ᠣᠷᠳᠣᠰ ᠮᠣᠩᠭᠤᠯᠴᠣᠳ ᠤᠨ ᠣᠷᠣᠨ ᠰᠠᠭᠤᠴᠠ ᠶᠢᠨ ᠣᠯᠠᠷᠢᠯ ᠬᠤᠪᠢᠷᠠᠯ —  ᠮᠠᠶᠢᠬᠠᠨ ᠪᠠ ᠪᠠᠭᠪᠠᠢ
ᠨᠡᠶᠢᠲᠡᠯᠡᠭᠰᠡᠨ ᠴᠠᠭ᠄
2022/10/13
        ᠮᠠᠶᠢᠬᠠᠨ ᠪᠠ ᠪᠠᠭᠪᠠᠢ ᠪᠤᠯ ᠣᠷᠳᠣᠰ ᠮᠤᠩᠭᠤᠯᠴᠣᠳ ᠤᠨ ᠬᠠᠪᠤᠷ᠂ ᠵᠤᠨ᠂ ᠨᠠᠮᠤᠷ ᠤᠨ ᠣᠯᠠᠷᠢᠯ ᠳᠤ ᠲᠦᠷ ᠴᠠᠭ ᠤᠨ ᠣᠳᠣᠷ ᠨᠡᠭᠦᠳᠡᠯ ᠬᠢᠬᠦ᠂ ᠠᠩ ᠬᠦᠷᠦᠭᠡ ᠳᠤ ᠶᠠᠪᠤᠬᠤ᠂ ᠳᠠᠷᠢᠶᠠᠨ ᠭᠠᠵᠠᠷ ᠲᠤ ᠰᠠᠭᠤᠬᠤ ᠳᠤ ᠬᠡᠷᠡᠭᠯᠡᠬᠦ ᠳᠦᠭᠦᠮ ᠬᠡᠯᠪᠡᠷᠢ ᠶᠢᠨ ᠣᠷᠣᠨ ᠰᠠᠭᠤᠴᠠ ᠶᠢᠨ ᠵᠦᠢᠯ ᠪᠤᠯᠤᠨ᠎ᠠ᠃ ᠮᠠᠶᠢᠬᠠᠨ ᠨᠢ ᠣᠯᠠᠩᠬᠢ ᠎ ᠳᠤ ᠪᠠᠨ ᠪᠦᠰ ᠪᠤᠶᠤ ᠢᠰᠡᠭᠡᠢ ᠪᠠᠶᠢᠵᠤ᠂ 2 ᠠᠯᠳᠠ ︵ᠬᠡᠷᠡᠭᠴᠡᠭᠡ ᠪᠠ ᠪᠦᠰ᠂ ᠢᠰᠡᠭᠡᠢ ᠶᠢᠨ ᠢᠶᠠᠨ ᠦᠷᠭᠡᠨ ᠢ ᠦᠨᠳᠦᠰᠦᠯᠡᠵᠤ ᠲᠤᠭᠳᠠᠭᠠᠨ᠎ᠠ︶ ᠬᠢᠷᠢ ᠵᠠᠶᠢᠳᠠᠢ ᠭᠠᠵᠠᠷ ᠲᠤ 2 ᠤᠨᠢ ᠪᠤᠰᠬᠠᠨ ᠪᠠᠰᠠ 1 ᠤᠨᠢ ᠎ ᠶᠢ 2 ᠣᠨᠢ ᠶᠢᠨ ᠢᠶᠠᠨ ᠲᠤᠯᠤᠭᠠᠢ ᠳᠤ ᠬᠦᠨᠳᠡᠯᠡᠨ ᠳᠠᠮᠨᠠᠵᠤ ᠪᠤᠭᠤᠭᠰᠡᠨ ᠤ ᠳᠠᠷᠠᠭ᠎ᠠ ᠪᠦᠰ ᠪᠤᠶᠤ ᠢᠰᠡᠭᠡᠢ ᠪᠠᠨ ᠳᠡᠭᠡᠷ᠎ᠡ ᠨᠢ ᠳᠤᠬᠤᠵᠤ᠂ ᠳᠦᠷᠪᠡᠨ ᠦᠨᠴᠦᠭ ᠠᠴᠠ ᠨᠢ ᠳᠡᠭᠡᠰᠣ ᠪᠠᠷ ᠳᠠᠳᠠᠵᠤ ᠭᠠᠳᠠᠰᠣᠨ ᠳᠤ ᠣᠶᠠᠬᠤ ᠪᠤᠶᠤ ᠳᠦᠷᠪᠡᠨ ᠦᠨᠴᠦᠭ ᠢ ᠨᠢ ᠬᠠᠳᠠ ᠰᠢᠷᠤᠢ ᠪᠠᠷ ᠳᠠᠷᠤᠵᠤ ᠳᠠᠯᠪᠢᠳᠠᠭ᠃ ᠪᠠᠭᠪᠠᠢ ᠶᠢ ᠨᠢ ᠪᠠᠷᠢᠬᠤ ᠳᠤ ᠪᠠᠨ ᠬᠡᠳᠦᠨ ᠪᠤᠷᠭᠠᠰᠣ ᠪᠠᠭᠯᠢ ᠶᠢᠨ ᠲᠤᠯᠤᠭᠠᠢ ᠶᠢ ᠨᠢ ᠨᠤᠮᠤᠪᠴᠢᠯᠠᠨ ᠵᠠᠯᠭᠠᠵᠤ ᠪᠦᠮᠪᠦᠷᠢᠭᠡᠨ ᠵᠢᠶᠠᠰᠠ ᠪᠤᠯᠭᠠᠭᠰᠡᠨ ᠤ ᠳᠠᠷᠠᠭ᠎ᠠ ᠭᠠᠳᠠᠨ᠎ᠠ ᠠᠴᠠ ᠨᠢ ᠡᠪᠡᠰᠣ ᠬᠤᠯᠤᠰᠣ ᠪᠠᠷ ᠳᠠᠷᠤᠭᠤᠯᠤᠨ ᠬᠠᠪᠴᠢᠵᠤ ᠳᠠᠯᠪᠢᠪᠠᠯ ᠪᠤᠯᠴᠢᠬᠠᠨ᠎ᠠ᠃ ᠡᠨᠡ ᠬᠦ ᠮᠠᠶᠢᠬᠠᠨ ᠪᠠ ᠪᠠᠭᠪᠠᠢ ᠭᠡᠳᠡᠭ ᠎ ᠨᠢ ᠵᠦᠪᠭᠡᠨ ᠨᠠᠷᠠ ᠰᠠᠯᠬᠢ᠂ ᠪᠤᠷᠤᠭᠠᠨ ᠢ ᠬᠠᠯᠬᠠᠯᠠᠭᠰᠡᠨ ᠳᠡᠳᠣᠢ ᠣᠷᠣᠨ ᠰᠠᠭᠤᠴᠠ ᠪᠤᠯᠤᠨ᠎ᠠ᠃ ᠡᠨᠡ ᠬᠦ ᠣᠷᠣᠨ ᠰᠠᠭᠤᠴᠠ ᠶᠢ ᠣᠷᠳᠣᠰ ᠲᠤ ᠳᠠᠯᠠᠭᠠᠳ ᠤᠨ ᠎ ᠤ ᠰᠡᠭᠦᠯᠴᠢ ᠪᠤᠯᠳᠠᠯ᠎ᠠ ᠬᠡᠷᠡᠭᠯᠡᠵᠤ ᠪᠠᠶᠢᠪᠠ᠃         
ᠢᠷᠡᠯᠲᠡ᠄ ︽ᠣᠷᠳᠣᠰ ᠮᠤᠩᠭᠤᠯᠴᠣᠳ ᠤᠨ ᠵᠠᠩ ᠦᠢᠯᠡ ᠪᠠ ᠰᠣᠶᠣᠯ ᠳᠡᠣᠭᠡ︾ ᠭᠡᠬᠦ ᠨᠣᠮ ᠠᠴᠠ ᠪᠠᠭᠤᠯᠭᠠᠪᠠ