ᠬᠤᠷᠠᠭ᠎ᠠ ᠶᠢ ᠰᠢᠨᠵᠢᠯᠡᠬᠦ ᠤᠬᠠᠭᠠᠨᠴᠢ ᠪᠠᠷ ᠠᠷᠠᠴᠢᠯᠠᠨ ᠲᠡᠵᠢᠭᠡᠬᠦ ᠠᠷᠭ᠎ᠠ
ᠨᠡᠶᠢᠲᠡᠯᠡᠭᠰᠡᠨ ᠴᠠᠭ᠄
2022/10/12
      ᠨᠢᠯᠬ᠎ᠠ ᠬᠤᠷᠠᠭ᠎ᠠ ᠶᠢᠨ ᠪᠡᠶ᠎ᠡ ᠶᠢᠨ ᠳᠤᠯᠠᠭᠠᠨ ᠢᠶᠠᠨ ᠲᠣᠬᠢᠷᠠᠭᠤᠯᠬᠤ ᠴᠢᠳᠠᠪᠤᠷᠢ ᠨᠢ ᠳᠡᠶᠢᠮᠤ ᠰᠠᠶᠢᠨ ᠪᠢᠰᠢ᠂ ᠡᠪᠡᠳᠴᠢᠨ ᠭᠡᠮ ᠪᠠ ᠬᠦᠢᠲᠡᠨ ᠢ ᠡᠰᠡᠷᠭᠦᠴᠡᠬᠦ  ᠴᠢᠳᠠᠪᠤᠷᠢ ᠨᠢ ᠲᠤᠷᠤᠢ ᠪᠣᠯᠬᠤᠷ ᠡᠬᠡ ᠠᠴᠠ ᠪᠠᠨ ᠭᠠᠷᠤᠭᠰᠠᠨ ᠤ ᠳᠠᠷᠠᠭᠠᠬᠢ ᠨᠢᠭᠡ ᠭᠠᠷᠠᠭ ᠤᠨ ᠳᠣᠲᠣᠷ᠎ᠠ ᠦᠬᠦᠬᠦ ᠨᠤᠷᠮ᠎ᠠ ᠨᠢ ᠥᠨᠳᠥᠷ ᠪᠠᠶᠢᠳᠠᠭ᠃  ᠳᠡᠶᠢᠮᠤ ᠠᠴᠠ ᠠᠷᠠᠴᠢᠯᠠᠭ᠎ᠠ ᠲᠡᠵᠢᠭᠡᠯᠭᠡ ᠶᠢᠨ ᠲᠠᠯ᠎ᠠ ᠪᠠᠷ ᠣᠨᠴᠠ ᠠᠩᠬᠠᠷᠬᠤ ᠬᠡᠷᠡᠭᠲᠡᠢ ᠪᠠᠶᠢᠳᠠᠭ᠃ ᠬᠤᠷᠠᠭᠠᠨ ᠤ ᠥᠰᠦᠯᠲᠡ ᠶᠢ ᠳᠠᠭᠠᠯᠳᠤᠨ ᠡᠬᠡ ᠮᠠᠯ ᠤᠨ  ᠰᠦ  ᠨᠢ  ᠬᠦᠷᠦᠯᠴᠡᠬᠦ ᠦᠭᠡᠢ ᠪᠠᠶᠢᠳᠠᠯ ᠦᠷᠭᠦᠯᠵᠢ ᠭᠠᠷᠳᠠᠭ ᠲᠤᠯᠠ ᠡᠮ᠎ᠡ ᠬᠤᠨᠢᠨ ᠳᠤ ᠴᠠᠭ ᠲᠤᠬᠠᠢ ᠳᠤᠨᠢ ᠨᠥᠬᠦᠪᠦᠷᠢ ᠪᠣᠷᠳᠤᠭ᠎ᠠ ᠨᠡᠮᠡᠨ ᠥᠭᠴᠦ᠂  ᠵᠣᠬᠢᠬᠤ ᠴᠠᠭ ᠬᠤᠭᠤᠴᠠᠭ᠎ᠠ ᠥᠩᠭᠡᠷᠡᠭᠰᠡᠨ ᠤ ᠰᠡᠭᠦᠯᠡᠷ ᠬᠤᠷᠠᠭ᠎ᠠ ᠶᠢ ᠰᠦ ᠠᠴᠠ ᠨᠢ ᠰᠠᠯᠭᠠᠨ᠎ᠠ᠃ ᠬᠤᠷᠠᠭ᠎ᠠ ᠪᠣᠶᠢᠵᠢᠭᠤᠯᠬᠤ ᠳᠤ  ︽ᠭᠤᠷᠪᠠᠨ ᠡᠷᠲᠡ︾ ︵ᠳᠠᠷᠤᠢ ᠡᠷᠲᠡ ᠤᠭᠤᠷᠠᠭ ᠤᠭᠵᠢᠬᠤ᠂ ᠡᠷᠲᠡ ᠪᠣᠷᠳᠤᠭ᠎ᠠ ᠪᠠᠷ ᠲᠡᠵᠢᠭᠡᠬᠦ ᠪᠠ ᠡᠷᠲᠡ ᠰᠦ ᠠᠴᠠ ᠨᠢ ᠰᠠᠯᠭᠠᠬᠤ︶᠂  ︽ᠭᠤᠷᠪᠠ ᠶᠢ ᠪᠠᠶᠢᠴᠠᠭᠠᠬᠤ︾ ︵ᠢᠳᠡᠰᠢᠨ ᠤ ᠳᠤᠷᠠᠰᠢᠯ ᠢ ᠪᠠᠶᠢᠴᠠᠭᠠᠬᠤ᠂ ᠴᠤᠭ ᠰᠦᠯᠳᠡ ᠶᠢ ᠪᠠᠶᠢᠴᠠᠭᠠᠬᠤ ᠪᠠ ᠢᠯᠭᠠᠳᠠᠰᠤ ᠶᠢ ᠨᠢ ᠪᠠᠶᠢᠴᠠᠭᠠᠬᠤ︶ ᠶᠢ ᠪᠠᠷᠢᠮᠲᠠᠯᠠᠪᠠᠯ᠂ ᠬᠤᠷᠠᠭᠠᠨ ᠤ  ᠤᠨᠳᠤᠷᠤᠯᠳᠠ ᠶᠢᠨ ᠨᠤᠷᠮ᠎ᠠ ᠶᠢ ᠵᠣᠬᠢᠬᠤ ᠬᠡᠮᠵᠢᠶ᠎ᠡ ᠪᠠᠷ ᠲᠡᠭᠡᠭᠰᠢᠯᠡᠭᠦᠯᠵᠤ ᠴᠢᠳᠠᠨ᠎ᠠ ᠭᠡᠳᠡᠭ ᠢ ᠦᠢᠯᠡᠳᠦᠯᠭᠡ ᠭᠡᠷᠡᠴᠢᠯᠡᠭᠰᠡᠨ ᠪᠠᠶᠢᠨ᠎ᠠ᠃              ︵ᠨᠢᠭᠡ︶ ᠬᠤᠷᠠᠭᠠᠯᠠᠭᠰᠠᠨ ᠤ ᠳᠠᠷᠠᠭᠠᠬᠢ 1 - 3 ᠡᠳᠦᠷ ᠲᠤᠰ ᠬᠤᠭᠤᠴᠠᠭᠠᠨ ᠳᠤ ᠬᠤᠷᠠᠭ᠎ᠠ ᠶᠢᠨ ᠤᠭᠤᠷᠠᠭ ᠰᠦ ᠨᠢ ᠬᠦᠷᠦᠯᠴᠡᠬᠦ ᠡᠰᠡᠬᠦ ᠪᠠ  ᠭᠡᠭᠡᠯ ᠤᠨ ᠵᠤᠩᠭᠠᠭ ᠭᠠᠳᠠᠭᠰᠢᠯᠠᠭᠰᠠᠨ ᠡᠰᠡᠬᠦ ᠶᠢ ᠭᠤᠣᠯ ᠠᠩᠬᠠᠷᠤᠨ᠎ᠠ᠃ ᠡᠬᠡ ᠮᠠᠯ ᠤᠨ ᠤᠭᠤᠷᠠᠭ ᠰᠦᠨ ᠳᠤ ᠤᠭᠤᠷᠠᠭ᠂ ᠥᠭᠡᠬᠦ᠂ ᠪᠠᠺᠲ᠋ᠧᠷᠢ ᠶᠢ  ᠡᠰᠡᠷᠭᠦᠴᠡᠬᠦ ᠪᠣᠳᠠᠰ ᠡᠯᠪᠡᠭ ᠪᠠᠶᠢᠳᠠᠭ ᠪᠥᠭᠡᠳ ᠪᠠᠰᠠ ᠶᠡᠭᠡ ᠬᠡᠮᠵᠢᠶᠡᠨ ᠤ ᠮᠠᠩᠭᠠᠨ ᠤ ᠳᠠᠪᠤᠰᠤᠯᠢᠭ ᠪᠣᠳᠠᠰ ᠠᠭᠤᠯᠤᠭᠳᠠᠵᠤ ᠪᠠᠶᠢᠳᠠᠭ᠃ ᠡᠳᠡᠭᠡᠷ ᠪᠣᠳᠠᠰ ᠨᠢ  ᠬᠤᠷᠠᠭᠠᠨ ᠤ ᠪᠡᠶ᠎ᠡ ᠴᠣᠭᠴᠠ ᠶᠢ ᠴᠢᠭᠢᠷᠠᠭᠵᠢᠭᠤᠯᠵᠤ᠂ ᠡᠪᠡᠳᠴᠢᠨ ᠭᠡᠮ ᠢ ᠡᠰᠡᠷᠭᠦᠴᠡᠬᠦ ᠪᠣᠯᠣᠨ ᠭᠡᠭᠡᠯ ᠤᠨ ᠵᠤᠩᠭᠠᠭ ᠢ ᠭᠠᠳᠠᠭᠰᠢᠯᠠᠭᠤᠯᠬᠤ ᠳᠤ ᠴᠢᠬᠤᠯᠠ  ᠦᠢᠯᠡᠳᠦᠯ ᠦᠵᠡᠭᠦᠯᠳᠡᠭ᠃ ᠡᠶᠢᠮᠦ ᠠᠴᠠ ᠨᠢᠯᠬ᠎ᠠ ᠬᠤᠷᠠᠭ᠎ᠠ ᠳᠤ ᠡᠷᠬᠡᠪᠰᠢ ᠤᠭᠤᠷᠠᠭ ᠰᠦ ᠶᠢ ᠨᠢ ᠭᠦᠢᠴᠡᠳ ᠭᠦᠭᠦᠭᠦᠯᠭᠦ ᠬᠡᠷᠡᠭᠲᠡᠢ᠃              ︵ᠬᠤᠶᠠᠷ︶ ᠬᠤᠷᠠᠭᠠᠯᠠᠭᠰᠠᠨ ᠤ ᠳᠠᠷᠠᠭᠠᠬᠢ 3 - 7 ᠡᠳᠦᠷ ᠲᠤᠰ ᠬᠤᠭᠤᠴᠠᠭᠠᠨ ᠳᠤ ᠡᠬᠡ ᠮᠠᠯ ᠪᠠ ᠬᠤᠷᠠᠭ᠎ᠠ ᠶᠢ ᠪᠡᠯᠴᠢᠭᠡᠷ ᠲᠤ ᠭᠠᠷᠭᠠᠨ  ᠬᠠᠷᠢᠭᠤᠯᠵᠤ ᠪᠤᠯᠬᠤ ᠪᠤᠯᠪᠠᠴᠤ ᠬᠤᠷᠠᠭᠠᠨ ᠤ ᠭᠦᠭᠦᠯᠳᠡ ᠭᠦᠢᠴᠡᠳ ᠪᠠᠶᠢᠬᠤ ᠶᠢ ᠪᠠᠲᠤᠯᠠᠬᠤ ᠬᠡᠷᠡᠭᠲᠡᠢ᠃ ᠰᠤᠳᠤᠯᠭᠠᠨ ᠢ ᠦᠨᠳᠦᠰᠦᠯᠡᠪᠡᠯ᠂ ᠬᠤᠷᠠᠭᠠᠯᠠᠭᠰᠠᠨ ᠤ  ᠳᠠᠷᠠᠭᠠᠬᠢ 7 ᠬᠤᠨᠤᠭ ᠤᠨ ᠳᠣᠲᠣᠷ᠎ᠠ ᠬᠤᠷᠠᠭᠠᠨ ᠤ ᠦᠬᠦᠯᠲᠡ ᠶᠢᠨ ᠨᠤᠷᠮ᠎ᠠ ᠨᠢ 85% ᠠᠴᠠ ᠳᠡᠭᠡᠭᠰᠢ ᠪᠠᠶᠢᠳᠠᠭ᠃ ᠡᠭᠦᠨ ᠤ ᠭᠤᠣᠯ ᠰᠢᠯᠲᠠᠭᠠᠨ ᠨᠢ  ᠬᠤᠷᠠᠭ᠎ᠠ ᠭᠢᠯᠪᠠᠷᠬᠠᠨ ᠠᠭᠤᠰᠬᠢᠨ ᠦᠷᠪᠢᠰᠦᠯ᠂ ᠬᠤᠳᠣᠭᠤᠳᠤ ᠭᠡᠳᠡᠰᠦᠨ ᠤ ᠦᠷᠪᠢᠰᠦᠯ᠂ ᠬᠦᠢᠰᠦᠨ ᠤ ᠦᠷᠪᠢᠰᠦᠯ ᠪᠠ ᠴᠢᠴᠠᠭ᠎ᠠ ᠠᠯᠳᠠᠬᠤ ᠵᠡᠷᠭᠡ  ᠡᠪᠡᠳᠴᠢᠨ ᠣᠯᠳᠠᠭ ᠠᠴᠠ ᠪᠣᠯᠤᠭᠰᠠᠨ ᠶᠤᠮ᠃ ᠡᠶᠢᠮᠦ ᠠᠴᠠ ᠬᠤᠨᠢᠨ ᠤ ᠬᠠᠰᠢᠶ᠎ᠠ ᠰᠠᠷᠠᠪᠴᠢ᠂ ᠪᠡᠶ᠎ᠡ ᠶᠢᠨ ᠠᠷᠢᠭᠤᠨ ᠴᠡᠪᠡᠷ ᠢ ᠰᠠᠶᠢᠲᠤᠷ ᠬᠢᠵᠦ᠂ ᠦᠷᠭᠦᠯᠵᠢ  ᠰᠠᠯᠬᠢ ᠨᠡᠪᠲᠡᠷᠡᠭᠦᠯᠬᠦ ᠶᠢ ᠠᠩᠬᠠᠷᠴᠤ᠂ ᠬᠤᠷᠠᠭ᠎ᠠ ᠪᠠᠨ ᠲᠣᠭᠲᠠᠭᠰᠠᠨ ᠴᠠᠭ ᠲᠤ ᠲᠣᠭᠲᠠᠭᠰᠠᠨ ᠬᠡᠮᠵᠢᠶ᠎ᠡ ᠲᠠᠢ ᠭᠦᠭᠦᠭᠦᠯᠭᠦ ᠬᠡᠷᠡᠭᠲᠡᠢ᠃             ︵ᠭᠤᠷᠪᠠ︶ ᠬᠤᠷᠠᠭᠠᠯᠠᠭᠰᠠᠨ ᠤ ᠳᠠᠷᠠᠭᠠᠬᠢ 7 - 10 ᠡᠳᠦᠷ ᠲᠤᠰ ᠬᠤᠭᠤᠴᠠᠭᠠᠨ ᠳᠤ ᠬᠠᠭᠤᠷᠠᠢ ᠡᠪᠡᠰᠦ ᠪᠠᠷ ᠲᠡᠵᠢᠭᠡᠵᠦ ᠤᠰᠤᠯᠠᠨ᠎ᠠ᠃  ᠬᠤᠷᠠᠭᠠᠨ ᠤ ᠬᠠᠰᠢᠶ᠎ᠠ ᠰᠠᠷᠠᠪᠴᠢ ᠳᠤ ᠦᠷᠭᠦᠯᠵᠢ ᠬᠠᠭᠤᠷᠠᠢ ᠬᠥᠬᠡ ᠡᠪᠡᠰᠦ᠂ ᠭᠡᠮᠭᠡᠯᠡᠭᠰᠡᠨ ᠪᠣᠷᠳᠤᠭ᠎ᠠ᠂ ᠢᠳᠡᠭᠡᠨ ᠤ ᠳᠠᠪᠤᠰᠤ᠂ ᠤᠰᠤ ᠵᠡᠷᠭᠡ ᠶᠢ ᠪᠡᠯᠡᠳᠬᠡᠵᠦ᠂ ᠬᠤᠷᠠᠭ᠎ᠠ ᠶᠢ ᠡᠪᠡᠰᠦ ᠪᠣᠷᠳᠤᠭ᠎ᠠ ᠢᠳᠡᠭᠦᠯᠵᠦ ᠰᠤᠷᠭᠠᠬᠤ ᠬᠡᠷᠡᠭᠲᠡᠢ᠃        ︵ᠳᠥᠷᠪᠡ︶ ᠬᠤᠷᠠᠭᠠᠯᠠᠭᠰᠠᠨ ᠤ ᠳᠠᠷᠠᠭᠠᠬᠢ 10 - 20 ᠡᠳᠦᠷ ᠬᠤᠷᠠᠭᠠᠨ ᠤ ᠢᠳᠡᠰᠢᠯᠡᠬᠦ ᠬᠡᠮᠵᠢᠶ᠎ᠡ ᠶᠢᠨ ᠨᠡᠮᠡᠭᠳᠡᠬᠦ ᠶᠢ ᠳᠠᠭᠠᠯᠳᠤᠨ᠂  ᠬᠤᠷᠠᠭᠠᠯᠠᠭᠰᠠᠨ ᠤ ᠳᠠᠷᠠᠭᠠᠬᠢ ᠬᠠᠭᠠᠰ ᠰᠠᠷ᠎ᠠ ᠠᠴᠠ ᠡᠬᠢᠯᠡᠨ ᠬᠤᠯᠢᠮᠠᠭ ᠲᠡᠵᠢᠭᠡᠯ ᠪᠣᠷᠳᠤᠭ᠎ᠠ ᠨᠥᠬᠦᠪᠦᠷᠢᠯᠡᠵᠦ ᠥᠭᠪᠡᠯ ᠵᠣᠬᠢᠨ᠎ᠠ᠃ ᠲᠡᠵᠢᠭᠡᠬᠦ ᠬᠡᠮᠵᠢᠶ᠎ᠡ ᠶᠢ  ᠪᠡᠶ᠎ᠡ ᠶᠢᠨ ᠥᠰᠦᠯᠲᠡ ᠨᠡᠮᠡᠭᠳᠡᠬᠦ ᠶᠢ ᠳᠠᠭᠠᠯᠳᠤᠭᠤᠯᠵᠤ ᠲᠣᠬᠢᠷᠠᠭᠤᠯᠤᠨ᠎ᠠ᠃ ᠶᠡᠷᠦ ᠳᠡᠭᠡᠨ ᠬᠠᠭᠠᠰ ᠰᠠᠷ᠎ᠠ ᠪᠣᠯᠤᠭᠰᠠᠨ ᠬᠤᠷᠠᠭ᠎ᠠ ᠳᠤ 50 - 75 ᠭᠷᠡᠮ  ᠪᠣᠷᠳᠤᠭ᠎ᠠ᠂ 30 - 60 ᠡᠳᠦᠷ ᠪᠣᠯᠤᠭᠰᠠᠨ ᠬᠤᠷᠠᠭ᠎ᠠ ᠳᠤ 100 ᠭᠷᠡᠮ ᠪᠣᠷᠳᠤᠭ᠎ᠠ᠂ 60 - 90 ᠡᠳᠦᠷ ᠪᠣᠯᠤᠭᠰᠠᠨ ᠬᠤᠷᠠᠭ᠎ᠠ ᠳᠤ 200 ᠭᠷᠡᠮ  ᠪᠣᠷᠳᠤᠭ᠎ᠠ᠂ 90 - 120 ᠡᠳᠦᠷ ᠪᠣᠯᠤᠭᠰᠠᠨ ᠬᠤᠷᠠᠭ᠎ᠠ ᠳᠤ 250 ᠭᠷᠡᠮ ᠪᠣᠷᠳᠤᠭ᠎ᠠ ᠦᠭᠳᠡᠭ᠃        ︵ᠲᠠᠪᠤ︶ ᠬᠤᠷᠠᠭᠠᠯᠠᠭᠰᠠᠨ ᠤ ᠳᠠᠷᠠᠭᠠᠬᠢ 90 - 120 ᠡᠳᠦᠷ ᠲᠤᠰ ᠬᠤᠭᠤᠴᠠᠭᠠᠨ ᠳᠤ ᠥᠰᠦᠯᠲᠡ ᠪᠤᠶᠢᠵᠢᠯᠳᠡ ᠶᠢ ᠦᠨᠳᠦᠰᠦᠯᠡᠵᠦ  ᠰᠦ ᠠᠴᠠ ᠨᠢ ᠰᠠᠯᠭᠠᠨ᠎ᠠ᠃ ᠰᠦ ᠠᠴᠠ ᠨᠢ ᠲᠦᠷᠭᠡᠨ ᠰᠠᠯᠭᠠᠬᠤ ᠪᠠ ᠠᠭᠠᠵᠢᠮ ᠢᠶᠠᠷ ᠰᠠᠯᠭᠠᠬᠤ ᠭᠡᠵᠦ ᠬᠤᠶᠠᠷ ᠵᠦᠢᠯ ᠤᠨ ᠠᠷᠭ᠎ᠠ ᠪᠠᠶᠢᠳᠠᠭ᠃ ᠡᠭᠦᠨ ᠤ  ᠬᠠᠮᠲᠤ ᠬᠤᠷᠠᠭᠠᠨ ᠤ ᠥᠰᠦᠯᠲᠡ ᠪᠤᠶᠢᠵᠢᠯᠳᠡ ᠶᠢᠨ ᠪᠠᠶᠢᠳᠠᠯ ᠢ ᠦᠨᠳᠦᠰᠦᠯᠡᠵᠦ ᠰᠦ ᠠᠴᠠ ᠨᠢ ᠰᠠᠯᠭᠠᠬᠤ ᠴᠠᠭ ᠢ ᠤᠷᠢᠳᠴᠢᠯᠠᠭᠤᠯᠬᠤ ᠪᠠ ᠬᠤᠶᠢᠰᠢᠯᠠᠭᠤᠯᠵᠤ  ᠪᠣᠯᠣᠨ᠎ᠠ᠃ ᠰᠦ ᠠᠴᠠ ᠰᠠᠯᠭᠠᠬᠤ ᠦᠶ᠎ᠡ ᠳᠤ ᠡᠳᠦᠷ ᠪᠦᠷᠢ ᠡᠷᠲᠡ ᠣᠷᠣᠢ ᠬᠤᠶᠠᠷ ᠤᠳᠠᠭ᠎ᠠ ᠬᠥᠬᠦᠭᠦᠯᠵᠦ᠂ ᠡᠪᠡᠰᠦ ᠪᠣᠷᠳᠤᠭ᠎ᠠ ᠪᠠᠷ ᠲᠡᠵᠢᠭᠡᠬᠦ ᠤᠳᠠᠭ᠎ᠠ ᠪᠠᠨ  ᠨᠡᠮᠡᠭᠳᠡᠭᠦᠯᠦᠨ᠂ ᠬᠤᠷᠠᠭ᠎ᠠ ᠶᠢᠨ ᠭᠦᠭᠦᠭᠦ ᠲᠤᠭ᠎ᠠ ᠬᠡᠮᠵᠢᠶ᠎ᠡ ᠶᠢ ᠪᠠᠭᠠᠰᠬᠠᠨ᠎ᠠ᠃ ᠡᠩ ᠤᠨ ᠪᠠᠶᠢᠳᠠᠯ ᠳᠤ 7 - 10 ᠡᠳᠦᠷ ᠲᠤ ᠰᠦ ᠠᠴᠠ ᠨᠢ ᠪᠦᠷᠢᠮᠦᠰᠦᠨ  ᠰᠠᠯᠭᠠᠵᠤ ᠲᠡᠶᠢᠯᠤᠨ᠎ᠠ᠃ ᠲᠥᠯ ᠲᠤᠰᠬᠤ ᠴᠠᠭ ᠨᠢ ᠨᠡᠯᠢᠶᠡᠳ ᠲᠥᠪᠯᠡᠷᠡᠭᠰᠡᠨ ᠪᠤᠶᠤ ᠡᠬᠡ ᠮᠠᠯ ᠤᠨ ᠰᠦ ᠬᠦᠷᠦᠯᠴᠡᠬᠦ ᠦᠭᠡᠢ ᠪᠠᠶᠢᠳᠠᠯ ᠳᠣᠣᠷ᠎ᠠ ᠬᠠᠮᠤᠭ  ᠰᠠᠶᠢᠨ ᠨᠢ ᠰᠦ ᠠᠴᠠ ᠨᠢ ᠲᠦᠷᠭᠡᠨ ᠰᠠᠯᠭᠠᠬᠤ ᠠᠷᠭ᠎ᠠ ᠶᠢ ᠠᠪᠤᠪᠠᠯ ᠵᠣᠬᠢᠨ᠎ᠠ᠃  
ᠢᠷᠡᠯᠲᠡ᠄ ᠤᠷᠳᠤᠰ ᠤᠨ ᠮᠤᠩᠭᠤᠯ ᠭᠡᠯᠡᠨ ᠤ ᠰᠤᠨᠢᠨ ᠮᠡᠳᠡᠭᠡᠨ ᠤ ᠰᠦᠯᠵᠢᠶ᠎ᠡ