ᠣᠷᠳᠣᠰ ᠮᠣᠩᠭᠤᠯᠴᠣᠳ ᠤᠨ ᠣᠷᠣᠨ ᠰᠠᠭᠤᠴᠠ ᠶᠢᠨ ᠣᠯᠠᠷᠢᠯ ᠬᠤᠪᠢᠷᠠᠯ —  ᠠᠭᠤᠢ ᠶᠢᠨ ᠪᠠᠶᠢᠰᠢᠩ
ᠨᠡᠶᠢᠲᠡᠯᠡᠭᠰᠡᠨ ᠴᠠᠭ᠄
2022/10/13
       ᠠᠭᠤᠢ ᠶᠢᠨ ᠭᠡᠷ ︵ᠨᠦᠭᠡᠨ ᠭᠡᠷ ᠴᠣ᠋ ᠬᠡᠳᠡᠭ︶ ᠪᠤᠯ ᠮᠦᠨ ᠬᠢᠳᠠᠳ ᠣᠷᠣᠨ ᠠᠴᠠ ᠳᠡᠯᠭᠡᠷᠡᠵᠤ ᠢᠷᠡᠭᠰᠡᠨ ᠣᠷᠣᠨ ᠰᠠᠭᠤᠴᠠ ᠶᠢᠨ ᠨᠢᠭᠡ ᠵᠦᠢᠯ ᠪᠤᠯᠤᠨ᠎ᠠ ᠃ ᠮᠤᠩᠭᠤᠯᠴᠣᠳ ᠡᠷᠳᠡ ᠳᠡᠭᠡᠳᠣ ᠠᠴᠠ ᠪᠠᠨ ᠭᠠᠵᠠᠷ ᠣᠰᠣ ᠬᠦᠳᠡᠯᠬᠡᠬᠦ ᠶᠢ ᠶᠡᠭᠡᠳᠡ ᠴᠡᠭᠡᠷᠯᠡᠨ᠂ ᠨᠦᠭᠡ ᠮᠠᠯᠳᠠᠵᠤ᠂ ᠦᠨᠡᠭᠡ ᠮᠠᠩᠬᠢᠰᠣ ᠰᠢᠭ᠋ ᠨᠦᠭᠡᠨ ᠳᠤ ᠰᠠᠭᠤᠬᠤ ᠶᠢ ᠴᠤ ᠪᠠᠰᠠ ᠴᠡᠭᠡᠷᠯᠡᠳᠡᠭ᠃ ᠬᠡᠳᠡᠯ᠎ᠡ ᠬᠢᠳᠠᠳ ᠦᠨᠳᠦᠰᠦᠳᠡᠨ ᠣᠷᠳᠣᠰ ᠲᠤ ᠣᠷᠣᠵᠣ ᠢᠷᠡᠵᠤ ᠨᠦᠭᠡᠨ ᠭᠡᠷ ᠮᠠᠯᠳᠠᠵᠤ ᠰᠠᠭᠤᠬᠤ ᠶᠢ ᠳᠠᠭᠠᠯᠳᠣᠨ ᠳᠡᠳᠡᠨ ᠤ ᠨᠦᠯᠦᠭᠡᠯᠡᠯ ᠢᠶᠠᠷ ᠮᠤᠩᠭᠤᠯᠴᠣᠳ ᠴᠣ᠋ ᠨᠦᠭᠡᠨ ᠬᠡᠷ ᠮᠠᠯᠳᠠᠵᠤ ᠰᠠᠭᠤᠬᠤ ᠪᠤᠯᠵᠡᠢ᠃ ᠣᠷᠳᠣᠰ ᠮᠤᠩᠭᠤᠯᠴᠣᠳ ᠤᠨ ᠨᠦᠭᠡᠨ ᠭᠡᠷ ᠲᠤ ᠰᠠᠭᠤᠵᠤ ᠪᠠᠶᠢᠭᠰᠡᠨ ᠳᠡᠣᠭᠡ ᠶᠢ ᠦᠨᠦᠳᠦᠷ ᠪᠢᠳᠡᠨ ᠬᠤᠰᠢᠭᠤᠨ ᠤ  ᠠᠭᠤᠯᠠᠷᠬᠠᠭ ᠣᠷᠣᠨ ᠪᠤᠯᠤᠨ ᠦᠦᠰᠢᠨ ᠬᠤᠰᠢᠭᠤᠨ ᠤ ᠰᠢᠷᠬᠤᠰᠣᠨ ᠭᠤᠤᠯ ᠤᠨ ᠬᠦᠪᠡᠭᠡ ᠳᠠᠭᠠᠣ ᠣᠷᠣᠨ ᠠᠴᠠ ᠣᠯᠵᠣ ᠬᠠᠷᠠᠵᠤ ᠪᠤᠯᠤᠨ᠎ᠠ᠃   
ᠢᠷᠡᠯᠲᠡ᠄ ︽ᠣᠷᠳᠣᠰ ᠮᠤᠩᠭᠤᠯᠴᠣᠳ ᠤᠨ ᠵᠠᠩ ᠦᠢᠯᠡ ᠪᠠ ᠰᠣᠶᠣᠯ ᠳᠡᠣᠭᠡ︾ ᠭᠡᠬᠦ ᠨᠣᠮ ᠠᠴᠠ ᠪᠠᠭᠤᠯᠭᠠᠪᠠ