᠥᠳᠥᠬᠡᠭᠳᠡᠬᠦᠨ ᠢᠶᠠᠨ ᠶᠠᠰᠤ ᠴᠢᠨᠠᠷ ᠤᠨ ᠲᠠᠯ ᠎ᠠ ᠪᠠᠷ ᠪᠠᠳᠤᠯᠠᠭ᠎ᠠ ᠲᠠᠢ ᠪᠤᠯᠭᠠᠭᠰᠠᠨ ᠤ ᠲᠠᠷᠠᠭ᠎ᠠ ᠪᠤᠷᠤᠯᠠᠭᠤᠯᠭ᠎ᠠ ᠶᠢᠨ ᠬᠡᠮᠵᠢᠶ ᠎ᠠ ᠪᠠᠨ ᠨᠡᠮᠡᠭᠳᠡᠬᠦᠯᠪᠠ᠃ ︽ᠠᠩᠬ᠎ᠠ ᠬᠤᠷᠢᠮ ᠨᠠᠶᠢᠷ ᠲᠡᠬᠡᠷ᠎ᠡ ᠬᠡᠷ ᠤᠨ ᠠᠷᠢᠬᠢ ᠵᠠᠰᠠᠬᠤ ᠳᠤ ᠵᠤᠷᠢᠭᠤᠯᠤᠨ ᠬᠢᠵᠥ ᠪᠠᠶᠢᠪᠠ᠃ ᠰᠫᠢᠷᠲ ᠤᠨ ᠠᠭᠤᠯᠤᠭᠳᠠᠴᠠ ᠪᠠᠶᠢᠬᠤ ᠥᠬᠡᠢ ᠬᠡᠵᠥ ᠪᠤᠳᠤᠵᠥ ᠪᠠᠶᠢᠬᠰᠠᠨ ᠶᠤᠮ᠃ ᠰᠡᠬᠦᠯᠡᠷ ᠨᠢ ᠲᠠᠷᠤᠰᠢᠭᠤᠯᠤᠬᠰᠠᠨ ᠴᠢᠨᠢ ᠬᠠᠷᠢᠨ ᠰᠫᠢᠷᠲ ᠠᠮᠰᠠᠭᠳᠠᠵᠥ ᠪᠠᠶᠢᠬᠤ ᠰᠢᠭ᠋ ᠮᠡᠳᠡᠭᠳᠡᠵᠥ ᠪᠢᠯᠡ᠃ ᠲᠡᠭᠡᠭᠡᠳ ᠪᠠᠶᠢᠴᠠᠭᠠᠯᠭᠠᠵᠤ ᠥᠵᠡᠭᠰᠡᠨ ᠴᠢᠨᠢ ᠲᠥᠡᠭᠬᠡᠵᠤ ᠬᠢᠵᠥ ᠭᠠᠷᠭᠠᠬᠤ ᠶᠢᠨ ᠥᠶᠡᠰ 10 ᠬᠡᠳᠤᠨ ᠭᠷᠠᠳᠦ᠋ᠰ ᠤᠷᠴᠢᠮ ᠰᠫᠢᠷᠲ ᠤᠨ ᠠᠭᠤᠯᠤᠭᠳᠠᠴᠠ ᠲᠠᠢ ᠪᠠᠶᠢᠭᠰᠠᠨ ᠪᠤᠯ ᠬᠡᠳᠤᠨ ᠰᠠᠷ ᠎ᠠ ᠶᠢᠨ ᠲᠠᠷᠠᠭ᠎ᠠ 20 ᠬᠡᠳᠤᠨ ᠭᠷᠠᠳᠦ᠋ᠰ ᠪᠤᠯᠴᠢᠬᠠᠵᠦ ᠪᠠᠶᠢᠨ᠎ᠠ︾ ᠬᠡᠵᠥ ᠲᠠᠷᠠᠮ᠎ᠠ ᠰᠢᠷᠠᠰᠤᠨ ᠲᠠᠷᠠᠰᠤ ᠬᠢᠬᠦ ᠶᠠᠪᠤᠴᠠ ᠲᠤᠮᠳᠠᠬᠢ ᠰᠤᠨᠢᠷᠬᠠᠯᠳᠠᠢ ᠤᠴᠢᠷ ᠤᠳ ᠢᠶᠠᠨ ᠱᠤᠭ ᠪᠤᠯᠭᠠᠨ ᠶᠠᠷᠢᠯ᠎ᠠ᠃ ᠰᠢᠷᠠᠰᠤᠨ ᠲᠠᠷᠠᠰᠤ ᠪᠦᠳᠤᠬᠦ ᠳᠤ ᠪᠠᠷᠤᠭ ᠰᠠᠷ ᠎ᠠ ᠬᠢᠷᠢᠳᠠᠢ ᠴᠠᠭ ᠬᠡᠷᠡᠭᠰᠡᠵᠦ᠂ 40 ᠵᠢᠩ ᠰᠢᠷᠠᠰᠤ ᠠᠴᠠ 6 ᠯᠠᠩ ᠤᠨ ᠬᠡᠮ ᠲᠠᠢ 80 ᠯᠤᠩᠬᠤ ᠰᠢᠷᠠᠰᠤᠨ ᠲᠠᠷᠠᠰᠤ ᠶᠢ ᠲᠠᠷᠤᠰᠢᠭᠤᠯᠤᠨ ᠭᠠᠷᠭᠠᠳᠠᠭ᠃ ᠤᠳᠤ ᠲᠡᠳᠡ ᠲᠠᠷᠤᠰᠢᠭᠤᠯᠵᠥ ᠭᠠᠷᠭᠠᠭᠰᠠᠨ ᠲᠠᠷᠠᠰᠤ ᠪᠠᠨ ᠯᠤᠩᠬᠤ ᠪᠥᠷᠢ ᠶᠢ 60 ᠲᠥᠬᠦᠷᠢᠭ ᠢᠶᠠᠷ ᠪᠤᠷᠤᠯᠠᠭᠤᠯᠵᠤ ᠪᠠᠶᠢᠨ᠎ᠠ᠃   ᠡᠷᠳᠡᠨᠢᠬᠤᠸᠠᠷ ᠤᠨ ᠬᠢᠨ ᠤ ᠵᠢᠯ ᠤᠨ ᠤᠷᠤᠯᠭ᠎ᠠ 20 ᠭᠠᠷᠤᠢ ᠲᠥᠮᠡᠨ ᠲᠥᠬᠦᠷᠢᠭ ᠲᠤ ᠬᠥᠷᠳᠡᠭ᠃ ᠲᠡᠷᠡ ᠤᠯᠠᠮᠵᠢᠯᠠᠯᠳᠤ ᠴᠠᠭᠠᠨ ᠢᠳᠡᠬᠡᠨ ᠢ ᠤᠯᠠᠨ ᠲᠥᠷᠥᠯᠵᠢᠬᠦᠯᠤᠨ ᠬᠢᠬᠦ ᠳᠡᠭᠡᠨ ᠠᠷᠢᠭᠤᠨ ᠴᠡᠪᠡᠷ ᠪᠠ ᠴᠢᠨᠡᠷ ᠢ ᠪᠠᠳᠤᠯᠠᠬᠤ ᠶᠢᠨ ᠬᠠᠮᠳᠤ ᠥᠨᠡᠨᠴᠢ ᠢᠳᠡᠬᠡᠮᠵᠢ ᠶᠢ ᠪᠠᠷᠢᠮᠳᠠᠯᠠᠭᠰᠠᠨ ᠠᠴᠠ ᠴᠠᠭᠠᠨ ᠢᠳᠡᠬᠡᠨ ᠤ ᠪᠤᠷᠤᠯᠠᠭᠤᠯᠭ᠎ᠠ ᠨᠢ ᠵᠢᠯ ᠠᠴᠠ ᠵᠢᠯ ᠰᠠᠶᠢᠵᠢᠷᠠᠬᠰᠠᠨ ᠪᠠᠶᠢᠨ᠎ᠠ᠃ ︽ᠤᠢᠢᠷ᠎ᠠ ᠶᠢᠨ ᠬᠤᠶᠠᠷ ᠵᠢᠯ ᠡᠪᠡᠰᠤ ᠪᠤᠷᠳᠤᠭᠠᠨ ᠤ ᠥᠨ᠎ᠠ ‍ᠦᠰᠦᠭᠰᠡᠨ ᠵᠡᠷᠬᠡ ᠰᠢᠯᠳᠠᠭᠠᠨ ᠠᠴᠠ ᠪᠤᠯᠤᠭᠠᠳ ᠤᠯᠠᠮᠵᠢᠯᠠᠯᠳᠤ ᠴᠠᠭᠠᠨ ᠢᠳᠡᠬᠡᠨ ᠤ ᠤᠷᠤᠯᠭ᠎ᠠ ᠲᠡᠶᠢᠮᠦ ᠰᠠᠶᠢᠨ ᠪᠢᠰᠢ᠂ ᠰᠢᠷᠠᠰᠤ ᠂ ᠰᠢᠷᠠᠰᠤᠨ ᠲᠠᠷᠠᠰᠤ᠂ ᠪᠤᠷᠠᠮ ᠵᠡᠷᠬᠡ ᠪᠥᠳᠥᠬᠡᠭᠳᠡᠬᠦᠨ ᠢ ᠨᠡᠮᠡᠵᠥ ᠬᠢᠭᠰᠡᠨ ᠠᠴᠠ ᠤᠷᠤᠯᠭ᠎ᠠ ᠰᠠᠶᠢᠵᠢᠷᠠᠵᠥ ᠡᠬᠢᠯᠡᠯ᠎ᠠ᠃ ᠦᠨᠤ ᠪᠢ ᠵᠢᠷᠬᠢᠶ᠎ᠠ ᠶᠢᠨ ᠨᠠᠶᠢᠵᠠ ᠶᠢᠨ ᠲᠤᠭᠤᠷᠢᠭ ᠲᠠᠭᠠᠨ ᠵᠠᠷ ᠮᠡᠳᠡᠭᠡ ᠲᠠᠷᠬᠠᠭᠠᠵᠥ ᠪᠤᠷᠤᠯᠠᠭᠤᠯᠵᠤ ᠪᠠᠶᠢᠨ᠎ᠠ᠂ ᠬᠤᠵᠢᠮ ᠴᠠᠭᠠᠨ ᠢᠳᠡᠬᠡᠨ ᠤ ᠭᠠᠷ ᠬᠥᠢᠴᠡᠳᠬᠡᠯ᠂ ᠥᠨᠡᠮᠯᠡᠯ ᠢᠶᠠᠨ ᠪᠥᠷᠢᠨ ᠪᠤᠯᠭᠠᠪᠠᠯ ᠡᠯ ᠎ᠡ ᠭᠠᠵᠠᠷ ᠤᠨ ᠲᠡᠯᠬᠡᠨ ᠥᠵᠡᠬᠦᠯᠬᠡ ᠪᠤᠶᠤ ᠬᠡᠳᠤ ᠲᠡᠯᠬᠡᠬᠦᠷ ᠵᠡᠷᠬᠡ ᠳᠤ ᠦᠭᠴᠤ᠂ ᠵᠠᠬ᠎ᠠ ᠲᠡᠯᠬᠡᠬᠦᠷ ᠢᠶᠠᠨ ᠤᠯᠠᠮ ᠥ ᠷᠬᠡᠳᠬᠡᠬᠦ ᠰᠠᠨᠠᠭ᠎ᠠ ᠲᠠᠢ︾ ᠬᠡᠵᠥ ᠡᠷᠳᠡᠨᠢᠬᠤᠸᠠᠷ ᠰᠤᠷᠪᠤᠯᠵᠢᠯᠠᠬᠴᠢ ᠳᠤ ᠶᠠᠷᠢᠨ᠎ᠠ᠃   ᠰᠠᠷᠠᠭᠤᠯ ᠤᠬᠠᠭᠠᠨ ᠲᠠᠢ ᠰᠠᠭᠠᠯᠢᠴᠢᠨ ᠪᠥᠰᠡᠬᠦᠢ ᠡᠷᠳᠡᠨᠢᠬᠤᠸᠠᠷ ᠤᠨ ᠰᠠᠭᠠᠯᠢ ᠶᠢᠨ ᠤᠢᠢᠯᠡᠰ ᠨᠡᠩ ᠤᠷᠤᠭᠰᠢᠳᠠᠢ ᠪᠠᠶᠢᠬᠤ ᠶᠢ ᠬᠥᠰᠡᠨ ᠵᠥᠡᠭᠨᠡᠶ ᠎ᠠ︕   ᠰᠤᠷᠪᠤᠯᠵᠢᠯᠠᠭᠴᠢ ᠶᠢᠨ ᠡᠪᠤᠷ ᠲᠡᠮᠳᠡᠭᠯᠡᠯ᠄   ᠰᠢᠷᠠᠰᠤᠨ ᠲᠠᠷᠠᠰᠤ᠂ ᠪᠤᠷᠠᠮ ᠵᠡᠷᠬᠡ ᠴᠠᠭᠠᠨ ᠢᠳᠡᠬᠡᠨ ᠢ ᠶᠠᠷᠤ ᠠᠴᠠ ᠠᠮᠰᠠᠵᠥ ᠥᠵᠡᠭᠡ ᠥᠬᠡᠢ ᠪᠤᠯᠬᠤᠷ ᠲᠡᠷᠡ ᠨᠢ ᠰᠤᠷᠪᠤᠯᠵᠢᠯᠠᠭᠴᠢ ᠳᠤ ᠶᠡᠭᠡ ᠰᠤᠨᠢᠷᠬᠠᠯ ᠲᠠᠢ ᠰᠠᠨᠠᠭᠳᠠᠯ᠎ᠠ᠃ ᠮᠠᠯᠴᠢᠨ ᠡᠷᠳᠡᠨᠢᠬᠤᠸᠠᠷ ᠤᠯᠠᠮᠵᠢᠯᠠᠯᠳᠤ ᠴᠠᠭᠠᠨ ᠢᠳᠡᠬᠡᠨ ᠬᠢᠬᠦ ᠶᠢᠨ ᠲᠠᠭᠠᠤ ᠵᠠᠬ ᠎ᠠ ᠲᠡᠯᠬᠡᠬᠦᠷ ᠤᠨ ᠪᠠᠶᠢᠳᠠᠯ ᠢ ᠥᠨᠳᠤᠰᠤᠯᠡᠨ ᠰᠢᠨ᠎ᠠ ᠶᠢ ᠰᠥᠪᠡᠭᠴᠢᠯᠡᠵᠥ᠂ ᠤᠯᠠᠨ ᠲᠥᠷᠥᠯ ᠤᠨ ᠴᠠᠭᠠᠨ ᠢᠳᠡᠬᠡᠨ ᠬᠢᠵᠥ ᠤᠷᠤᠯᠳᠤᠵᠥ ᠪᠠᠶᠢᠬᠤ ᠨᠢ ᠰᠤᠷᠤᠯᠴᠠᠪᠠᠰᠤ ᠵᠤᠬᠢᠬᠤ ᠲᠠᠭᠤᠷᠢᠶᠠᠯ ᠪᠤᠯᠬᠤ ᠶᠤᠮ᠃ ᠮᠠᠰᠢ ᠤᠯᠠᠨ ᠤᠯᠠᠮᠵᠢᠯᠠᠯᠳᠤ ᠰᠤᠶᠤᠯ ᠬᠡᠬᠡᠭᠳᠡᠵᠥ ᠪᠠᠶᠢᠭ᠎ᠠ ᠥᠨᠥᠳᠤᠷ᠂ ᠪᠢᠳᠠ ᠤᠯᠠᠮᠵᠢᠯᠠᠯᠳᠤ ᠰᠤᠶᠤᠯ ᠵᠠᠩᠰᠢᠯ ᠢᠶᠠᠨ ᠤᠯᠠᠮᠵᠢᠯᠠᠵᠥ ᠵᠠᠯᠭᠠᠮᠵᠢᠯᠠᠬᠤ ᠪᠠᠷ ᠪᠠᠷᠠᠬᠤ ᠥᠬᠡᠢ ᠪᠠᠰᠠ ᠰᠢᠨ᠎ᠠ ᠶᠢ ᠡᠬᠦᠳᠤᠨ ᠬᠥᠭᠵᠢᠬᠦᠯᠬᠦ ᠨᠢ ᠨᠡᠶᠢᠬᠡᠮ ᠤᠨ ᠴᠢᠬᠤᠯᠠ ᠨᠢᠬᠡᠨ ᠬᠡᠷᠡᠭᠴᠡᠭᠡ ᠱᠠᠭᠠᠷᠳᠠᠯᠭ᠎ᠠ ᠪᠤᠯᠵᠥ ᠪᠠᠶᠢᠭ᠎ᠠ ᠶᠤᠮ᠃ ᠰᠢᠨ᠎ᠠ ᠴᠠᠭ ᠤᠨ ᠮᠠᠯᠴᠢᠳ ᠮᠠᠨᠢ ᠤᠯᠠᠮᠵᠢᠯᠠᠯ ᠬᠢᠬᠡᠳ ᠰᠢᠨᠡᠴᠢᠯᠡᠯ ᠤᠨ ᠠᠭᠤᠯᠵᠠᠷ ᠲᠡᠭᠡᠷ ᠎ᠠ ᠤᠯᠠᠮᠵᠢᠯᠠᠯᠳᠤ ᠰᠤᠶᠤᠯ ᠤᠨ ᠵᠠᠯᠭᠠᠮᠵᠢᠯᠠᠭᠴᠢ ᠪᠤᠯᠬᠤ ᠮᠥᠷᠳᠡᠬᠡᠨ ᠬᠥᠭᠵᠢᠬᠦᠯᠥᠭᠴᠢ ᠪᠤᠯᠬᠤ ᠲᠠᠷᠬᠠᠨ ᠡᠬᠦᠷᠬᠡ ᠪᠠᠨ ᠰᠠᠶᠢᠳᠤᠷ ᠪᠡᠶᠡᠯᠡᠬᠦᠯᠬᠦ ᠨᠢ ᠮᠠᠰᠢ ᠴᠢᠬᠤᠯᠠ ᠬᠡᠮᠡᠨ ᠨᠡᠮ᠎ᠠ ᠳᠤ ᠪᠤᠳᠤᠭᠳᠠᠯ᠎ᠠ᠃
 ᠡᠷᠳᠡᠨᠢᠬᠤᠸᠠᠷ 
ᠰᠢᠷᠠᠰᠤᠨ ᠲᠠᠷᠠᠰᠤ
 
ᠢᠷᠡᠯᠲᠡ᠄ ᠤᠷᠳᠤᠰ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号