ᠣᠷᠳᠣᠰ ᠮᠣᠩᠭᠤᠯᠴᠣᠳ ᠤᠨ ᠣᠷᠣᠨ ᠰᠠᠭᠤᠴᠠ ᠶᠢᠨ ᠣᠯᠠᠷᠢᠯ ᠬᠤᠪᠢᠷᠠᠯ —  ᠱᠠᠯᠠᠨ ᠭᠡᠷ
ᠨᠡᠶᠢᠲᠡᠯᠡᠭᠰᠡᠨ ᠴᠠᠭ᠄
2022/10/13
    ᠴᠢᠩ ᠣᠯᠣᠰ ᠤᠨ ᠦᠶ᠎ᠡ ᠪᠤᠯᠬᠤ ᠳᠤ ᠣᠷᠳᠣᠰ ᠮᠤᠩᠭᠤᠯᠴᠣᠳ ᠨᠢ ᠨᠢᠭᠡᠨᠳᠡ ᠶᠡᠭᠡ ᠰᠠᠭᠤᠷᠢᠰᠢᠯ ᠪᠠᠭ᠎ᠠ ᠨᠡᠭᠦᠳᠡᠯ ᠤᠨ ᠠᠮᠢᠳᠣᠷᠠᠯ ᠤᠨ ᠬᠡᠯᠪᠡᠷᠢ ᠳᠤ ᠣᠷᠣᠵᠣ ᠂ ᠡᠨᠡ ᠦᠶ᠎ᠡ ᠠᠴᠠ ᠡᠬᠢᠯᠡᠨ ᠣᠷᠳᠣᠰ ᠮᠤᠩᠭᠤᠯᠴᠤᠳ ᠡᠬᠢᠯᠡᠵᠤ ᠰᠢᠪᠠᠷ ᠰᠢᠷᠣᠢ ᠬᠦᠳᠡᠯᠭᠡᠨ ᠣᠷᠣᠨ ᠭᠡᠷ ᠪᠠᠷᠢᠬᠤ ᠪᠤᠯᠵᠤ ᠱᠠᠯᠠᠨ ᠭᠡᠷ ᠪᠠᠷᠢᠵᠤ ᠰᠠᠭᠤᠬᠤ ᠪᠤᠯᠵᠡᠢ᠃    ᠱᠠᠯᠠᠨ ᠭᠡᠷ ᠤᠨ ᠬᠡᠯᠪᠡᠷᠢ ᠶᠠᠩᠵᠤ ᠨᠢ ᠬᠠᠨᠠᠨ ᠭᠡᠷ ᠲᠠᠢ ᠳᠦᠰᠦᠭᠡᠳᠡᠢ ᠪᠠᠶᠢᠵᠤ᠂ ᠬᠠᠨ᠎ᠠ ᠶᠢ ᠨᠢ ᠪᠤᠷᠭᠠᠰᠣᠨ ᠵᠠᠭᠠᠰᠠ ᠶᠢ ᠳᠣᠳᠣᠷ᠎ᠠ ᠭᠠᠳᠠᠨ᠎ᠠ ᠠᠴᠠ ᠨᠢ ᠰᠢᠪᠠᠷ ᠳᠡᠭᠡᠭᠦᠷ ᠬᠤᠯᠤᠰᠣ ᠳᠠᠯᠪᠢᠵᠤ ᠪᠤᠷᠭᠠᠰᠣᠨ ᠤ ᠬᠠᠪᠴᠢᠶᠠᠷᠢ ᠪᠠᠷ ᠬᠡᠳᠦᠨ ᠮᠦᠷ ᠲᠤᠭᠤᠷᠢᠭᠤᠯᠤᠨ ᠬᠠᠪᠴᠢᠵᠤ ᠳᠠᠯᠪᠢᠳᠠᠭ᠃ ᠲᠤᠭᠤᠨᠤ ᠨᠢ ᠮᠦᠨ ᠬᠠᠨᠠᠨ ᠭᠡᠷ ᠎ ᠲᠠᠢ ᠠᠳᠠᠯᠢ ᠪᠠᠶᠢᠵᠤ᠂ ᠰᠠᠯᠬᠢᠨ ᠪᠤᠷᠤᠭᠠᠨ ᠳᠤ ᠲᠤᠭᠤᠨᠤ ᠶᠢ ᠬᠠᠭᠠᠵᠤ᠂ ᠲᠤᠩᠭᠠᠯᠠᠭ ᠨᠠᠷᠠ ᠲᠠᠢ ᠡᠳᠣᠷ ᠲᠤᠭᠤᠨᠤ ᠶᠢ ᠨᠡᠭᠡᠭᠡᠵᠤ ᠨᠠᠷᠠ ᠲᠤᠰᠬᠠᠳᠠᠭ᠃ ᠡᠨᠡ ᠬᠦ ᠱᠠᠯᠠᠨ ᠭᠡᠷ ᠨᠢ ᠢᠰᠡᠭᠡᠢ ᠬᠠᠨᠠᠨ ᠭᠡᠷ ᠢ ᠪᠤᠳᠣᠪᠠᠯ ᠡᠪᠤᠯ ᠲᠤᠯᠠᠭᠠᠨ ᠵᠤ᠋ ᠰᠡᠷᠢᠭᠦᠨ ᠪᠠᠶᠢᠬᠤ ᠳᠠᠯ᠎ᠠ ᠪᠠᠷ ᠨᠡᠩ ᠢᠯᠡᠷᠭᠡᠢ ᠶᠤᠮ᠃ ᠳᠡᠭᠦᠨᠴᠢᠯᠡᠨ ᠲᠤᠭᠳᠠᠪᠤᠷᠢᠳᠣ ᠴᠢᠨᠠᠷᠳᠠᠢ ᠪᠠᠶᠢᠵᠤ᠂ ᠬᠠᠨᠠᠨ ᠬᠡᠷ ᠢ ᠪᠤᠳᠣᠪᠠᠯ ᠰᠢᠯᠵᠢᠭᠦᠯᠬᠦ ᠠᠷᠭ᠎ᠠ ᠦᠭᠡᠢ ᠶᠤᠮ᠃ ᠱᠠᠯᠠᠨ ᠭᠡᠷ ᠢ ᠪᠠᠷᠢᠬᠤ ᠳᠤ ᠪᠠᠨ ᠨᠦᠮᠦᠷᠢ ᠭᠠᠵᠠᠷ᠂ ᠣᠰᠣ ᠦᠶᠡᠷ ᠲᠤ ᠠᠪᠳᠠᠬᠤ ᠦᠭᠡᠢ ᠭᠠᠵᠠᠷ ᠢ ᠰᠣᠩᠭᠤᠳᠠᠭ ᠪᠠᠶᠢᠨ᠎ᠠ᠃ ᠱᠠᠯᠠᠨ ᠭᠡᠷ ᠨᠢ ᠮᠤᠩᠭᠤᠯᠴᠤᠳ ᠤᠨ ᠳᠣᠮᠳᠠ᠂ ᠢᠯᠠᠩᠭᠤᠶ᠎ᠠ ᠪᠠᠯᠠᠷ ᠪᠤᠷᠤᠯᠵᠢᠨ᠂ ᠪᠤᠷᠭᠠᠰᠣ ᠬᠤᠯᠤᠰᠣ ᠲᠠᠢ ᠭᠠᠵᠠᠷ ᠦᠷᠭᠡᠨ ᠳᠡᠯᠭᠡᠷᠡᠵᠤ᠂ ᠣᠳᠠᠭᠠᠨ ᠬᠤᠭᠤᠴᠠᠭ᠎ᠠ ᠬᠡᠷᠡᠭᠯᠡᠭᠳᠡᠨ ᠳᠡᠭᠡᠷ᠎ᠡ ᠵᠠᠭᠤᠨ ᠤ ᠳᠠᠯᠠᠭᠠᠳ ᠤᠨ ᠪᠤᠯᠳᠠᠯ᠎ᠠ ᠣᠷᠣ ᠮᠦᠷ ᠨᠢ ᠬᠠᠷᠠᠭᠳᠠᠵᠤ ᠪᠠᠶᠢᠪᠠ᠃ 
ᠢᠷᠡᠯᠲᠡ᠄ ︽ᠣᠷᠳᠣᠰ ᠮᠤᠩᠭᠤᠯᠴᠣᠳ ᠤᠨ ᠵᠠᠩ ᠦᠢᠯᠡ ᠪᠠ ᠰᠣᠶᠣᠯ ᠳᠡᠣᠭᠡ︾ ᠭᠡᠬᠦ ᠨᠣᠮ ᠠᠴᠠ ᠪᠠᠭᠤᠯᠭᠠᠪᠠ