ᠣᠷᠳᠣᠰ ᠮᠣᠩᠭᠤᠯᠴᠣᠳ ᠤᠨ ᠣᠷᠣᠨ ᠰᠠᠭᠤᠴᠠ ᠶᠢᠨ ᠣᠯᠠᠷᠢᠯ ᠬᠤᠪᠢᠷᠠᠯ —  ᠱᠠᠯᠠᠨ ᠭᠡᠷ
ᠨᠡᠶᠢᠲᠡᠯᠡᠭᠰᠡᠨ ᠴᠠᠭ᠄
2022/10/13
    ᠴᠢᠩ ᠣᠯᠣᠰ ᠤᠨ ᠦᠶ᠎ᠡ ᠪᠤᠯᠬᠤ ᠳᠤ ᠣᠷᠳᠣᠰ ᠮᠤᠩᠭᠤᠯᠴᠣᠳ ᠨᠢ ᠨᠢᠭᠡᠨᠳᠡ ᠶᠡᠭᠡ ᠰᠠᠭᠤᠷᠢᠰᠢᠯ ᠪᠠᠭ᠎ᠠ ᠨᠡᠭᠦᠳᠡᠯ ᠤᠨ ᠠᠮᠢᠳᠣᠷᠠᠯ ᠤᠨ ᠬᠡᠯᠪᠡᠷᠢ ᠳᠤ ᠣᠷᠣᠵᠣ ᠂ ᠡᠨᠡ ᠦᠶ᠎ᠡ ᠠᠴᠠ ᠡᠬᠢᠯᠡᠨ ᠣᠷᠳᠣᠰ ᠮᠤᠩᠭᠤᠯᠴᠤᠳ ᠡᠬᠢᠯᠡᠵᠤ ᠰᠢᠪᠠᠷ ᠰᠢᠷᠣᠢ ᠬᠦᠳᠡᠯᠭᠡᠨ ᠣᠷᠣᠨ ᠭᠡᠷ ᠪᠠᠷᠢᠬᠤ ᠪᠤᠯᠵᠤ ᠱᠠᠯᠠᠨ ᠭᠡᠷ ᠪᠠᠷᠢᠵᠤ ᠰᠠᠭᠤᠬᠤ ᠪᠤᠯᠵᠡᠢ᠃    ᠱᠠᠯᠠᠨ ᠭᠡᠷ ᠤᠨ ᠬᠡᠯᠪᠡᠷᠢ ᠶᠠᠩᠵᠤ ᠨᠢ ᠬᠠᠨᠠᠨ ᠭᠡᠷ ᠲᠠᠢ ᠳᠦᠰᠦᠭᠡᠳᠡᠢ ᠪᠠᠶᠢᠵᠤ᠂ ᠬᠠᠨ᠎ᠠ ᠶᠢ ᠨᠢ ᠪᠤᠷᠭᠠᠰᠣᠨ ᠵᠠᠭᠠᠰᠠ ᠶᠢ ᠳᠣᠳᠣᠷ᠎ᠠ ᠭᠠᠳᠠᠨ᠎ᠠ ᠠᠴᠠ ᠨᠢ ᠰᠢᠪᠠᠷ ᠳᠡᠭᠡᠭᠦᠷ ᠬᠤᠯᠤᠰᠣ ᠳᠠᠯᠪᠢᠵᠤ ᠪᠤᠷᠭᠠᠰᠣᠨ ᠤ ᠬᠠᠪᠴᠢᠶᠠᠷᠢ ᠪᠠᠷ ᠬᠡᠳᠦᠨ ᠮᠦᠷ ᠲᠤᠭᠤᠷᠢᠭᠤᠯᠤᠨ ᠬᠠᠪᠴᠢᠵᠤ ᠳᠠᠯᠪᠢᠳᠠᠭ᠃ ᠲᠤᠭᠤᠨᠤ ᠨᠢ ᠮᠦᠨ ᠬᠠᠨᠠᠨ ᠭᠡᠷ  ᠲᠠᠢ ᠠᠳᠠᠯᠢ ᠪᠠᠶᠢᠵᠤ᠂ ᠰᠠᠯᠬᠢᠨ ᠪᠤᠷᠤᠭᠠᠨ ᠳᠤ ᠲᠤᠭᠤᠨᠤ ᠶᠢ ᠬᠠᠭᠠᠵᠤ᠂ ᠲᠤᠩᠭᠠᠯᠠᠭ ᠨᠠᠷᠠ ᠲᠠᠢ ᠡᠳᠣᠷ ᠲᠤᠭᠤᠨᠤ ᠶᠢ ᠨᠡᠭᠡᠭᠡᠵᠤ ᠨᠠᠷᠠ ᠲᠤᠰᠬᠠᠳᠠᠭ᠃ ᠡᠨᠡ ᠬᠦ ᠱᠠᠯᠠᠨ ᠭᠡᠷ ᠨᠢ ᠢᠰᠡᠭᠡᠢ ᠬᠠᠨᠠᠨ ᠭᠡᠷ ᠢ ᠪᠤᠳᠣᠪᠠᠯ ᠡᠪᠤᠯ ᠲᠤᠯᠠᠭᠠᠨ ᠵᠤ᠋ ᠰᠡᠷᠢᠭᠦᠨ ᠪᠠᠶᠢᠬᠤ ᠳᠠᠯ᠎ᠠ ᠪᠠᠷ ᠨᠡᠩ ᠢᠯᠡᠷᠭᠡᠢ ᠶᠤᠮ᠃ ᠳᠡᠭᠦᠨᠴᠢᠯᠡᠨ ᠲᠤᠭᠳᠠᠪᠤᠷᠢᠳᠣ ᠴᠢᠨᠠᠷᠳᠠᠢ ᠪᠠᠶᠢᠵᠤ᠂ ᠬᠠᠨᠠᠨ ᠬᠡᠷ ᠢ ᠪᠤᠳᠣᠪᠠᠯ ᠰᠢᠯᠵᠢᠭᠦᠯᠬᠦ ᠠᠷᠭ᠎ᠠ ᠦᠭᠡᠢ ᠶᠤᠮ᠃ ᠱᠠᠯᠠᠨ ᠭᠡᠷ ᠢ ᠪᠠᠷᠢᠬᠤ ᠳᠤ ᠪᠠᠨ ᠨᠦᠮᠦᠷᠢ ᠭᠠᠵᠠᠷ᠂ ᠣᠰᠣ ᠦᠶᠡᠷ ᠲᠤ ᠠᠪᠳᠠᠬᠤ ᠦᠭᠡᠢ ᠭᠠᠵᠠᠷ ᠢ ᠰᠣᠩᠭᠤᠳᠠᠭ ᠪᠠᠶᠢᠨ᠎ᠠ᠃ ᠱᠠᠯᠠᠨ ᠭᠡᠷ ᠨᠢ ᠮᠤᠩᠭᠤᠯᠴᠤᠳ ᠤᠨ ᠳᠣᠮᠳᠠ᠂ ᠢᠯᠠᠩᠭᠤᠶ᠎ᠠ ᠪᠠᠯᠠᠷ ᠪᠤᠷᠤᠯᠵᠢᠨ᠂ ᠪᠤᠷᠭᠠᠰᠣ ᠬᠤᠯᠤᠰᠣ ᠲᠠᠢ ᠭᠠᠵᠠᠷ ᠦᠷᠭᠡᠨ ᠳᠡᠯᠭᠡᠷᠡᠵᠤ᠂ ᠣᠳᠠᠭᠠᠨ ᠬᠤᠭᠤᠴᠠᠭ᠎ᠠ ᠬᠡᠷᠡᠭᠯᠡᠭᠳᠡᠨ ᠳᠡᠭᠡᠷ᠎ᠡ ᠵᠠᠭᠤᠨ ᠤ ᠳᠠᠯᠠᠭᠠᠳ ᠤᠨ ᠪᠤᠯᠳᠠᠯ᠎ᠠ ᠣᠷᠣ ᠮᠦᠷ ᠨᠢ ᠬᠠᠷᠠᠭᠳᠠᠵᠤ ᠪᠠᠶᠢᠪᠠ᠃ 
ᠢᠷᠡᠯᠲᠡ᠄ ︽ᠣᠷᠳᠣᠰ ᠮᠤᠩᠭᠤᠯᠴᠣᠳ ᠤᠨ ᠵᠠᠩ ᠦᠢᠯᠡ ᠪᠠ ᠰᠣᠶᠣᠯ ᠳᠡᠣᠭᠡ︾ ᠭᠡᠬᠦ ᠨᠣᠮ ᠠᠴᠠ ᠪᠠᠭᠤᠯᠭᠠᠪᠠ