ᠪᠷᠥ᠋ᠼᠧᠯ ᠡᠪᠡᠳᠴᠢᠨ ᠢ ᠰᠡᠷᠭᠡᠶᠢᠯᠡᠨ ᠡᠮᠨᠡᠬᠦ ᠲᠤᠬᠠᠢ
ᠨᠡᠶᠢᠲᠡᠯᠡᠭᠰᠡᠨ ᠴᠠᠭ᠄
2022/10/1
       ︽ᠰᠡᠷᠭᠡᠶᠢᠯᠡᠬᠦ ᠪᠠᠷ ᠭᠤᠣᠯ ᠪᠤᠯᠭᠠᠬᠤ︾ ᠴᠢᠭᠯᠡᠯᠲᠡ ᠶᠢ ᠪᠠᠷᠢᠮᠲᠠᠯᠠᠵᠤ᠂ ᠮᠠᠯ ᠳᠤ ᠡᠭᠡᠭᠡᠯᠯᠡᠪᠥᠷᠢ ᠬᠢᠬᠦ ᠪᠠᠷ ᠭᠤᠣᠯ ᠪᠤᠯᠭᠠᠵᠤ ᠶᠡᠷᠦᠩᠬᠡᠶᠢᠯᠡᠨ  ᠰᠡᠷᠭᠡᠶᠢᠯᠡᠨ ᠡᠮᠨᠡᠬᠦ ᠶᠢ ᠨᠠᠷᠢᠨ ᠬᠢᠨᠠᠮᠠᠭᠠᠢ ᠲᠤᠤᠱᠯᠠᠭᠤᠯᠵᠤ᠂ ᠪᠷᠥ᠋ᠼᠧᠯ ᠡᠪᠡᠳᠴᠢᠨ ᠢ ᠬᠢᠵᠠᠭᠠᠷᠯᠠᠬᠤ ᠪᠠ ᠤᠰᠠᠳᠬᠠᠬᠤ ᠬᠡᠷᠡᠭᠲᠡᠢ᠃            1᠂ ᠲᠣᠭᠲᠠᠭᠰᠠᠨ ᠬᠤᠭᠤᠴᠠᠭ᠎ᠠ ᠲᠠᠢ ᠪᠠᠷ ᠬᠢᠵᠢᠭ ᠪᠠᠶᠢᠴᠠᠭᠠᠬᠤ            ① ᠬᠢᠵᠢᠭᠲᠦ ᠣᠷᠣᠨ ᠳᠤ ᠵᠢᠯ ᠪᠦᠷᠢ ᠲᠣᠭᠲᠠᠭᠰᠠᠨ ᠬᠤᠭᠤᠴᠠᠭ᠎ᠠ ᠲᠠᠢ ᠪᠠᠷ ᠬᠤᠶᠠᠷ ᠤᠳᠠᠭ᠎ᠠ ᠬᠢᠵᠢᠭ ᠪᠠᠶᠢᠴᠠᠭᠠᠬᠤ ᠬᠡᠷᠡᠭᠲᠡᠢ ︵ᠲᠥᠯᠯᠡᠭᠰᠡᠨ ᠤ  ᠳᠠᠷᠠᠭ᠎ᠠ ᠬᠡᠭᠡᠯᠲᠦᠭᠦᠯᠭᠡ ᠬᠢᠭᠰᠡᠨ ᠤ ᠳᠠᠷᠠᠭ᠎ᠠ︶᠂ ᠦᠬᠡᠷ ᠭᠠᠭ᠋ᠠᠢ ᠳᠤ ᠡᠭᠡᠳᠡᠷᠡᠬᠦ ᠤᠷᠪᠠᠯ᠂ ᠬᠤᠨᠢ ᠢᠮᠠᠭ᠎ᠠ ᠳᠤ ᠬᠡᠳᠦ ᠰᠣᠷᠭᠤᠭᠵᠢᠯ ᠤᠷᠪᠠᠯ ᠢ ᠬᠡᠷᠡᠭᠯᠡᠨ᠎ᠡ᠃            ② ᠪᠠᠶᠢᠴᠠᠭᠠᠵᠤ ᠭᠠᠷᠭᠠᠭᠰᠠᠨ ᠢᠶᠠᠨ ᠴᠢᠩᠭ᠎ᠠ ᠳᠤᠰᠭᠠᠷᠯᠠᠵᠤ᠂ ᠲᠣᠭᠲᠠᠭᠰᠠᠨ ᠭᠠᠵᠠᠷ ᠲᠤ ᠪᠡᠯᠴᠢᠭᠡᠷᠯᠡᠭᠦᠯᠦᠨ᠎ᠡ᠃            ③ ᠬᠢᠵᠢᠭ ᠤᠨ ᠪᠠᠶᠢᠴᠠᠭᠠᠯᠲᠠ ᠳᠤ ᠪᠢᠯᠢᠭ ᠴᠢᠨᠠᠷᠲᠠᠢ ᠳᠤᠨᠢ ᠲᠣᠭᠲᠠᠭᠰᠠᠨ ᠬᠤᠭᠤᠴᠠᠭ᠎ᠠ ᠲᠠᠢ ᠤᠷᠢᠳᠴᠢᠯᠠᠨ ᠰᠡᠷᠭᠡᠶᠢᠯᠡᠬᠦ ᠲᠠᠷᠢᠯᠭ᠎ᠠ ᠲᠠᠷᠢᠨ᠎ᠠ᠃            ④ ᠥᠪᠡᠷᠲᠡᠭᠡᠨ ᠦᠷᠡᠵᠢᠭᠦᠯᠵᠦ ᠲᠡᠵᠢᠭᠡᠨ᠎ᠡ᠃            ⑤ ᠦᠷᠡᠵᠢᠯ ᠤᠨ ᠪᠤᠬ᠎ᠠ ᠳᠤ ᠬᠢᠵᠢᠭ ᠤᠨ ᠪᠠᠶᠢᠴᠠᠭᠠᠯᠲᠠ ᠬᠢᠵᠦ᠂ ᠡᠷᠡᠭᠦᠯ ᠪᠤᠬ᠎ᠠ ᠪᠠᠷ ᠬᠡᠭᠡᠯᠲᠦᠭᠦᠯᠭᠡ ᠬᠢᠨ᠎ᠡ᠃            2᠂ ᠲᠣᠭᠲᠠᠭᠰᠠᠨ ᠬᠤᠭᠤᠴᠠᠭ᠎ᠠ ᠲᠠᠢ ᠪᠠᠷ ᠤᠷᠢᠳᠴᠢᠯᠠᠨ ᠰᠡᠷᠭᠡᠶᠢᠯᠡᠯᠲᠡ ᠶᠢᠨ ᠲᠠᠷᠢᠯᠭ᠎ᠠ ᠲᠠᠷᠢᠬᠤ            ① ᠭᠠᠭ᠋ᠠᠢ ᠶᠢᠨ ᠬᠤᠶᠠᠳᠤᠭᠠᠷ ᠨᠣᠮᠧᠷᠲᠤ ᠸᠠᠺᠽᠢᠨ᠄ ᠭᠠᠭ᠋ᠠᠢ ᠶᠢᠨ ᠲᠥᠷᠥᠯ ᠤᠨ ᠠᠮᠢᠳᠤ ᠪᠣᠳᠠᠰ ᠤᠨ I ᠬᠡᠯᠪᠡᠷᠢᠲᠦ ᠰᠣᠩᠭᠤᠳᠠᠭ ᠬᠡᠯᠪᠡᠷᠢ ᠶᠢᠨ  ᠪᠠᠺᠲ᠋ᠧᠷᠢ ᠶᠢᠨ ᠰᠠᠭᠤᠷᠢ ᠪᠠᠷ ᠬᠢᠭᠰᠡᠨ ᠸᠠᠺᠽᠢᠨ᠃ ᠤᠯᠠᠨ ᠲᠥᠷᠥᠯ ᠤᠨ ᠵᠠᠮ ᠢᠶᠠᠷ ᠡᠭᠡᠭᠡᠯᠯᠡᠪᠥᠷᠢᠯᠡᠵᠤ ᠪᠤᠯᠳᠠᠭ ︵ᠲᠠᠷᠢᠬᠤ᠂ ᠤᠰᠤᠯᠠᠬᠤ᠂ ᠠᠮᠢᠰᠬᠤᠬᠤ᠂  ᠲᠡᠵᠢᠭᠡᠬᠦ︶᠂ ᠬᠤᠨᠢ ᠢᠮᠠᠭᠠᠨ ᠤ ᠬᠠᠮᠠᠭᠠᠯᠠᠯᠲᠠ ᠶᠢᠨ ᠬᠤᠭᠤᠴᠠᠭ᠎ᠠ 4~5 ᠵᠢᠯ ᠪᠠᠶᠢᠵᠤ᠂ ᠦᠨᠳᠦᠰᠦᠨ ᠳᠡᠭᠡᠨ ᠬᠤᠣᠷᠲᠤ ᠤᠷᠪᠠᠯ ᠦᠭᠡᠢ ᠶᠤᠮ᠃ ᠬᠥᠮᠥᠨ ᠳᠤ ᠬᠥᠩᠭᠡᠨ ᠬᠤᠣᠷᠲᠤ ᠴᠢᠨᠠᠷ ᠲᠠᠢ᠂ ᠬᠡᠭᠡᠯ ᠲᠠᠢ ᠮᠠᠯ ᠪᠠ ᠲᠠᠯᠳᠠ ᠴᠢᠨᠠᠷᠲᠤ ᠮᠠᠯ ᠳᠤ ᠠᠶᠤᠯ ᠦᠭᠡᠢ ᠪᠠᠶᠢᠳᠠᠭ᠃ ᠪᠠᠰᠠ ᠪᠠᠴᠢᠮ ᠤᠷᠢᠳᠴᠢᠯᠠᠨ  ᠰᠡᠷᠭᠡᠶᠢᠯᠡᠯᠲᠡ ᠶᠢᠨ ᠲᠠᠷᠢᠯᠭ᠎ᠠ ᠳᠤ ᠬᠡᠷᠡᠭᠯᠡᠵᠦ ᠪᠣᠯᠣᠨ᠎ᠠ᠃            ② ᠬᠤᠨᠢ ᠢᠮᠠᠭᠠᠨ ᠤ ᠲᠠᠪᠤᠳᠤᠭᠠᠷ ᠨᠣᠮᠧᠷᠲᠤ ᠸᠠᠺᠽᠢᠨ᠄ ᠬᠠᠷᠪᠢᠨ ᠤ ᠮᠠᠯ ᠡᠮᠨᠡᠯᠭᠡ ᠤᠨ ᠰᠤᠳᠤᠯᠬᠤ ᠭᠠᠵᠠᠷ ᠰᠤᠳᠤᠯᠤᠨ ᠪᠣᠶᠢᠵᠢᠭᠤᠯᠪᠠ᠃ ᠠᠭᠤᠷ  ᠪᠤᠶᠤ ᠲᠠᠷᠢᠯᠭ᠎ᠠ ᠪᠠᠷ ᠪᠦᠷ ᠡᠭᠡᠭᠡᠯᠯᠡᠪᠥᠷᠢᠯᠡᠵᠤ ᠪᠣᠯᠣᠨ᠎ᠠ᠃ ᠦᠬᠡᠷ᠂ ᠬᠤᠨᠢ ᠢᠮᠠᠭ᠎ᠠ ᠳᠤ ᠲᠣᠬᠢᠷᠠᠮᠵᠢᠲᠠᠢ᠂ ᠭᠠᠭ᠋ᠠᠢ ᠳᠤ ᠦᠢᠯᠡᠳᠦᠯ ᠦᠭᠡᠢ᠃  ᠡᠭᠡᠭᠡᠯᠯᠡᠪᠥᠷᠢᠯᠡᠯᠳᠡ ᠶᠢᠨ ᠬᠤᠭᠤᠴᠠᠭ᠎ᠠ ᠨᠢ ᠦᠬᠡᠷ ᠲᠤ 1 ᠵᠢᠯ᠂ ᠬᠤᠨᠢ ᠢᠮᠠᠭ᠎ᠠ ᠳᠤ 2 ᠵᠢᠯ᠂ ᠬᠡᠭᠡᠯ ᠲᠠᠢ ᠮᠠᠯ ᠪᠠ ᠪᠠᠭᠤᠷᠠᠢ ᠮᠠᠯ ᠳᠤ ᠬᠡᠷᠡᠭᠯᠡᠵᠦ ᠪᠤᠯᠬᠤ ᠦᠭᠡᠢ ᠶᠤᠮ᠃            ③19 ᠨᠣᠮᠧᠷᠲᠤ ᠸᠠᠺᠽᠢᠨ᠄ ᠡᠨᠡ ᠬᠦ ᠸᠠᠺᠽᠢᠨ ︵ᠭᠠᠳᠠᠭᠠᠳᠤ ᠤᠯᠤᠰ ᠤᠨ ᠦᠢᠯᠡᠳᠪᠦᠷᠢᠯᠡᠭᠰᠡᠨ︶ ᠢ ᠭᠠᠭᠴᠠ ᠬᠦ ᠦᠬᠡᠷ᠂ ᠬᠤᠨᠢ ᠳᠤ ᠬᠡᠷᠡᠭᠯᠡᠨ᠎ᠡ᠃ 5 ᠰᠠᠷ᠎ᠠ ᠠᠴᠠ ᠳᠣᠷᠣᠭᠰᠢᠬᠢ ᠨᠢᠯᠬ᠎ᠠ ᠲᠤᠭᠤᠯ᠂ 4 ᠰᠠᠷ᠎ᠠ ᠠᠴᠠ ᠳᠣᠷᠣᠭᠰᠢᠬᠢ ᠨᠢᠯᠬ᠎ᠠ ᠬᠤᠷᠠᠭ᠎ᠠ᠂ ᠬᠡᠭᠡᠯ ᠲᠠᠢ ᠦᠨᠢᠶ᠎ᠡ ᠬᠤᠨᠢ ᠵᠢᠴᠢ ᠬᠥᠭᠰᠢᠷᠡᠭᠰᠡᠨ᠂ ᠪᠠᠭᠤᠷᠠᠢ ᠮᠠᠯ ᠳᠤ ᠬᠡᠷᠡᠭᠯᠡᠵᠦ ᠪᠤᠯᠬᠤ ᠦᠭᠡᠢ᠂ ᠦᠬᠡᠷ ᠤᠨ ᠡᠭᠡᠭᠡᠯᠯᠡᠪᠥᠷᠢ ᠶᠢᠨ ᠬᠤᠭᠤᠴᠠᠭ᠎ᠠ ᠨᠢ ᠨᠠᠰᠤᠨ ᠲᠤᠷᠰᠢ ᠪᠠᠶᠢᠳᠠᠭ᠃            ④pI ᠸᠠᠺᠽᠢᠨ᠄ ᠠᠨᠲ᠋ᠢᠭ᠍ᠸᠡ ᠤ ᠰᠢᠢᠳᠪᠦᠷᠢᠯᠡᠭᠴᠢ ᠪᠦᠯᠦᠭ ᠤᠨ ᠸᠠᠺᠽᠢᠨ ᠨᠢ ᠬᠢᠵᠢᠭ ᠪᠠᠶᠢᠴᠠᠭᠠᠯᠲᠠ ᠶᠢ ᠬᠠᠷᠰᠢᠯᠠᠬᠤ ᠦᠭᠡᠢ ᠶᠤᠮ᠃           3᠂ ᠴᠢᠩᠭ᠎ᠠ ᠠᠷᠢᠭᠤᠳᠬᠠᠬᠤ            ① ᠡᠩ ᠤᠨ ᠦᠶ᠎ᠡ ᠳᠤ ᠲᠣᠭᠲᠠᠭᠰᠠᠨ ᠬᠤᠭᠤᠴᠠᠭ᠎ᠠ ᠲᠠᠢ ᠪᠠᠷ ᠠᠷᠢᠭᠤᠳᠬᠠᠨ᠎ᠠ᠃            ② ᠡᠪᠡᠳᠴᠢᠨ ᠲᠠᠢ ᠦᠶ᠎ᠡ ᠳᠤᠨᠢ ᠦᠷᠭᠦᠯᠵᠢ ᠴᠠᠭ ᠲᠤᠬᠠᠢ ᠳᠤᠨᠢ ᠠᠷᠢᠭᠤᠳᠬᠠᠨ᠎ᠠ᠃           4᠂ ᠡᠷᠡᠭᠦᠯ ᠦᠬᠡᠷ ᠤᠨ ᠰᠥᠷᠥᠭ ᠪᠣᠶᠢᠵᠢᠭᠤᠯᠬᠤ       ᠡᠭᠡᠭᠡᠯᠯᠡᠪᠥᠷᠢ ᠶᠢᠨ ᠠᠮᠢᠳᠤ ᠪᠣᠳᠠᠰ ᠤᠨ ᠠᠷᠭ᠎ᠠ ᠪᠠᠷ ᠮᠠᠯ ᠰᠥᠷᠥᠭ ᠲᠤ ᠲᠠᠬᠢᠨ ᠳᠠᠪᠲᠠᠨ ᠪᠠᠶᠢᠴᠠᠭᠠᠯᠲᠠ ᠬᠢᠨ᠎ᠡ᠃ ᠬᠡᠷᠪᠡ ᠠᠷᠭ᠎ᠠ ᠴᠢᠨᠠᠷᠲᠠᠢ ᠮᠠᠯ  ᠭᠠᠷᠪᠠᠯ ᠠᠷᠭ᠎ᠠ ᠴᠢᠨᠠᠷᠲᠠᠢ ᠮᠠᠯ ᠢ ᠲᠤᠰᠠᠭᠠᠷᠯᠠᠨ ᠲᠡᠵᠢᠭᠡᠵᠦ᠂ ᠪᠢᠯᠢᠭ ᠴᠢᠨᠠᠷᠲᠠᠢ ᠮᠠᠯ ᠢ ᠡᠷᠡᠭᠦᠯ ᠳᠤ ᠵᠢᠱᠢᠭᠳᠡᠭᠰᠡᠨ ᠰᠥᠷᠥᠭ ᠢᠶᠠᠷ ᠦᠵᠡᠵᠦ᠂ ᠥᠷᠭᠦᠯᠵᠢᠯᠡᠨ ᠲᠡᠵᠢᠭᠡᠵᠦ ᠪᠠᠶᠢᠴᠠᠭᠠᠨ᠎ᠠ᠃ ᠨᠢᠭᠡ ᠠᠴᠠ ᠳᠡᠭᠡᠭᠰᠢ ᠠᠷᠭ᠎ᠠ ᠴᠢᠨᠠᠷᠲᠠᠢ ᠮᠠᠯ ᠭᠠᠷᠬᠤ ᠦᠭᠡᠢ ︵ᠡᠬᠢᠨ ᠳᠡᠭᠡᠨ ᠰᠠᠷ᠎ᠠ ᠪᠦᠷᠢ ᠨᠢᠭᠡ ᠤᠳᠠᠭ᠎ᠠ ᠪᠠᠶᠢᠴᠠᠭᠠᠵᠤ᠂  2~3 ᠤᠳᠠᠭ᠎ᠠ ᠪᠠᠶᠢᠴᠠᠭᠠᠭᠰᠠᠨ ᠤ ᠲᠠᠷᠠᠭ᠎ᠠ 6 ᠰᠠᠷ᠎ᠠ ᠪᠦᠷᠢ ᠳᠤ ᠨᠢᠭᠡ ᠤᠳᠠᠭ᠎ᠠ ᠪᠠᠶᠢᠴᠠᠭᠠᠨ᠎ᠠ︶ ᠮᠥᠷᠲᠡᠭᠡᠨ ᠬᠡᠪ ᠤᠨ ᠦᠷᠡᠵᠢᠯᠲᠡ ᠲᠠᠢ ᠪᠣᠯ ᠡᠪᠡᠳᠴᠢᠨ  ᠦᠭᠡᠢ ᠮᠠᠯ ᠰᠥᠷᠥᠭ ᠲᠤ ᠲᠣᠭᠠᠴᠠᠭᠳᠠᠨ᠎ᠠ᠃            ᠰᠦᠨ ᠤ ᠦᠨᠢᠶᠡᠨ ᠤ ᠲᠠᠯᠠᠪᠠᠢ ᠳᠤ ᠡᠬᠡ ᠮᠠᠯ ᠳᠤ ᠡᠷᠡᠭᠦᠯ ᠪᠤᠬ᠎ᠠ ᠶᠢᠨ ᠦᠷ᠎ᠡ ᠶᠢᠨ ᠰᠢᠩᠭᠡᠨ ᠢᠶᠠᠷ ᠭᠠᠷ ᠬᠡᠭᠡᠯᠲᠦᠭᠦᠯᠭᠡ ᠬᠢᠨ᠎ᠡ᠃ ᠡᠷᠡᠭᠦᠯ ᠲᠤᠭᠤᠯ ᠳᠤ ᠡᠬᠢᠨ ᠳᠡᠭᠡᠨ ᠡᠬᠡ ᠶᠢᠨ ᠬᠢᠨᠢ ᠰᠦ᠋ ᠶᠢ ᠬᠥᠬᠦᠭᠦᠯᠵᠦ᠂ 3~5 ᠡᠳᠦᠷ ᠤᠨ ᠲᠠᠷᠠᠭ᠎ᠠ ᠲᠤᠰᠠᠭᠠᠷᠯᠠᠭᠠᠳ ᠡᠷᠡᠭᠦᠯ ᠰᠦ᠋ ᠪᠠᠷ ᠲᠡᠵᠢᠭᠡᠨ᠎ᠡ᠃ 5 ᠰᠠᠷ᠎ᠠ  ᠪᠣᠯᠣᠨ 9 ᠰᠠᠷ᠎ᠠ ᠪᠣᠯᠵᠤ ᠥᠰᠦᠭᠰᠡᠨ ᠤ ᠳᠠᠷᠠᠭ᠎ᠠ ᠬᠤᠶᠠᠷ ᠤᠳᠠᠭ᠎ᠠ ᠬᠢᠵᠢᠭ ᠤᠨ ᠪᠠᠶᠢᠴᠠᠭᠠᠯᠲᠠ ᠬᠢᠨ᠎ᠡ᠃ ᠲᠡᠭᠡᠭᠡᠳ ᠪᠢᠯᠢᠭ ᠴᠢᠨᠠᠷᠲᠠᠢ ᠶᠢ ᠨᠢ ᠡᠷᠡᠭᠦᠯ  ᠦᠬᠡᠷ ᠤᠨ ᠰᠥᠷᠥᠭ ᠲᠤ ᠰᠣᠩᠭᠤᠵᠤ᠂ ᠠᠷᠭ᠎ᠠ ᠴᠢᠨᠠᠷᠲᠠᠢ ᠶᠢ ᠨᠢ ᠡᠪᠡᠳᠴᠢᠨ ᠲᠠᠢ ᠰᠥᠷᠥᠭ ᠲᠤ ᠨᠡᠶᠢᠯᠡᠭᠦᠯᠵᠦ ᠡᠮᠨᠡᠨ ᠵᠠᠰᠠᠨ᠎ᠠ᠃           5᠂ ᠡᠪᠡᠳᠴᠢᠨ ᠲᠠᠢ ᠮᠠᠯ ᠢ ᠰᠢᠢᠳᠪᠦᠷᠢᠯᠡᠬᠦ            ① ᠡᠪᠡᠳᠴᠢᠲᠡᠢ ᠮᠠᠯ ᠤᠯᠠᠨ ᠪᠢᠰᠢ ᠮᠥᠷᠲᠡᠭᠡᠨ ᠦᠨ᠎ᠡ ᠥᠷᠳᠡᠭ ᠨᠢ ᠥᠨᠳᠥᠷ ᠪᠢᠰᠢ ᠦᠶ᠎ᠡ ᠳᠤ ᠨᠢᠲᠤᠯᠵᠤ᠂ ᠮᠢᠬ᠎ᠠ ᠶᠢ ᠨᠢ ᠥᠨᠳᠥᠷ ᠳᠤᠯᠠᠭᠠᠨ ᠢᠶᠠᠷ ᠰᠢᠢᠳᠪᠦᠷᠢᠯᠡᠭᠰᠡᠨ ᠤ ᠳᠠᠷᠠᠭ᠎ᠠ ᠢᠳᠡᠰᠢᠨ ᠳᠤ ᠬᠡᠷᠡᠭᠯᠡᠨ᠎ᠡ᠃            ② ᠡᠪᠡᠳᠴᠢᠲᠡᠢ ᠮᠠᠯ ᠨᠢ ᠤᠯᠠᠨ ᠪᠢᠰᠢ᠂ ᠠᠵᠤ ᠠᠬᠤᠢ ᠶᠢᠨ ᠦᠨ᠎ᠡ ᠥᠷᠳᠡᠭ ᠨᠢ ᠥᠨᠳᠥᠷ ᠦᠶ᠎ᠡ ᠳᠤ ᠲᠤᠰᠠᠭᠠᠷᠯᠠᠵᠤ ᠡᠮᠨᠡᠨ ᠵᠠᠰᠠᠨ᠎ᠠ᠃  ᠠᠨᠲ᠋ᠢᠪᠢᠤᠲ᠋ᠢᠺ᠂ ᠬᠦᠬᠦᠷᠯᠢᠭ ᠠᠮᠢᠨ ᠤ ᠲᠥᠷᠥᠯ ᠤᠨ ᠡᠮ ᠢᠶᠠᠷ ᠡᠮᠨᠡᠨ ᠵᠠᠰᠠᠨ᠎ᠠ᠃ ᠪᠷᠥ᠋ᠼᠧᠯ ᠤᠨ ᠰᠠᠪᠬᠠᠨᠴᠢᠷ ᠪᠠᠺᠲ᠋ᠧᠷᠢ ᠨᠢ ᠡᠰ ᠤᠨ ᠳᠣᠲᠣᠷ᠎ᠠ  ᠠᠮᠢᠳᠤᠷᠠᠵᠤ ᠪᠠᠶᠢᠬᠤ ᠲᠤᠯᠠ ᠬᠢᠮᠢ ᠶᠢᠨ ᠵᠠᠰᠠᠯᠭ᠎ᠠ ᠨᠢ ᠠᠮᠠᠷᠬᠠᠨ ᠲᠤᠰᠠ ᠭᠠᠷᠳᠠᠭ ᠦᠭᠡᠢ ᠶᠤᠮ᠃            ᠰᠦᠨ ᠤ ᠦᠨᠢᠶᠡᠨ ᠤ ᠲᠠᠯᠠᠪᠠᠢ ᠳᠤ ᠡᠭᠡᠭᠡᠯᠯᠡᠪᠥᠷᠢ ᠬᠢᠬᠦ ᠦᠭᠡᠢ᠂ ᠬᠢᠵᠢᠭ ᠤᠨ ᠪᠠᠶᠢᠴᠠᠭᠠᠯᠲᠠ ᠪᠠᠷ ᠴᠡᠪᠡᠷᠵᠢᠭᠦᠯᠦᠨ᠎ᠡ᠃ ᠬᠤᠨᠢ ᠢᠮᠠᠭ᠎ᠠ ᠳᠤ ᠡᠭᠡᠭᠡᠯᠯᠡᠪᠥᠷᠢ ᠬᠢᠨ᠎ᠡ᠃ ᠭᠠᠭ᠋ᠠᠢ ᠳᠤ ᠬᠢᠵᠢᠭ ᠤᠨ ᠪᠠᠶᠢᠴᠠᠭᠠᠯᠲᠠ ᠬᠢᠭᠡᠳ ᠰᠢᠯᠢᠵᠦ ᠰᠣᠩᠭᠤᠭᠰᠠᠨ ᠤ ᠰᠡᠭᠦᠯᠡᠷ ᠡᠭᠡᠭᠡᠯᠯᠡᠪᠥᠷᠢ ᠬᠢᠨ᠎ᠡ᠃ ᠳᠡᠭᠡᠷ᠎ᠡ ᠳᠤᠷᠠᠳᠤᠭᠰᠠᠨ ᠨᠢ ᠪᠦᠷ ᠬᠢᠵᠢᠭ ᠤᠨ ᠪᠠᠶᠢᠴᠠᠭᠠᠯᠲᠠ ᠪᠠᠷ ᠭᠤᠣᠯ ᠪᠣᠯᠭᠠᠨ᠎ᠠ᠃            ᠤᠯᠠᠨ ᠨᠡᠶᠢᠳᠡ ᠶᠢᠨ ᠡᠷᠡᠭᠦᠯ ᠬᠠᠮᠠᠭᠠᠯᠠᠯ᠄ ᠬᠥᠮᠥᠨ ᠳᠤ ᠬᠠᠯᠳᠠᠪᠤᠷᠢᠯᠠᠨ᠎ᠠ᠃ ᠡᠨᠡ ᠨᠢ ᠡᠷᠬᠢᠯᠡᠭᠰᠡᠨ ᠠᠵᠢᠯ ᠲᠠᠢ ᠨᠢ ᠬᠠᠮᠢᠶ᠎ᠠ ᠲᠠᠢ᠂ ᠮᠠᠯᠴᠢᠨ᠂ ᠮᠠᠯ ᠤᠨ ᠡᠮᠴᠢ᠂ ᠠᠯᠠᠵᠤ ᠨᠢᠳᠦᠯᠡᠬᠦ ᠠᠵᠢᠯᠴᠢᠨ ᠳᠤ ᠠᠮᠠᠷᠬᠠᠨ ᠬᠠᠯᠳᠠᠪᠤᠷᠢᠯᠠᠨ᠎ᠠ᠃ ᠭᠤᠣᠯ ᠢᠯᠡᠷᠡᠯ ᠭᠡᠪᠡᠯ ᠳᠣᠯᠭᠢᠶᠠᠯᠢᠭ ᠬᠠᠯᠠᠭᠤᠷᠠᠯ᠂ ᠬᠤᠯᠠᠭᠠᠢ ᠬᠥᠯᠥᠰᠦ  ᠭᠠᠷᠬᠤ᠂ ᠦᠶ᠎ᠡ ᠭᠡᠰᠢᠭᠦᠦ ᠶᠢᠨ ᠦᠷᠪᠢᠰᠦᠯ ᠵᠡᠷᠭᠡ ᠪᠣᠯᠣᠨ᠎ᠠ᠃            ︽ᠮᠠᠯ ᠤᠨ ᠬᠠᠯᠳᠠᠪᠤᠷᠢᠳᠤ ᠡᠪᠡᠳᠴᠢᠨ ᠤ ᠤᠬᠠᠭᠠᠨ︾ ᠭᠡᠬᠦ ᠨᠣᠮ ᠠᠴᠠ ᠪᠠᠭᠤᠯᠭᠠᠪᠠ
ᠢᠷᠡᠯᠲᠡ᠄ ᠤᠷᠳᠤᠰ ᠤᠨ ᠮᠤᠩᠭᠤᠯ ᠭᠡᠯᠡᠨ ᠤ ᠰᠤᠨᠢᠨ ᠮᠡᠳᠡᠭᠡᠨ ᠤ ᠰᠦᠯᠵᠢᠶ᠎ᠡ