ᠬᠤᠨᠢ ᠢᠮᠠᠭᠠᠨ ᠤ ᠬᠥᠯᠳᠡᠭᠰᠡᠨ ᠰᠢᠷᠬ᠎ᠠ ᠶᠢ ᠠᠨᠠᠭᠠᠨ ᠵᠠᠰᠠᠬᠤ ᠠᠷᠭ᠎ᠠ
ᠨᠡᠶᠢᠲᠡᠯᠡᠭᠰᠡᠨ ᠴᠠᠭ᠄
2022/10/14
      ᠬᠤᠨᠢ ᠢᠮᠠᠭ᠎ᠠ ᠬᠠᠬᠢᠷ ᠬᠦᠢᠲᠡᠨ ᠪᠤᠶᠤ ᠭᠡᠨᠡᠳᠲᠡ ᠶᠢᠨ ᠬᠦᠢᠲᠡᠨ ᠴᠠᠰᠤ ᠪᠣᠷᠣᠭᠠᠨ ᠳᠤ ᠲᠠᠭᠠᠷᠢᠭᠳᠠᠵᠤ᠂  ᠰᠢᠯᠪᠢ᠂ ᠴᠢᠬᠢ᠂ ᠲᠥᠮᠥᠰᠥ᠂ ᠰᠡᠭᠦᠯ  ᠵᠡᠷᠭᠡ  ᠨᠢ  ᠬᠥᠯᠳᠡᠬᠦ ᠦᠵᠡᠭᠳᠡᠯ ᠢᠯᠡᠷᠡᠳᠡᠭ᠃ ᠭᠡᠬᠦ ᠳᠡᠭᠡᠨ ᠴᠡᠴᠡᠷᠡᠬᠦ᠂ ᠰᠢᠳᠥ ᠪᠠᠨ ᠬᠠᠪᠢᠷᠠᠬᠤ᠂ ᠵᠤᠭᠰᠤᠬᠤ ᠢᠯᠡᠷᠡᠯ ᠲᠠᠢ ᠪᠥᠭᠡᠳ ᠬᠥᠯᠳᠡᠭᠰᠡᠨ ᠬᠡᠰᠡᠭ ᠨᠢ  ᠬᠠᠪᠤᠳᠴᠤ ᠴᠥᠪᠥᠷᠢᠭᠦᠦ ᠭᠠᠷᠴᠤ ᠰᠢᠯᠪᠤᠷᠠᠳᠠᠭ᠃ ᠡᠭᠦᠨ ᠢ ᠠᠨᠠᠭᠠᠨ ᠵᠠᠰᠠᠬᠤ ᠠᠷᠭ᠎ᠠ ᠨᠢ ᠄            ᠨᠢᠭᠡ᠂ ᠬᠥᠯᠳᠡᠭᠰᠡᠨ ᠬᠡᠰᠡᠭ ᠢ ᠨᠢ ᠬᠦᠢᠲᠡᠨ ᠤᠰᠤᠨ ᠳᠤ ᠣᠷᠣᠭᠤᠯᠤᠨ ᠳᠠᠷᠠᠭ᠎ᠠ ᠨᠢ ᠬᠤᠵᠢᠷ ᠲᠠᠢ ᠤᠰᠤ ᠪᠠᠷ ᠤᠬᠢᠶᠠᠨ᠎ᠠ᠃            ᠬᠤᠶᠠᠷ᠂ ᠮᠠᠩᠭᠢᠰᠤᠨ ᠲᠣᠰᠣ ᠶᠢ ᠬᠠᠯᠠᠭᠠᠭᠠᠳ ᠲᠦᠷᠬᠢᠵᠦ ᠥᠭᠭᠦᠨ᠎ᠡ᠃            ᠭᠤᠷᠪᠠ᠂ 500 ᠭᠷᠡᠮ ᠣᠯᠣᠰᠤᠨ ᠲᠤᠰᠤᠨ ᠳᠤ100 ᠭᠷᠡᠮ ᠬᠤᠸᠠᠵᠤᠤ ᠬᠢᠵᠦ ᠪᠤᠴᠠᠯᠭᠠᠭᠰᠠᠨ ᠤ ᠳᠠᠷᠠᠭ᠎ᠠ ᠬᠠᠯᠠᠭᠤᠨ ᠢᠶᠠᠷ ᠨᠢ ᠲᠦᠷᠬᠢᠵᠦ  ᠥᠭᠭᠦᠨ᠎ᠡ᠃            ᠳᠥᠷᠪᠡ᠂ 500 ᠭᠷᠡᠮ ᠥᠳᠬᠡᠨ ᠬᠠᠷ᠎ᠠ ᠴᠠᠢ ᠳᠡᠭᠡᠷ᠎ᠡ 50 ᠭᠷᠡᠮ ᠳᠠᠪᠤᠰᠤ ᠬᠢᠭᠡᠳ ᠤᠬᠢᠶᠠᠨ᠎ᠠ᠃            ᠲᠠᠪᠤ᠂ 500 ᠭᠷᠡᠮ ᠠᠳᠤᠭᠤᠨ ᠮᠢᠬᠠᠨ ᠤ ᠳᠤᠰᠤᠨ ᠳᠡᠭᠡᠷ᠎ᠡ 50 ᠭᠷᠡᠮ ᠲᠣᠭᠤᠭᠠᠨ ᠤ ᠬᠥ᠋ ᠨᠡᠮᠡᠭᠡᠳ ᠲᠦᠷᠬᠢᠵᠦ ᠥᠭᠭᠦᠨ᠎ᠡ᠃            ᠵᠢᠷᠭᠤᠭ᠎ᠠ᠂ ᠬᠠᠰᠢ ᠶᠢᠨ ᠡᠰᠢ ᠶᠢ ᠤᠰᠤᠨ ᠳᠤ ᠬᠢᠵᠦ ᠪᠤᠴᠯᠭᠠᠭᠠᠳ ᠰᠥᠮᠥᠰᠤ ᠪᠠᠷ ᠨᠢ ᠬᠥᠯᠳᠡᠭᠰᠡᠨ ᠰᠢᠷᠬ᠎ᠠ ᠶᠢ ᠨᠢ ᠤᠬᠢᠶᠠᠵᠤ ᠥᠭᠭᠦᠨ᠎ᠡ᠃            ᠲᠥᠯᠤᠭ᠎ᠠ᠂ ᠨᠢᠭᠡ ᠬᠡᠰᠡᠭ ᠨᠡᠭᠦᠷᠡᠰᠦ ᠶᠢ ᠭᠠᠯ ᠳᠡᠭᠡᠷ᠎ᠡ ᠵᠢᠭᠠᠬᠠᠨ ᠬᠠᠯᠠᠭᠤᠯᠤᠭᠠᠳ ᠰᠢᠷᠬ᠎ᠠ ᠶᠢ ᠨᠢ ᠵᠦᠯᠭᠦᠨ᠎ᠡ᠃            ᠨᠠᠶᠢᠮᠠ᠂ 100 ᠭᠷᠡᠮ ᠯᠠᠵᠤᠤ ᠶᠢ ᠴᠢᠨᠠᠭᠠᠳ ᠰᠥᠮᠥᠰᠤ ᠪᠠᠷ ᠨᠢ ᠬᠥᠯᠳᠡᠭᠰᠡᠨ ᠬᠡᠰᠡᠭ ᠢ ᠤᠬᠢᠶᠠᠨ᠎ᠠ᠃            ᠶᠢᠰᠦ᠂ ᠬᠠᠷ᠎ᠠ ᠠᠷᠢᠬᠢ ᠶᠢ ᠬᠠᠯᠠᠭᠤᠯᠤᠭᠠᠳ ᠲᠥᠷᠬᠢᠨ᠎ᠡ᠃            ᠠᠷᠪᠠ᠂ ᠰᠠᠷᠢᠮᠰᠠᠭ ᠤᠨ ᠬᠠᠯᠢᠰᠤ ᠶᠢ ᠨᠢ ᠠᠷᠢᠯᠭᠠᠵᠤ ᠨᠢᠴᠠᠯᠤᠭᠠᠳ ᠬᠠᠷ᠎ᠠ ᠠᠷᠢᠬᠢᠨ ᠳᠤ ᠬᠢᠵᠦ ᠡᠳᠦᠷ ᠲᠤ ᠬᠡᠳᠥ ᠤᠳᠠᠭ᠎ᠠ ᠲᠦᠷᠬᠢᠵᠦ ᠥᠭᠭᠦᠨ᠎ᠡ᠃            ᠠᠷᠪᠠᠨ ᠨᠢᠭᠡ᠂ ᠴᠠᠭᠠᠨ ᠨᠣᠭᠤᠭ᠎ᠠ ᠪᠤᠴᠠᠯᠭᠠᠭᠰᠠᠨ ᠰᠥᠮᠥᠰᠤᠨ ᠳᠤ ᠳᠠᠪᠤᠰᠤ ᠨᠡᠮᠡᠭᠡᠳ ᠤᠬᠢᠶᠠᠵᠤ ᠥᠭᠭᠦᠨ᠎ᠡ᠃            ᠠᠷᠪᠠᠨ ᠬᠤᠶᠠᠷ᠂  ᠵᠦᠷᠵᠢ ᠶᠢᠨ ᠬᠠᠯᠢᠰᠤ᠂ ᠴᠭᠠᠨ ᠯᠤᠤᠪᠠᠩ ᠤᠨ ᠨᠠᠪᠴᠢ ᠶᠢ ᠠᠳᠠᠯᠢ ᠬᠡᠮᠵᠢᠶ᠎ᠡ ᠪᠠᠷ ᠬᠢᠵᠦ ᠴᠢᠨᠠᠭᠠᠳ ᠰᠥᠮᠥᠰᠤ ᠶᠢ ᠨᠢ ᠡᠳᠦᠷ ᠲᠤ  ᠬᠤᠶᠠᠷ ᠠᠴᠠ ᠭᠤᠷᠪᠠ ᠤᠳᠠᠭ᠎ᠠ ᠲᠦᠷᠬᠢᠵᠦ ᠥᠭᠭᠦᠨ᠎ᠡ᠃             ︽ᠥᠪᠥᠷ ᠮᠣᠩᠭᠤᠯ ᠤᠨ ᠠᠮᠢᠳᠤᠷᠠᠯ ᠭᠠᠷᠠᠭ ᠤᠨ ᠰᠣᠨᠢᠨ︾ ᠠᠴᠠ ᠪᠠᠭᠤᠯᠭᠠᠪᠠ  
ᠢᠷᠡᠯᠲᠡ᠄ ᠤᠷᠳᠤᠰ ᠤᠨ ᠮᠤᠩᠭᠤᠯ ᠭᠡᠯᠡᠨ ᠤ ᠰᠤᠨᠢᠨ ᠮᠡᠳᠡᠭᠡᠨ ᠤ ᠰᠦᠯᠵᠢᠶ᠎ᠡ