ᠣᠷᠳᠣᠰ ᠮᠣᠩᠭᠤᠯᠴᠣᠳ ᠤᠨ ᠣᠷᠣᠨ ᠰᠠᠭᠤᠴᠠ ᠶᠢᠨ ᠣᠯᠠᠷᠢᠯ ᠬᠤᠪᠢᠷᠠᠯ —  ᠪᠠ ᠶᠢᠨ ᠪᠠᠶᠢᠰᠢᠩ
ᠨᠡᠶᠢᠲᠡᠯᠡᠭᠰᠡᠨ ᠴᠠᠭ᠄
2022/10/13
       ᠪᠠ ᠶᠢᠨ ᠪᠠᠶᠢᠰᠢᠩ ᠤᠨ ᠬᠡᠯᠪᠡᠷᠢ ᠨᠢ ᠣᠷᠳᠣ ᠳᠦᠷᠪᠡᠯᠵᠢᠨ ᠬᠡᠯᠪᠡᠷ ᠲᠠᠢ᠂ ᠤᠷᠤᠢ ᠨᠢ ᠨᠤᠮᠤᠯᠵᠢᠨ ᠪᠠᠶᠢᠵᠤ᠂ ᠪᠤᠷᠭᠠᠰᠣ᠂ ᠬᠤᠯᠤᠰᠣ᠂ ᠬᠤᠲᠠ᠂ ᠵᠦᠯᠭᠡ ᠂ ᠰᠢᠪᠠᠷ ᠬᠡᠷᠡᠮ ᠢᠶᠠᠷ ᠪᠦᠷᠢᠯᠳᠦᠳᠡᠭ᠃ ᠪᠠ ᠶᠢᠨ ᠪᠠᠶᠢᠰᠢᠩ ᠢ ᠪᠠᠷᠢᠬᠤ ᠳᠤ ᠪᠠᠨ ᠬᠡᠷᠡᠭᠴᠡᠭᠡ ᠪᠠᠨ ᠦᠨᠳᠦᠰᠦᠯᠡᠨ ᠲᠤᠭᠳᠠᠭᠠᠭᠰᠡᠨ ᠣᠷᠳᠣ ᠳᠦᠷᠪᠡᠯᠵᠢᠨ ᠭᠠᠵᠠᠷ ᠳᠡᠭᠡᠷ᠎ᠡ ᠮᠠᠰᠢ ᠠᠷᠪᠢᠨ ᠪᠤᠷᠭᠠᠰᠣᠨ ᠪᠠᠭᠯᠢ ᠪᠤᠭᠤᠵᠤ ᠡᠭᠦᠨ ᠢᠶᠠᠨ ᠳᠣᠮᠳᠠ ᠨᠢ ᠪᠤᠷᠭᠠᠰᠣ ᠪᠠᠨ ᠵᠢᠭᠳᠡ ᠨᠡᠮᠡᠵᠤ ᠵᠤᠬᠢᠬᠤ ᠦᠨᠳᠦᠷ ᠤᠨ ᠬᠡᠮᠵᠢᠶᠡᠨ ᠳᠤ ᠬᠦᠷᠦᠭᠰᠡᠨ ᠎ ᠤ ᠳᠠᠷᠠᠭ᠎ᠠ ᠬᠤᠶᠠᠷ ᠳᠠᠯ᠎ᠠ ᠶᠢᠨ ᠪᠠᠭᠯᠢ ᠶᠢᠨ ᠦᠵᠦᠭᠦᠷ ᠢ ᠨᠤᠭᠤᠯᠤᠨ ᠬᠠᠷᠢᠯᠴᠠᠨ ᠨᠤᠮᠤᠯᠵᠢᠨ ᠬᠡᠯᠪᠡᠷᠢᠳᠡᠢ ᠵᠠᠯᠭᠠᠵᠤ ᠪᠤᠭᠤᠨ᠎ᠠ᠂ ᠡᠨᠡ ᠮᠡᠳᠣ ᠪᠠᠷ ᠡᠮᠤᠨ᠎ᠡ ᠬᠤᠶᠢᠨ᠎ᠠ ᠬᠤᠶᠠᠷ ᠳᠠᠯ᠎ᠠ ᠶᠢᠨ ᠪᠤᠷᠭᠠᠰᠣᠨ ᠪᠠᠭᠯᠢ ᠶᠢ ᠴᠦᠮ ᠨᠤᠮᠤᠯᠵᠢᠨ ᠬᠠᠰᠢᠵᠤ ᠬᠡᠷᠡᠮ ᠦᠷᠦᠵᠤ᠂ ᠪᠠᠭᠯᠢ ᠶᠢᠨ ᠨᠤᠮᠤᠯᠵᠢᠨ ᠪᠤᠯᠵᠤ ᠨᠤᠭᠤᠷᠠᠬᠤ ᠭᠡᠰᠡᠭ ᠳᠣᠯᠳᠠᠯ᠎ᠠ ᠦᠷᠦᠨ᠎ᠡ᠃ ᠡᠨᠡ ᠭᠦ ᠬᠡᠷᠡᠮ ᠢᠶᠠᠨ ᠢᠯᠢᠵᠤ ᠬᠦᠯᠢᠢᠯᠭᠡᠳᠡᠭ ᠪᠠᠶᠢᠨ᠎ᠠ᠃ ᠣᠷᠣᠢ ᠶᠢᠨ ᠭᠡᠰᠡᠭ ᠤᠨ ᠨᠤᠮᠤᠯᠵᠢᠨ ᠪᠠ ᠶᠢ ᠨᠢ ᠪᠠᠰᠠ ᠨᠠᠭᠠᠰᠢ ᠴᠠᠭᠠᠰᠢ ᠮᠠᠶᠢᠵᠢᠢᠵᠤ ᠬᠡᠯᠪᠡᠶᠢᠬᠦ ᠠᠴᠠ ᠬᠢᠴᠢᠶᠡᠨ ᠵᠡᠭᠦᠨᠰᠢ ᠪᠠᠷᠠᠭᠤᠨᠰᠢ ᠣᠯᠠᠨ ᠳᠠᠪᠬᠤᠷ ᠪᠤᠷᠭᠠᠰᠣᠨ ᠪᠤᠭᠤᠳᠠᠯ ᠢᠶᠠᠷ ᠳᠠᠷᠤᠭᠤᠯᠤᠨ ᠪᠤᠭᠤᠵᠤ᠂ ᠳᠡᠭᠦᠨ ᠤ ᠳᠡᠭᠦᠭᠡᠷ 1 ᠳᠠᠪᠬᠤᠷ ᠪᠤᠷᠭᠠᠰᠣ ᠳᠡᠪᠢᠰᠴᠣ᠂ ᠳᠡᠭᠦᠨ ᠤ ᠳᠡᠭᠡᠷ᠎ᠡ ᠡᠪᠡᠰᠣ ᠬᠤᠯᠤᠰᠣ ᠳᠤ ᠵᠢᠭᠳᠡ ᠳᠡᠯᠭᠡᠨ ᠰᠢᠪᠡᠷ ᠢᠶᠠᠷ ᠢᠯᠢᠳᠡᠭ ᠪᠠᠶᠢᠨ᠎ᠠ᠃ ᠪᠠ ᠶᠢᠨ ᠪᠠᠶᠢᠰᠢᠩ ᠳᠤ ᠬᠠᠨᠵᠤ ᠭᠠᠷᠭᠠᠵᠤ᠂ ᠬᠠᠨᠵᠤᠨ ᠳᠣᠣᠭᠤᠷ ᠨᠢ ᠭᠠᠯ ᠲᠦᠯᠡᠵᠤ ᠪᠤᠯᠳᠠᠭ ᠲᠤᠯᠠ ᠡᠪᠤᠯ ᠴᠠᠭ ᠳᠣᠯᠠᠭᠠᠨ ᠪᠠᠶᠢᠵᠤ᠂ ᠰᠠᠭᠤᠬᠤ ᠳᠤ ᠲᠤᠩ ᠳᠠᠭᠠᠳᠠᠢ ᠪᠠᠶᠢᠳᠠᠭ᠃ ᠡᠶᠢᠮᠤ ᠪᠠ ᠎ ᠶᠢᠨ ᠪᠠᠶᠢᠰᠢᠩ ᠨᠢ ᠣᠷᠳᠣᠰ ᠨᠤᠲᠤᠭ ᠲᠤ ᠳᠡᠯᠭᠡᠷᠡᠵᠤ ᠬᠡᠷᠡᠭᠯᠡᠭᠳᠡᠭᠰᠡᠨ ᠨᠢ ᠨᠠᠭᠠᠳᠣ ᠵᠠᠬ᠎ᠠ ᠳᠤ ᠪᠠᠨ ᠵᠠᠭᠤᠨ ᠵᠢᠯ ᠤᠨ ᠳᠡᠣᠭᠡ ᠲᠠᠢ ᠭᠡᠵᠤ ᠬᠡᠯᠡᠵᠤ ᠪᠤᠯᠤᠨ᠎ᠠ᠃ ᠪᠠ ᠎ ᠶᠢᠨ ᠪᠠᠶᠢᠰᠢᠩ ᠨᠢ ᠳᠡᠷᠡ ᠬᠡᠪ ᠢᠶᠠᠷ ᠢᠶᠠᠨ ᠣᠷᠳᠣᠰ ᠨᠤᠲᠤᠭ ᠲᠠᠢ ᠵᠠᠬ᠎ᠠ ᠰᠠᠪᠠ ᠨᠡᠶᠢᠯᠡᠭᠰᠡᠨ ᠱᠠᠨᠰᠢ ᠮᠤᠵᠢ ᠶᠢᠨ ᠳᠡᠮᠡᠭᠡᠳᠣ ᠭᠠᠵᠠᠷ ᠤᠨ ᠣᠷᠣᠨ ᠰᠠᠭᠤᠴᠠ ᠶᠢᠨ ᠨᠢᠭᠡ ᠵᠦᠢᠯ ᠨᠢ ᠪᠤᠯᠤᠨ᠎ᠠ᠂ ᠳᠡᠷᠡ ᠨᠢ ᠬᠢᠳᠠᠳ ᠬᠦᠮᠦᠨ ᠣᠷᠳᠣᠰ ᠲᠤ ᠣᠷᠣᠵᠣ ᠢᠷᠡᠬᠦ ᠶᠢ ᠳᠠᠭᠠᠯᠳᠣᠨ᠂ ᠳᠡᠯᠭᠡᠷᠡᠭᠰᠡᠨ ᠣᠷᠣᠨ ᠰᠠᠭᠤᠴᠠ ᠪᠤᠯᠤᠨ᠎ᠠ᠃ ᠳᠠᠯᠠᠭᠠᠳ ᠤᠨ ᠳᠤ ᠳᠡᠮᠡᠭᠡᠳᠣ ᠶᠢᠨ ᠳᠠᠷᠢᠶᠠᠴᠢᠳ ᠤᠨ ᠣᠯᠠᠩᠬᠢ ᠨᠢ ᠡᠶᠢᠮᠤ ᠪᠠ ᠶᠢᠨ ᠪᠠᠶᠢᠰᠢᠩ ᠳᠤ ᠰᠠᠭᠤᠵᠤ ᠪᠠᠶᠢᠪᠠ ᠃ ᠪᠠ ᠶᠢᠨ ᠪᠠᠶᠢᠰᠢᠩ ᠨᠢ ᠣᠷᠳᠣᠰ ᠨᠤᠲᠤᠭ ᠤᠨ ᠡᠵᠡᠨ ᠬᠤᠷᠤᠭ᠎ᠠ᠂ ᠦᠦᠰᠢᠨ ︵ᠦᠦᠰᠢᠨ ᠳᠤ ᠯᠠᠭ ᠭᠡᠵᠤ ᠨᠡᠷᠡᠯᠡᠳᠡᠭ︶᠂ ᠤᠲᠤᠭ᠂ ᠬᠠᠩᠬᠢᠨ  ᠬᠤᠰᠢᠭᠤᠨ ᠤ ᠪᠠᠯᠠᠷ ᠴᠠᠶᠢᠳᠠᠮ ᠭᠠᠵᠠᠷ᠂ ᠢᠯᠠᠩᠭᠤᠶ᠎ᠠ ᠪᠠᠶᠢᠭᠠᠯᠢ ᠶᠢᠨ ᠪᠤᠷᠭᠠᠰᠣ ᠣᠷᠭᠤᠭᠰᠡᠨ ᠭᠠᠵᠠᠷ ᠡᠶᠢᠮᠤ ᠣᠷᠣᠨ ᠰᠠᠭᠤᠴᠠ ᠶᠢ ᠦᠷᠭᠡᠨ ᠢᠶᠠᠷ ᠪᠠᠷᠢᠵᠤ ᠬᠡᠷᠡᠭᠯᠡᠵᠤ ᠪᠠᠶᠢᠳᠠᠭ᠃
ᠢᠷᠡᠯᠲᠡ᠄ ︽ᠣᠷᠳᠣᠰ ᠮᠤᠩᠭᠤᠯᠴᠣᠳ ᠤᠨ ᠵᠠᠩ ᠦᠢᠯᠡ ᠪᠠ ᠰᠣᠶᠣᠯ ᠳᠡᠣᠭᠡ︾ ᠭᠡᠬᠦ ᠨᠣᠮ ᠠᠴᠠ ᠪᠠᠭᠤᠯᠭᠠᠪᠠ