ᠣᠷᠳᠣᠰ ᠮᠣᠩᠭᠤᠯᠴᠣᠳ ᠤᠨ ᠣᠷᠣᠨ ᠰᠠᠭᠤᠴᠠ ᠶᠢᠨ ᠣᠯᠠᠷᠢᠯ ᠬᠤᠪᠢᠷᠠᠯ —  ᠪᠠ ᠶᠢᠨ ᠪᠠᠶᠢᠰᠢᠩ
ᠨᠡᠶᠢᠲᠡᠯᠡᠭᠰᠡᠨ ᠴᠠᠭ᠄
2022/10/13
       ᠪᠠ ᠶᠢᠨ ᠪᠠᠶᠢᠰᠢᠩ ᠤᠨ ᠬᠡᠯᠪᠡᠷᠢ ᠨᠢ ᠣᠷᠳᠣ ᠳᠦᠷᠪᠡᠯᠵᠢᠨ ᠬᠡᠯᠪᠡᠷ ᠲᠠᠢ᠂ ᠤᠷᠤᠢ ᠨᠢ ᠨᠤᠮᠤᠯᠵᠢᠨ ᠪᠠᠶᠢᠵᠤ᠂ ᠪᠤᠷᠭᠠᠰᠣ᠂ ᠬᠤᠯᠤᠰᠣ᠂ ᠬᠤᠲᠠ᠂ ᠵᠦᠯᠭᠡ ᠂ ᠰᠢᠪᠠᠷ ᠬᠡᠷᠡᠮ ᠢᠶᠠᠷ ᠪᠦᠷᠢᠯᠳᠦᠳᠡᠭ᠃ ᠪᠠ ᠶᠢᠨ ᠪᠠᠶᠢᠰᠢᠩ ᠢ ᠪᠠᠷᠢᠬᠤ ᠳᠤ ᠪᠠᠨ ᠬᠡᠷᠡᠭᠴᠡᠭᠡ ᠪᠠᠨ ᠦᠨᠳᠦᠰᠦᠯᠡᠨ ᠲᠤᠭᠳᠠᠭᠠᠭᠰᠡᠨ ᠣᠷᠳᠣ ᠳᠦᠷᠪᠡᠯᠵᠢᠨ ᠭᠠᠵᠠᠷ ᠳᠡᠭᠡᠷ᠎ᠡ ᠮᠠᠰᠢ ᠠᠷᠪᠢᠨ ᠪᠤᠷᠭᠠᠰᠣᠨ ᠪᠠᠭᠯᠢ ᠪᠤᠭᠤᠵᠤ ᠡᠭᠦᠨ ᠢᠶᠠᠨ ᠳᠣᠮᠳᠠ ᠨᠢ ᠪᠤᠷᠭᠠᠰᠣ ᠪᠠᠨ ᠵᠢᠭᠳᠡ ᠨᠡᠮᠡᠵᠤ ᠵᠤᠬᠢᠬᠤ ᠦᠨᠳᠦᠷ ᠤᠨ ᠬᠡᠮᠵᠢᠶᠡᠨ ᠳᠤ ᠬᠦᠷᠦᠭᠰᠡᠨ  ᠤ ᠳᠠᠷᠠᠭ᠎ᠠ ᠬᠤᠶᠠᠷ ᠳᠠᠯ᠎ᠠ ᠶᠢᠨ ᠪᠠᠭᠯᠢ ᠶᠢᠨ ᠦᠵᠦᠭᠦᠷ ᠢ ᠨᠤᠭᠤᠯᠤᠨ ᠬᠠᠷᠢᠯᠴᠠᠨ ᠨᠤᠮᠤᠯᠵᠢᠨ ᠬᠡᠯᠪᠡᠷᠢᠳᠡᠢ ᠵᠠᠯᠭᠠᠵᠤ ᠪᠤᠭᠤᠨ᠎ᠠ᠂ ᠡᠨᠡ ᠮᠡᠳᠣ ᠪᠠᠷ ᠡᠮᠤᠨ᠎ᠡ ᠬᠤᠶᠢᠨ᠎ᠠ ᠬᠤᠶᠠᠷ ᠳᠠᠯ᠎ᠠ ᠶᠢᠨ ᠪᠤᠷᠭᠠᠰᠣᠨ ᠪᠠᠭᠯᠢ ᠶᠢ ᠴᠦᠮ ᠨᠤᠮᠤᠯᠵᠢᠨ ᠬᠠᠰᠢᠵᠤ ᠬᠡᠷᠡᠮ ᠦᠷᠦᠵᠤ᠂ ᠪᠠᠭᠯᠢ ᠶᠢᠨ ᠨᠤᠮᠤᠯᠵᠢᠨ ᠪᠤᠯᠵᠤ ᠨᠤᠭᠤᠷᠠᠬᠤ ᠭᠡᠰᠡᠭ ᠳᠣᠯᠳᠠᠯ᠎ᠠ ᠦᠷᠦᠨ᠎ᠡ᠃ ᠡᠨᠡ ᠭᠦ ᠬᠡᠷᠡᠮ ᠢᠶᠠᠨ ᠢᠯᠢᠵᠤ ᠬᠦᠯᠢᠢᠯᠭᠡᠳᠡᠭ ᠪᠠᠶᠢᠨ᠎ᠠ᠃ ᠣᠷᠣᠢ ᠶᠢᠨ ᠭᠡᠰᠡᠭ ᠤᠨ ᠨᠤᠮᠤᠯᠵᠢᠨ ᠪᠠ ᠶᠢ ᠨᠢ ᠪᠠᠰᠠ ᠨᠠᠭᠠᠰᠢ ᠴᠠᠭᠠᠰᠢ ᠮᠠᠶᠢᠵᠢᠢᠵᠤ ᠬᠡᠯᠪᠡᠶᠢᠬᠦ ᠠᠴᠠ ᠬᠢᠴᠢᠶᠡᠨ ᠵᠡᠭᠦᠨᠰᠢ ᠪᠠᠷᠠᠭᠤᠨᠰᠢ ᠣᠯᠠᠨ ᠳᠠᠪᠬᠤᠷ ᠪᠤᠷᠭᠠᠰᠣᠨ ᠪᠤᠭᠤᠳᠠᠯ ᠢᠶᠠᠷ ᠳᠠᠷᠤᠭᠤᠯᠤᠨ ᠪᠤᠭᠤᠵᠤ᠂ ᠳᠡᠭᠦᠨ ᠤ ᠳᠡᠭᠦᠭᠡᠷ 1 ᠳᠠᠪᠬᠤᠷ ᠪᠤᠷᠭᠠᠰᠣ ᠳᠡᠪᠢᠰᠴᠣ᠂ ᠳᠡᠭᠦᠨ ᠤ ᠳᠡᠭᠡᠷ᠎ᠡ ᠡᠪᠡᠰᠣ ᠬᠤᠯᠤᠰᠣ ᠳᠤ ᠵᠢᠭᠳᠡ ᠳᠡᠯᠭᠡᠨ ᠰᠢᠪᠡᠷ ᠢᠶᠠᠷ ᠢᠯᠢᠳᠡᠭ ᠪᠠᠶᠢᠨ᠎ᠠ᠃ ᠪᠠ ᠶᠢᠨ ᠪᠠᠶᠢᠰᠢᠩ ᠳᠤ ᠬᠠᠨᠵᠤ ᠭᠠᠷᠭᠠᠵᠤ᠂ ᠬᠠᠨᠵᠤᠨ ᠳᠣᠣᠭᠤᠷ ᠨᠢ ᠭᠠᠯ ᠲᠦᠯᠡᠵᠤ ᠪᠤᠯᠳᠠᠭ ᠲᠤᠯᠠ ᠡᠪᠤᠯ ᠴᠠᠭ ᠳᠣᠯᠠᠭᠠᠨ ᠪᠠᠶᠢᠵᠤ᠂ ᠰᠠᠭᠤᠬᠤ ᠳᠤ ᠲᠤᠩ ᠳᠠᠭᠠᠳᠠᠢ ᠪᠠᠶᠢᠳᠠᠭ᠃ ᠡᠶᠢᠮᠤ ᠪᠠ  ᠶᠢᠨ ᠪᠠᠶᠢᠰᠢᠩ ᠨᠢ ᠣᠷᠳᠣᠰ ᠨᠤᠲᠤᠭ ᠲᠤ ᠳᠡᠯᠭᠡᠷᠡᠵᠤ ᠬᠡᠷᠡᠭᠯᠡᠭᠳᠡᠭᠰᠡᠨ ᠨᠢ ᠨᠠᠭᠠᠳᠣ ᠵᠠᠬ᠎ᠠ ᠳᠤ ᠪᠠᠨ ᠵᠠᠭᠤᠨ ᠵᠢᠯ ᠤᠨ ᠳᠡᠣᠭᠡ ᠲᠠᠢ ᠭᠡᠵᠤ ᠬᠡᠯᠡᠵᠤ ᠪᠤᠯᠤᠨ᠎ᠠ᠃ ᠪᠠ  ᠶᠢᠨ ᠪᠠᠶᠢᠰᠢᠩ ᠨᠢ ᠳᠡᠷᠡ ᠬᠡᠪ ᠢᠶᠠᠷ ᠢᠶᠠᠨ ᠣᠷᠳᠣᠰ ᠨᠤᠲᠤᠭ ᠲᠠᠢ ᠵᠠᠬ᠎ᠠ ᠰᠠᠪᠠ ᠨᠡᠶᠢᠯᠡᠭᠰᠡᠨ ᠱᠠᠨᠰᠢ ᠮᠤᠵᠢ ᠶᠢᠨ ᠳᠡᠮᠡᠭᠡᠳᠣ ᠭᠠᠵᠠᠷ ᠤᠨ ᠣᠷᠣᠨ ᠰᠠᠭᠤᠴᠠ ᠶᠢᠨ ᠨᠢᠭᠡ ᠵᠦᠢᠯ ᠨᠢ ᠪᠤᠯᠤᠨ᠎ᠠ᠂ ᠳᠡᠷᠡ ᠨᠢ ᠬᠢᠳᠠᠳ ᠬᠦᠮᠦᠨ ᠣᠷᠳᠣᠰ ᠲᠤ ᠣᠷᠣᠵᠣ ᠢᠷᠡᠬᠦ ᠶᠢ ᠳᠠᠭᠠᠯᠳᠣᠨ᠂ ᠳᠡᠯᠭᠡᠷᠡᠭᠰᠡᠨ ᠣᠷᠣᠨ ᠰᠠᠭᠤᠴᠠ ᠪᠤᠯᠤᠨ᠎ᠠ᠃ ᠳᠠᠯᠠᠭᠠᠳ ᠤᠨ ᠳᠤ ᠳᠡᠮᠡᠭᠡᠳᠣ ᠶᠢᠨ ᠳᠠᠷᠢᠶᠠᠴᠢᠳ ᠤᠨ ᠣᠯᠠᠩᠬᠢ ᠨᠢ ᠡᠶᠢᠮᠤ ᠪᠠ ᠶᠢᠨ ᠪᠠᠶᠢᠰᠢᠩ ᠳᠤ ᠰᠠᠭᠤᠵᠤ ᠪᠠᠶᠢᠪᠠ ᠃ ᠪᠠ ᠶᠢᠨ ᠪᠠᠶᠢᠰᠢᠩ ᠨᠢ ᠣᠷᠳᠣᠰ ᠨᠤᠲᠤᠭ ᠤᠨ ᠡᠵᠡᠨ ᠬᠤᠷᠤᠭ᠎ᠠ᠂ ᠦᠦᠰᠢᠨ ︵ᠦᠦᠰᠢᠨ ᠳᠤ ᠯᠠᠭ ᠭᠡᠵᠤ ᠨᠡᠷᠡᠯᠡᠳᠡᠭ︶᠂ ᠤᠲᠤᠭ᠂ ᠬᠠᠩᠬᠢᠨ  ᠬᠤᠰᠢᠭᠤᠨ ᠤ ᠪᠠᠯᠠᠷ ᠴᠠᠶᠢᠳᠠᠮ ᠭᠠᠵᠠᠷ᠂ ᠢᠯᠠᠩᠭᠤᠶ᠎ᠠ ᠪᠠᠶᠢᠭᠠᠯᠢ ᠶᠢᠨ ᠪᠤᠷᠭᠠᠰᠣ ᠣᠷᠭᠤᠭᠰᠡᠨ ᠭᠠᠵᠠᠷ ᠡᠶᠢᠮᠤ ᠣᠷᠣᠨ ᠰᠠᠭᠤᠴᠠ ᠶᠢ ᠦᠷᠭᠡᠨ ᠢᠶᠠᠷ ᠪᠠᠷᠢᠵᠤ ᠬᠡᠷᠡᠭᠯᠡᠵᠤ ᠪᠠᠶᠢᠳᠠᠭ᠃
ᠢᠷᠡᠯᠲᠡ᠄ ︽ᠣᠷᠳᠣᠰ ᠮᠤᠩᠭᠤᠯᠴᠣᠳ ᠤᠨ ᠵᠠᠩ ᠦᠢᠯᠡ ᠪᠠ ᠰᠣᠶᠣᠯ ᠳᠡᠣᠭᠡ︾ ᠭᠡᠬᠦ ᠨᠣᠮ ᠠᠴᠠ ᠪᠠᠭᠤᠯᠭᠠᠪᠠ