ᠰᠡᠳᠬᠢᠯ ᠳᠤ ᠤᠶᠠᠩᠭᠠᠷᠠᠬᠤ ᠬᠠᠶᠢᠷ᠎ᠠ ᠶᠢᠨ ᠰᠢᠲᠦᠭᠡᠨ
ᠨᠡᠶᠢᠲᠡᠯᠡᠭᠰᠡᠨ ᠴᠠᠭ᠄
2022/10/20
     ᠵᠤᠬᠢᠶᠠᠭᠴᠢ᠄  ᠳᠠᠯᠠᠨᠪᠠᠶᠠᠷ        ᠨᠠᠷᠠᠲᠤ  ᠶᠢᠨ ᠵᠠᠢ  ᠳᠤ ᠨᠠᠶᠠᠨ ᠨᠠᠮᠤᠷ  ᠢ ᠡᠯᠡᠭᠡᠵᠦ᠂ ᠨᠠᠮ ᠠᠷᠠᠳ ᠤᠨ ᠢᠶᠠᠨ ᠦᠢᠯᠡᠰ ᠲᠤ ᠵᠢᠳᠬᠦᠯ ᠶᠡᠬᠡᠲᠡᠢ ᠶᠠᠪᠤᠵᠤ ᠢᠷᠡᠭᠰᠡᠨ ᠠᠴᠢᠲᠤ ᠪᠤᠭᠤᠷᠤᠯ ᠨᠠᠭᠠᠴᠤ ᠮᠢᠨᠢ ᠠᠮᠢᠳᠤᠷᠠᠯ ᠤᠨ ᠢᠶᠠᠨ ᠠᠯᠲᠠᠨ ᠵᠢᠯᠣᠭᠤ ᠶᠢ ᠡᠪᠬᠡᠴᠢᠬᠡᠯ᠎ᠡ᠃     ︽ᠠᠢ᠂ ᠬᠥᠭᠡᠷᠦᠬᠦᠢ︕ ᠨᠠᠶᠢᠷ  ᠤᠨ ᠲᠣᠯᠣᠭᠠᠢ ᠶᠢᠨ ᠮᠦ᠋᠊  ᠱᠦᠵᠢ ᠭᠡᠵᠦ ᠰᠠᠶᠢᠨ ᠬᠥᠮᠥᠨ ᠪᠠᠶᠢᠭᠰᠠᠨ ᠠ᠋︕ ᠠᠶᠢᠬᠤᠪᠲᠤᠷ ᠴᠤ ᠬᠥᠮᠥᠨ ᠤ ᠨᠢᠭᠡ ᠪᠠᠶᠢᠭᠰᠠᠨ︾ ᠭᠡᠵᠦ ᠪᠦᠭᠦ ᠬᠥᠮᠥᠨ ᠳᠤᠷᠠᠰᠳᠠᠭ ᠭᠡᠪᠡᠯ ᠠᠷᠠᠢ ᠴᠤ ᠠᠬᠠᠳᠠᠭᠤᠯᠴᠢᠬᠠᠭᠰᠠᠨ ᠮᠠᠭᠠᠳ᠃ ᠭᠡᠬᠦ ᠳᠤ ᠪᠦᠭᠡ ᠶᠢᠨ ᠣᠪᠣᠭ᠎ᠠ᠂ ᠭᠦᠪ ᠤᠨ ᠬᠤᠭᠤᠯᠠᠢ᠂ ᠠᠭᠤᠯᠠ ᠶᠢᠨ ᠤᠰᠤ ᠭᠡᠬᠦ ᠮᠡᠲᠦᠴᠢᠯᠡᠨ ᠠᠭᠤᠯᠠ ᠬᠠᠶᠢᠷᠬᠠᠨ᠂ ᠬᠤᠲᠠ ᠰᠠᠭᠤᠷᠢᠰᠢᠯ ᠲᠠᠢ ᠪᠠᠶᠢᠳᠠᠭ ᠨᠠᠶᠢᠷ ᠤᠨ ᠲᠣᠯᠣᠭᠠᠢ ᠭᠠᠴᠠᠭᠠᠨ ᠤ ᠪᠠᠨ ᠬᠥᠮᠥᠨ ᠠᠷᠠᠳ ᠤᠨ ᠰᠡᠳᠬᠢᠯ ᠳᠤ ᠡᠨᠡ ᠬᠥᠮᠥᠨ ᠮᠥᠩᠬᠡᠵᠢᠬᠦ ᠨᠢ ᠨᠢᠭᠡ ᠶᠣᠰᠣᠨ ᠵᠦᠢ ᠪᠠᠶᠢᠵᠤ ᠲᠠᠭᠠᠷᠠᠨ᠎ᠠ᠃ᠨᠠᠭᠠᠴᠤ  ᠶᠢᠨ ᠨᠡᠷ᠎ᠡ  ᠶᠢ ᠮᠥᠩᠬᠡᠸ᠋ᠴᠢᠷ ᠭᠡᠲᠡᠭ᠃ ᠨᠤᠲᠤᠭ ᠤᠨ ᠬᠢᠨ ᠪᠠᠷᠤᠭ ᠪᠦᠷ ︽ᠮᠦᠩᠭᠡᠵᠡᠢ︾ ᠭᠡᠵᠦ ᠳᠥᠭᠦᠮᠴᠢᠯᠡᠨ ᠳᠠᠭᠤᠳᠠᠬᠤ ᠪᠤᠶᠤ ᠠᠵᠢᠯ ᠠᠯᠪᠠᠨ ᠤ ᠵᠡᠷᠭᠡ ᠲᠤᠰᠢᠶᠠᠯ ᠢᠶᠠᠷ ᠨᠢ ︽ᠮᠦ᠋᠊  ᠱᠦᠵᠢ︾ ᠴᠤ ᠭᠡᠵᠦ ᠳᠠᠭᠤᠳᠠᠳᠠᠭ᠃  ᠬᠠᠷᠢᠨ ᠵᠠᠯᠠᠭᠤ ᠪᠠᠭᠠᠴᠤᠤᠯ ᠨᠢ ᠪᠣᠯ ︽ᠭᠦᠭᠧ︾ ᠭᠡᠬᠦ ᠪᠤᠶᠤ ︽ᠠᠶᠢᠯ ᠤᠨ ᠠᠵᠠᠢ︾ ᠭᠡᠵᠦ ᠳᠠᠭᠤᠳᠠᠳᠠᠭ ᠪᠠᠶᠢᠭᠰᠠᠨ᠃ ︽ᠲᠣᠭᠠᠯᠠᠵᠤ ᠲᠠᠯᠪᠢᠭᠰᠠᠨ ᠨᠠᠰᠤ ᠲᠥᠭᠡᠯᠡᠵᠦ ᠲᠠᠯᠪᠢᠭᠰᠠᠨ ᠪᠡᠶ᠎ᠡ︾ ᠭᠡᠵᠦ ᠬᠡᠯᠡᠳᠡᠭ ᠤᠨ ᠤᠴᠢᠷ᠂ ᠨᠠᠭᠠᠲᠤ ᠣᠷᠴᠢᠯᠠᠩ ᠠᠴᠠ ᠠᠶᠠᠷᠯᠠᠭᠰᠠᠨ ᠨᠠᠭᠠᠴᠤ ᠶᠢᠨ ᠢᠶᠠᠨ ᠬᠤᠶᠢᠨ᠎ᠠ ᠠᠴᠠ ᠤᠲᠤ ᠥᠩᠭᠡᠷᠡᠦ ᠶᠡᠭᠡ ᠬᠠᠷᠠᠰᠠᠯ ᠡᠪᠦᠷᠯᠡᠨ ᠭᠡᠮᠰᠢᠭᠡᠳ ᠴᠤ ᠶᠠᠭᠠᠬᠢᠨ᠎ᠠ ᠳ᠋ᠠ︕ ᠵᠢᠷᠦᠬᠡ  ᠪᠠᠷ  ᠢᠶᠠᠨ ᠵᠡᠭᠦᠳᠦ ᠎ ᠪᠠᠷ ᠢᠶᠠᠨ ᠳᠤᠷᠠᠰᠤᠭᠰᠠᠨ ᠴᠤ ᠪᠤᠷᠬᠠᠨ ᠤ ᠣᠷᠣᠨ ᠳᠠᠭᠠᠨ ᠶᠠᠪᠤᠴᠢᠬᠠᠭᠰᠠᠨ ᠪᠣᠯᠬᠤᠷ ᠪᠤᠴᠠᠭᠠᠳ ᠢᠷᠡᠬᠦ ᠦᠭᠡᠢ ᠨᠢ ᠶᠠᠭᠠᠬᠢᠬᠤ ᠶᠢᠨ ᠠᠷᠭ᠎ᠠ ᠦᠭᠡᠢ ᠦᠨᠡᠨ ᠶᠤᠮ᠃  ᠶᠠᠭᠠᠬᠢᠶ᠎ᠠ ᠭᠡᠬᠦ ᠤᠤ ᠳ᠋ᠠ︕  ᠠᠮᠢᠳᠤᠷᠠᠯ ᠶᠡᠷᠦ ᠨᠢ ᠡᠶᠢᠮᠦ ᠯᠡ ᠪᠠᠶᠢᠳᠠᠭ ᠶᠤᠮ ᠴᠢᠨᠢ ᠁     ᠨᠠᠭᠠᠴᠤ ᠮᠢᠨᠢ ᠠᠯᠳᠠᠷ ᠠᠰᠢᠭ  ᠤᠨ ᠬᠤᠶᠢᠨ᠎ᠠ ᠠᠴᠠ ᠬᠥᠭᠡᠭᠡᠴᠡᠯᠳᠦᠬᠦ ᠶᠢ ᠲᠠᠰᠤ ᠴᠡᠭᠡᠷᠯᠡᠵᠦ᠂ ︽ᠰᠢᠳᠤᠷᠭᠤ ᠦᠨᠡᠨ︾ ᠎ ᠤ ᠭᠡᠭᠡᠨ ᠰᠤᠷᠲᠠᠬᠤᠨ ᠢ ᠦᠵᠡᠯ ᠪᠤᠲᠤᠯ ᠤᠨ ᠢᠶᠠᠨ ᠣᠷᠣᠢ ᠶᠢᠨ ᠴᠢᠮᠡᠭ ᠪᠤᠯᠭᠠᠵᠤ᠂ ᠬᠥᠮᠥᠨ ᠮᠥᠰᠥ ᠶᠢᠨ ᠠᠭᠤᠤ ᠴᠢᠨᠠᠷ ᠢᠶᠠᠨ ᠲᠡᠭᠰᠢ ᠪᠦᠷᠢᠨ ᠬᠠᠷᠠᠭᠤᠯᠵᠤ ᠴᠢᠳᠠᠭᠰᠠᠨ ᠡᠷᠬᠢᠮ ᠰᠤᠷᠲᠠᠯ ᠲᠠᠢ ᠡᠭᠡᠯ ᠨᠢᠭᠡᠨ ᠥᠷᠥ ᠵᠥᠭᠡᠯᠡᠨ ᠬᠥᠮᠥᠨ ᠪᠠᠶᠢᠭᠰᠠᠨ ᠶᠤᠮ᠃ ᠡᠭᠦᠨ ᠢ ᠦᠬᠡᠷ ᠤᠨ ᠴᠤᠪᠤᠭ᠎ᠠ ᠲᠠᠭᠠᠵᠤ ᠦᠨᠡᠨ ᠤ ᠮᠥᠷ ᠬᠥᠭᠡᠭᠡᠵᠦ ᠶᠠᠪᠤᠭᠰᠠᠨ ᠨᠠᠭᠠᠴᠤ ᠶᠢᠨ ᠮᠢᠨᠢ ᠨᠢᠭᠡ ᠨᠠᠰᠤᠨ ᠤ ᠨᠢᠮᠭᠡᠨ ᠴᠤ ᠪᠣᠯᠤᠭ ᠤᠯᠪᠠᠭ᠎ᠠ ᠲᠡᠦᠬᠡ ᠨᠢ ᠬᠥᠮᠥᠨ ᠵᠠᠶᠠᠭᠠᠨ ᠤ ᠬᠢᠨᠢ ᠮᠥᠨ ᠴᠢᠨᠠᠷ ᠢᠶᠠᠷ ᠨᠤᠲᠤᠭ ᠤᠨ ᠠᠯᠳᠠᠷ ᠢᠶᠠᠨ ᠡᠷᠭᠦᠵᠦ ᠪᠠᠶᠢᠬᠤ ᠰᠢᠭ᠋ ᠮᠥᠩᠬᠡ ᠳᠤᠷᠠᠰᠬᠠᠵᠤ ᠪᠠᠶᠢᠳᠠᠭ ᠪᠢᠯᠡ᠃     ᠨᠠᠭᠠᠴᠤ ᠮᠢᠨᠢ ᠳᠡᠭᠡᠷ᠎ᠡ ᠵᠠᠭᠤᠨ ᠤ ᠲᠠᠯᠠᠭᠠᠳ ᠣᠨ ᠤ ᠳᠤᠮᠳᠠᠴᠢ ᠦᠶ᠎ᠡ ᠠᠴᠠ ᠡᠬᠢᠯᠡᠨ ᠶᠡᠷᠡᠭᠡᠳ ᠣᠨ ᠤ ᠰᠡᠭᠦᠯᠴᠢ ᠪᠤᠯᠲᠠᠯ᠎ᠠ ᠭᠠᠴᠠᠭᠠᠨ ᠤ ᠠᠵᠢᠯ ᠢ ᠬᠤᠷᠢ ᠭᠠᠷᠤᠢ ᠵᠢᠯ ᠬᠢᠵᠦ ᠢᠷᠡᠭᠰᠡᠨ ᠪᠢᠯᠡ᠃ ᠮᠥᠨ ᠲᠡᠭᠡᠭᠡᠳ ᠬᠤᠰᠢᠭᠤ ᠰᠤᠮᠤᠨ ᠤ ᠪᠠᠨ ᠨᠠᠮ ᠠᠷᠠᠳ ᠤᠨ ᠲᠥᠯᠥᠭᠡᠯᠡᠭᠴᠢ ᠴᠤ ᠪᠣᠯᠵᠤ ︽ᠰᠢᠯᠢᠳᠡᠭ ᠨᠠᠮ ᠤᠨ ᠭᠡᠰᠢᠭᠦᠨ︾᠂ ︽ᠭᠠᠮᠰᠢᠭ ᠲᠠᠢ ᠲᠡᠮᠡᠴᠡᠨ ᠮᠠᠯ ᠢᠶᠠᠨ ᠬᠠᠮᠠᠭᠠᠯᠠᠭᠰᠠᠨ ᠲᠡᠷᠢᠭᠦᠨ ᠤ ᠬᠤᠪᠢ ᠬᠥᠮᠥᠨ︾᠂ ︽ᠭᠦᠲᠡᠯᠮᠤᠷᠢ ᠶᠢᠨ ᠵᠢᠱᠢᠶᠡᠴᠢ︾᠂ ︽ᠦᠨᠳᠦᠰᠦᠨ ᠱᠠᠲᠤᠨ ᠤ ᠰᠢᠯᠢᠳᠡᠭ ᠺᠠᠳ᠋ᠷ︾ ᠵᠡᠷᠭᠡ ᠶᠢᠨ ᠢᠷᠠᠭᠤ ᠠᠯᠳᠠᠷ ᠬᠦᠷᠲᠡᠵᠦ᠂ ᠦᠨᠳᠦᠰᠦᠨ ᠱᠠᠲᠤᠨ ᠤ ᠠᠵᠢᠯ ᠶᠠᠪᠤᠳᠠᠯ ᠳᠠᠭᠠᠨ ᠪᠣᠯ ᠥᠪᠡᠷ ᠤᠨ ᠭᠡᠬᠦ ᠦᠵᠡᠯᠲᠡ ᠲᠤᠷᠰᠢᠯᠭ᠎ᠠ ᠪᠠᠷ ᠬᠠᠰᠢᠷ ᠲᠤᠭᠢ ᠬᠠᠭᠤᠴᠢᠨ ᠭᠠᠷ ᠤᠨ ᠨᠢᠭᠡ ᠪᠤᠯᠬᠤ ᠶᠤᠮ᠃     ᠢᠯᠠᠩᠭᠤᠶ᠎ᠠ ᠲᠤᠰᠢᠶᠠᠯ ᠬᠠᠷᠢᠭᠤᠴᠠᠵᠤ ᠪᠠᠶᠢᠭᠰᠠᠨ ᠬᠤᠭᠤᠴᠠᠭᠠᠨ ᠳᠠᠭᠠᠨ ᠨᠠᠭᠠᠴᠤ ᠮᠢᠨᠢ ︽ᠮᠠᠯ ᠪᠡᠯᠴᠢᠭᠡᠷ︾ ᠎ ᠢ ᠡᠷᠤᠭᠡ ᠳᠤ ᠬᠤᠪᠢᠶᠠᠨ ᠳᠠᠭᠠᠭᠠᠴᠢᠯᠠᠭᠤᠯᠬᠤ ᠮᠠᠯᠵᠢᠬᠤ ᠦᠢᠯᠡᠳᠪᠦᠷᠢᠯᠡᠯ ᠤᠨ ᠬᠤᠶᠠᠷ ᠲᠣᠮᠣ ᠴᠢᠬᠤᠯᠠ ᠠᠵᠢᠯ ᠡᠭᠦᠷᠭᠡ ᠶᠢ ᠳᠡᠭᠡᠳᠦ ᠱᠠᠲᠤᠨ ᠤ ᠵᠣᠷᠢᠭ ᠰᠠᠨᠠᠭ᠎ᠠ ᠵᠢᠭᠠᠪᠤᠷᠢ ᠱᠠᠭᠠᠷᠳᠠᠯᠭ᠎ᠠ ᠬᠢᠭᠡᠳ ᠭᠠᠴᠠᠭ᠎ᠠ ᠨᠤᠲᠤᠭ ᠤᠨ ᠢᠶᠠᠨ ᠠᠷᠠᠳ ᠮᠠᠯᠴᠢᠳ ᠤᠨ ᠰᠠᠨᠠᠭ᠎ᠠ ᠵᠣᠷᠢᠯᠲᠠ ᠶᠣᠰᠣᠭᠠᠷ ᠰᠠᠶᠢᠬᠠᠨ ᠪᠡᠶᠡᠯᠡᠭᠦᠯᠵᠦ ᠭᠦᠢᠴᠡᠳᠬᠡᠭᠰᠡᠨ ᠶᠤᠮ᠃  ᠮᠠᠯ ᠢ ᠴᠤ ᠪᠣᠯ ᠶᠠᠭᠠᠭᠢᠮᠠᠢ︕ ᠡᠷᠤᠭᠡ ᠪᠤᠶᠤ ᠬᠥᠮᠥᠨ ᠠᠮᠠ ᠶᠢᠨ ᠲᠤᠭ᠎ᠠ ᠬᠠᠷᠢᠴᠠᠯ ᠢᠶᠠᠷ ᠪᠠᠷᠢᠮᠵᠢᠶᠠᠯᠠᠨ ᠪᠤᠲᠠ ᠪᠤᠭ ᠮᠠᠯ ᠢᠶᠠᠷ ᠨᠢ ᠲᠦᠷᠤᠯ ᠠᠩᠭᠢᠯᠠᠵᠤ᠂ ᠶᠡᠭᠡ ᠪᠠᠭ᠎ᠠ᠂ ᠡᠷ᠎ᠡ ᠡᠮ᠎ᠡ᠂  ᠨᠠᠰᠤ ᠰᠢᠲᠤ᠂ ᠲᠠᠷᠭᠤ ᠬᠦᠴᠦ᠂ ᠭᠠᠷ ᠤᠨ ᠮᠠᠯ ᠢᠶᠠᠷ ᠨᠢ ᠶᠡᠭᠡ ᠲᠥᠯᠥᠪ ᠲᠠᠭᠠᠷᠠᠭᠤᠯᠵᠤ ᠵᠣᠬᠢᠴᠠᠭᠤᠯᠤᠨ ᠡᠪᠯᠡᠭᠦᠯᠵᠦ ᠠᠷᠭᠠᠴᠠᠭᠠᠨ ᠬᠤᠪᠢᠶᠠᠵᠤ ᠥᠭᠪᠡᠯ ᠪᠣᠯᠴᠢᠬᠠᠬᠤ ᠪᠠᠶᠢᠯᠭᠦᠢ᠃ ᠬᠠᠷᠢᠨ ᠭᠠᠵᠠᠷ ᠨᠤᠲᠤᠭ ᠢ ᠬᠤᠪᠢᠶᠠᠨ᠎ᠠ ᠭᠡᠪᠡᠯ ᠶᠣᠰᠣᠲᠠᠢ ︽ᠦᠰᠦ ᠪᠠᠨ ᠲᠣᠭᠠᠯᠠᠬᠤ︾᠎ ᠠᠴᠠ ᠴᠠᠭᠠᠰᠢ ᠬᠡᠯᠡᠭᠳᠡᠬᠦ ︽ᠮᠢᠬ᠎ᠠ ᠪᠠᠨ ᠢᠳᠡᠭᠰᠡᠨ︾ ᠲᠦᠪᠡᠭ ᠳᠠᠷᠤᠭᠠᠰᠤ ᠶᠡᠬᠡᠲᠡᠢ ᠠᠵᠢᠯ ᠡᠭᠦᠷᠭᠡ ᠶᠢᠨ ᠨᠢᠭᠡ ᠪᠤᠯᠬᠤ ᠶᠢ ᠪᠣᠳᠠᠲᠠᠢ ᠬᠢᠭᠰᠡᠨ ᠤᠯᠤᠰ ᠤᠳ ᠯᠠ ᠰᠠᠶ᠋ᠢ ᠴᠠᠭᠠᠨ᠎ᠠ ᠨᠢ ᠭᠠᠷᠲᠠᠯ᠎ᠠ ᠮᠡᠲᠡᠨ᠎ᠡ᠃ ᠨᠠᠭᠠᠴᠤ ᠮᠢᠨᠢ ᠲᠤᠬᠠᠢ ᠶᠢᠨ ᠦᠶ᠎ᠡ ᠳᠤ ᠪᠠᠷᠢᠭᠠᠳᠠ ᠶᠢᠨ ᠢᠶᠠᠨ ᠭᠤᠣᠯ ᠤᠳᠤᠷᠢᠳᠤᠯᠭ᠎ᠠ ᠶᠢᠨ ᠨᠢᠭᠡ ᠪᠠᠶᠢᠭᠰᠠᠨ ᠪᠣᠯᠬᠤᠷ ︽ᠡᠷᠬᠡ ᠲᠡᠭᠰᠢ᠂ ᠲᠥᠪ ᠭᠤᠤᠯᠴᠢ︾᠎ ᠶᠢ ᠲᠡᠷᠢᠭᠦᠨ ᠳᠤ ᠲᠠᠯᠪᠢᠬᠤ ᠪᠠᠷ ᠵᠠᠷᠴᠢᠮ ᠪᠣᠯᠭᠠᠨ᠂ ᠡᠨᠡ ᠬᠦ ᠠᠵᠢᠯ ᠳᠤ ᠴᠣᠬᠤᠮ ︽ᠭᠤᠣᠯ ᠡᠵᠡᠨ ᠭᠠᠤᠯᠢᠨ ᠪᠤᠷᠬᠠᠨ︾ ᠎ ᠤ ᠦᠢᠯᠡᠳᠦᠯ ᠢᠶᠠᠨ ᠦᠵᠡᠭᠦᠯᠵᠦ᠂ ᠪᠤᠰᠤᠳ ᠤᠳᠤᠷᠢᠳᠤᠯᠭ᠎ᠠ ᠶᠢᠨ ᠬᠠᠮᠲᠤ ᠬᠤᠰᠢᠭᠤ  ᠰᠤᠮᠤᠨ ᠠᠴᠠ ᠪᠠᠭᠤᠵᠤ ᠢᠷᠡᠭᠰᠡᠨ ᠠᠵᠢᠯᠯᠠᠬᠤ ᠳᠤᠭᠤᠶᠢᠯᠠᠩ ᠤᠨ ᠺᠠᠳ᠋ᠷ ᠨᠠᠷ ᠤᠨ ᠴᠢᠷᠮᠠᠶᠢᠯᠭ᠎ᠠ ᠪᠠᠷ ᠲᠡᠳᠦᠢ ᠶᠡᠭᠡ ᠬᠡᠯᠡ ᠠᠮᠠ  ᠬᠡᠷᠡᠭᠦᠯ ᠮᠠᠷᠭᠤᠭᠠᠨ ᠲᠠᠲᠠᠭᠰᠠᠨ ᠵᠥᠷᠢᠴᠡᠯ ᠵᠠᠭᠤᠷᠠᠭᠠᠨ ᠪᠤᠶᠤ ᠰᠡᠭᠦᠯ ᠤᠷᠬᠠᠭ ᠳᠡᠮᠡᠢ ᠦᠯᠡᠳᠡᠭᠡᠯ ᠦᠭᠡᠢ ᠰᠠᠶᠢᠬᠠᠨ ᠬᠤᠪᠢᠶᠠᠵᠤ ᠴᠢᠳᠠᠭᠰᠠᠨ ᠪᠠᠶᠢᠳᠠᠭ᠃ ᠨᠢᠭᠡ ᠡᠳᠦᠷ ᠴᠤ ᠭᠡᠰᠡᠨ ᠰᠤᠷᠭᠠᠭᠤᠯᠢ ᠰᠣᠶᠣᠯ ᠤᠨ ᠡᠭᠦᠳᠡ ᠶᠢ ᠠᠯᠬᠤᠵᠤ ᠥᠩᠭᠡᠷᠡᠭᠰᠡᠨ ᠦᠭᠡᠢ᠂ ᠡᠭᠡᠰᠢᠭ ᠲᠤᠯᠤᠭ᠎ᠠ ᠪᠠᠷ ᠰᠠᠭᠤᠷᠢᠯᠠᠭᠰᠠᠨ ᠴᠠᠭᠠᠨ ᠲᠣᠯᠣᠭᠠᠢ ᠪᠠᠨ ᠪᠠᠷᠤᠭ ᠠᠷᠪᠠᠨ ᠭᠤᠷᠪᠠ ᠳᠥᠷᠪᠡ ᠭᠦᠷᠤᠭᠡᠳ ᠰᠠᠶ᠋ᠢ ᠳᠥᠩᠭᠡᠵᠦ ᠥᠪᠡᠷ ᠢᠶᠠᠨ ᠨᠢᠳᠦᠯᠡᠵᠦ ᠰᠤᠷᠤᠬᠰᠠᠨ ᠰᠣᠶᠣᠯ ᠤᠨ ᠮᠥᠷ ᠲᠠᠢ ᠬᠥᠮᠥᠨ ᠳᠤ ᠡᠨᠡ ᠴᠤ ᠪᠠᠰᠠ ᠬᠢᠷᠢ ᠭᠡᠮ ᠠᠴᠠ ᠨᠢ ᠬᠤᠯᠠ ᠴᠠᠭᠠᠭᠤᠷ ᠬᠡᠯᠡᠭᠳᠡᠬᠦ ᠤᠷᠰᠢᠭ ᠶᠠᠷᠰᠢᠭ ᠶᠡᠬᠡᠲᠡᠢ ᠠᠵᠢᠯ ᠶᠠᠪᠤᠳᠠᠯ ᠤᠨ ᠨᠢᠭᠡ ᠪᠤᠯᠬᠤ ᠨᠢ ᠮᠡᠳᠡᠭᠡᠵᠢ ᠶᠢᠨ ᠬᠡᠷᠡᠭ᠃ ᠨᠠᠭᠠᠴᠤ ᠮᠢᠨᠢ ᠰᠣᠶᠣᠯ ᠢᠶᠠᠷ ᠬᠡᠮᠵᠢᠶᠡᠯᠡᠬᠦ ᠶᠢᠨ ᠠᠷᠭ᠎ᠠ ᠦᠭᠡᠢ ᠪᠠᠶᠢᠳᠠᠭ ᠠᠮᠢᠳᠤᠷᠠᠯ ᠤᠨ ︽ᠬᠠᠷ᠎ᠠ ᠤᠬᠠᠭᠠᠨ︾ ᠎ ᠤ ︽ᠡᠪ ᠲᠡᠮ︾  ᠎ ᠤᠨ ᠦᠦᠷ ᠢ ᠴᠠᠶᠢᠯᠭᠠᠭᠰᠠᠨ ᠡᠷᠳᠡᠮ ᠨᠣᠮ ᠤᠨ ᠴᠠᠭᠠᠲᠤ ᠶᠣᠰᠣᠨ ᠳᠤ ᠨᠡᠪᠲᠡᠷᠬᠡᠢ ᠪᠢᠰᠢ ᠴᠤ ᠭᠡᠰᠡᠨ ᠦᠢᠯᠡᠳᠪᠦᠷᠢᠯᠡᠯ ᠠᠮᠢᠳᠤᠷᠠᠯ ᠤᠨ ᠳᠠᠳᠤᠯᠭ᠎ᠠ ᠪᠣᠯᠪᠠᠰᠤᠷᠠᠯ ᠤᠨ ᠲᠤᠷᠰᠢᠯᠭ᠎ᠠ ᠰᠠᠶᠢᠲᠠᠢ ᠪᠣᠯᠬᠤᠷ ᠶᠠᠮᠠᠷ ᠴᠤ ᠪᠣᠯᠤᠭ ᠭᠠᠴᠠᠭ᠎ᠠ ᠨᠤᠲᠤᠭ ᠤᠨ ᠢᠶᠠᠨ ᠬᠥᠮᠥᠨ ᠨᠢᠭᠡ ᠪᠦᠷᠢ ᠶᠢᠨ ᠠᠶᠠᠭ᠎ᠠ ᠠᠮᠠ ᠲᠠᠢ ᠨᠢ ᠰᠢᠭᠤᠳ ᠬᠤᠯᠪᠣᠭᠳᠠᠬᠤ ᠡᠨᠡ ᠬᠦ ᠲᠣᠮᠣ ᠠᠵᠢᠯ ᠳᠤ ᠥᠭᠡᠳᠡ ᠮᠥᠷ ᠥᠷᠨᠢᠯ ᠬᠥᠭᠵᠢᠯ ᠤᠨ ᠰᠠᠭᠤᠷᠢ ᠶᠢ ᠲᠠᠯᠪᠢᠵᠤ ᠥᠭᠭᠦᠭᠰᠡᠨ ᠬᠥᠮᠥᠨ ᠤ ᠨᠢᠭᠡ ᠪᠤᠯᠬᠤ ᠶᠤᠮ᠃ ᠤᠲᠤ ᠪᠤᠲᠤᠬᠤ ᠳᠤ ᠨᠠᠭᠠᠴᠤ ᠮᠢᠨᠢ ᠠᠯᠢ ᠪᠦᠭᠦᠨ ᠢᠶᠠᠨ ᠠᠮᠢᠳᠤᠷᠠᠯ ᠤᠨ ︽ᠬᠠᠷ᠎ᠠ ᠤᠬᠠᠭᠠᠨ︾ ᠎ ᠢᠶᠠᠷ ᠡᠵᠡᠮᠳᠡᠭᠦᠯᠵᠦ ᠴᠢᠳᠠᠭᠰᠠᠨ ᠴᠢᠩᠭ᠎ᠠ ᠬᠥᠮᠥᠨ ᠤ ᠨᠢᠭᠡ ᠪᠠᠶᠢᠭᠰᠠᠨ ᠠᠴᠠ ᠪᠣᠯᠤᠭᠰᠠᠨ ᠪᠠᠶᠢᠬ᠎ᠠ᠃ ᠶᠡᠷᠦ ᠨᠢ ᠲᠡᠭᠡᠭᠡᠳ ᠨᠠᠭᠠᠴᠤ ᠮᠢᠨᠢ ᠬᠤᠳᠳᠤᠭ ᠤᠰᠤ ᠮᠠᠯᠲᠠᠬᠤ ᠠᠴᠠ ᠠᠪᠤᠭᠠᠳ ᠬᠤᠷᠤᠭ᠎ᠠ ᠬᠠᠰᠢᠶ᠎ᠠ ᠪᠠᠷᠢᠬᠤ ᠵᠡᠷᠭᠡ ᠮᠠᠯᠵᠢᠬᠤ ᠦᠢᠯᠡᠳᠪᠦᠷᠢᠯᠡᠯ ᠤᠨ ᠬᠠᠷ᠎ᠠ ᠪᠣᠷᠣ ᠬᠠᠲᠠᠭᠤ  ᠪᠡᠷᠬᠡ ᠰᠠᠭᠤᠷᠢ ᠪᠦᠲᠦᠭᠡᠨ ᠪᠠᠶᠢᠭᠤᠯᠤᠯᠲᠠ ᠶᠢᠨ ᠴᠢᠨᠠᠷᠲᠠᠢ ᠠᠯᠢ ᠪᠦᠬᠦᠢ ᠠᠵᠢᠯ ᠳᠤ ᠶᠠᠳᠠᠷᠠᠯ ᠵᠦᠳᠡᠷᠡᠯ ᠢᠶᠠᠨ ᠶᠠᠭ ᠮᠠᠷᠲᠠᠭᠰᠠᠨ ᠶᠤᠮ ᠰᠢᠭ᠋ ᠬᠠᠨᠴᠤᠢ ᠰᠢᠮᠠᠯᠠᠨ ᠭᠠᠪᠰᠢᠭᠠᠶᠢᠯᠠᠵᠤ ᠪᠠᠶᠢᠳᠠᠭ ᠢᠶᠠᠷ ᠬᠢᠷᠢ ᠪᠠᠷᠤᠭ ᠤᠨ ᠵᠠᠯᠠᠭᠤᠴᠤᠳ ᠬᠠᠮᠲᠤ ᠠᠵᠢᠯᠯᠠᠬᠤ ᠠᠴᠠ ᠬᠠᠯᠠᠰᠢᠷᠠᠵᠤ ᠰᠢᠷᠬᠡᠶᠢᠳᠡᠭ  ᠪᠢᠯᠡ᠃     ᠶᠡᠭᠡ ᠬᠠᠮᠲᠤ ᠪᠠᠶᠢᠬᠤ ᠦᠶ᠎ᠡ  ᠳᠤ ᠨᠠᠭᠠᠴᠤ ᠮᠢᠨᠢ ᠪᠠᠷᠢᠭᠠᠳᠠ ᠶᠢᠨ ᠢᠶᠠᠨ ᠤᠳᠤᠷᠢᠳᠤᠯᠭ᠎ᠠ ᠶᠢᠨ ᠬᠤᠪᠢ ᠪᠠᠷ ᠬᠠᠮᠲᠤ ᠶᠢᠨ ᠮᠠᠯ ᠰᠦᠷᠤᠭ᠌ ᠢ ᠠᠪᠴᠤ᠂ ᠨᠢᠯᠬ᠎ᠠ ᠲᠠᠢ ᠨᠣᠶᠢᠲᠠᠨ ᠲᠠᠢ ᠡᠬᠡᠨᠡᠷ ᠬᠡᠦᠬᠡᠳ ᠠᠷᠤ ᠭᠡᠷ ᠤᠨ ᠠᠯᠢᠪᠠ ᠠᠵᠢᠯ ᠢᠶᠠᠨ ᠬᠠᠶᠠᠭᠠᠳ ᠲᠤᠯᠤᠨ ᠨᠤᠤᠷ ᠰᠢᠶᠠᠨ ᠵᠡᠷᠭᠡ ᠭᠠᠵᠠᠷ ᠣᠷᠣᠨ ᠢᠶᠠᠷ ᠪᠠᠷᠤᠭ ᠯᠠ ᠡᠪᠦᠯ ᠲᠤᠵᠢ ᠣᠲᠣᠷ ᠬᠠᠶᠢᠵᠤ ᠰᠠᠭᠤᠵᠤ ᠪᠠᠶᠢᠯ᠎ᠠ᠃ ᠴᠢᠮᠡᠭᠡ ᠬᠤᠯᠪᠤᠭ᠎ᠠ ᠲᠠᠭ ᠪᠢᠲᠡᠭᠦᠦ᠂ ᠵᠠᠮ ᠬᠠᠷᠢᠯᠴᠠᠭ᠎ᠠ ᠲᠤᠶᠢᠯ ᠤᠨ ᠲᠦᠭᠦᠮ ᠦᠭᠡᠢ ᠪᠠᠶᠢᠭᠰᠠᠨ ᠲᠡᠷᠡ ᠬᠦ  ᠡᠷᠢᠨ ᠳᠤ ᠴᠠᠰᠤ ᠮᠥᠰᠥ  ᠪᠠᠷ ᠬᠤᠴᠢᠭᠳᠠᠭᠰᠠᠨ ᠬᠠᠬᠢᠷ ᠡᠪᠦᠯ ᠤᠨ ᠬᠦᠢᠲᠡᠨ ᠳᠤ ᠬᠥᠮᠥᠨ ᠤ ᠨᠤᠲᠤᠭ ᠬᠥᠨᠳᠡᠯᠡᠨ ᠤ ᠭᠠᠵᠠᠷ ᠢᠶᠠᠷ ᠢᠩᠭᠢᠵᠦ ᠬᠡᠳᠦᠨ ᠰᠠᠷ᠎ᠠ ᠪᠠᠷ ︽ᠭᠤᠣᠨᠢ ᠪᠡᠶ᠎ᠡ ᠭᠤᠵᠣᠩ ᠲᠣᠯᠣᠭᠠᠢ︾ ᠶᠤᠮ ᠰᠢᠭ᠋ ᠴᠢᠮᠡᠭᠡ ᠠᠨᠢᠷ ᠦᠭᠡᠢ ᠶᠢᠨ ᠳᠤᠮᠳᠠ ᠠᠮᠢᠳᠤᠷᠠᠵᠤ ᠰᠠᠭᠤᠨ᠎ᠠ ᠭᠡᠭᠴᠢ ᠤᠲᠤ ᠶᠤᠮ ᠪᠣᠯ ᠬᠡᠨ ᠳᠤ ᠴᠤ ᠪᠣᠯᠤᠭ ︽ᠶᠠᠭᠠᠬᠢᠵᠤ ᠪᠤᠯᠲᠠᠭ ᠶᠤᠮ︖︾ ᠭᠡᠬᠦ ᠠᠰᠠᠭᠤᠯᠲᠠ ᠪᠠᠷ ᠭᠠᠶᠢᠬᠠᠰᠢ ᠠᠯᠳᠠᠭᠤᠯᠬᠤ ᠤᠴᠢᠷ ᠪᠤᠯᠬᠤ ᠨᠢ ᠳᠠᠮᠵᠢᠭ ᠦᠭᠡᠢ᠃ ᠭᠡᠪᠡᠴᠦ ᠲᠤᠬᠠᠢ ᠶᠢᠨ ᠴᠠᠭ ᠦᠶ᠎ᠡ ᠶᠢᠨ ᠨᠥᠬᠦᠴᠡᠯ ᠪᠣᠯᠣᠯᠴᠠᠭ᠎ᠠ ᠨᠢ ᠲᠡᠶᠢᠮᠤ ᠯᠡ ᠪᠠᠶᠢᠵᠤ ᠪᠠᠶᠢᠭᠰᠠᠨ ᠶᠤᠮ ᠴᠢᠨᠢ ︽ᠪᠤᠯᠬᠤ ᠦᠭᠡᠢ︾ ᠭᠡᠳ  ᠴᠣᠬᠤᠮ ᠬᠠᠮᠢᠭ᠎ᠠ ᠭᠦᠷᠤᠨ᠎ᠠ ᠳ᠋ᠧ︕    ᠨᠠᠭᠠᠴᠤ ᠮᠢᠨᠢ ᠲᠦᠷᠤ ᠤᠯᠤᠰ ᠴᠢᠯᠦᠭᠡᠯᠡᠯᠲᠡ ᠪᠠᠨ ᠣᠯᠤᠭ᠎ᠠ ᠦᠭᠡᠢ ᠲᠦᠮᠡᠨ ᠤᠯᠠᠨ ᠲᠦᠨᠡᠷ ᠬᠠᠷᠠᠩᠭᠤᠢ ᠶᠢᠨ ᠳᠤᠮᠳᠠ ᠲᠡᠨᠦᠭᠦᠴᠢᠯᠡᠵᠦ ᠪᠠᠶᠢᠭᠰᠠᠨ 1942 ᠣᠨ ᠳᠤ ᠲᠦᠷᠤᠭ᠍ᠰᠡᠨ ᠪᠣᠯᠬᠤᠷ ᠶᠣᠰᠣᠲᠠᠢ ︽ᠠᠮᠢ ᠨᠠᠭᠠᠨ᠎ᠠ ᠲᠠᠮᠤ ᠴᠠᠭᠠᠨ᠎ᠠ︾ ᠭᠡᠰᠡᠨ ᠰᠢᠭ ᠲᠤᠬᠠᠢ ᠶᠢᠨ ᠨᠡᠶᠢᠭᠡᠮ ᠤᠨ ᠬᠡᠴᠡᠭᠦᠦ ᠪᠡᠷᠬᠡ ᠣᠷᠴᠢᠨ ᠳᠤ ᠪᠠᠭ᠎ᠠ ᠨᠠᠰᠤ ᠎ ᠨᠢ ᠪᠠᠶᠢᠲᠤᠭᠠᠢ ᠵᠠᠯᠠᠭᠤ ᠨᠠᠰᠤ ᠨᠢ ᠴᠤ ᠭᠡᠳ ᠡᠨᠡᠷᠢᠯ ᠦᠭᠡᠢ ᠬᠤᠷᠸ᠎ᠠ ᠶᠢᠨ ᠡᠯᠳᠡᠪ ᠵᠦᠢᠯ ᠤᠨ ᠤᠶᠢᠯᠡ ᠲᠠᠮᠤ ᠳᠤ ᠲᠠᠷᠴᠢᠯᠠᠭᠠᠭᠳᠠᠨ᠂ ᠦᠭᠡᠶᠢᠭᠦᠦ ᠬᠤᠭᠤᠰᠤᠨ ᠤ ᠭᠠᠴᠢᠭ ᠵᠤᠪᠠᠯᠠᠩ ᠢᠶᠠᠷ ᠥᠯᠥᠨ ᠭᠡᠳᠡᠰᠦ ᠪᠠᠨ ᠠᠷᠭᠠᠴᠠᠭᠠᠵᠤ ᠢᠷᠡᠭᠰᠡᠨ ᠤ ᠨᠢᠭᠡᠨ ᠪᠠᠶᠢᠯ᠎ᠠ᠃    ᠲᠤᠬᠠᠢ ᠶᠢᠨ ᠴᠠᠭ ᠲᠦᠷᠤ ᠶᠢᠨ ᠪᠠᠶᠢᠳᠠᠯ ᠭᠡᠭᠴᠢ ᠲᠡᠶᠢᠮᠤ ᠯᠡ ᠪᠠᠶᠢᠭᠰᠠᠨ ᠶᠤᠮ ᠴᠢᠨᠢ ᠤᠲᠤ ᠪᠤᠲᠤᠬᠤ ᠳᠤ ᠲᠡᠭᠦᠨ ᠳᠡᠭᠡᠨ ᠵᠣᠬᠢᠴᠠᠵᠤ ᠠᠮᠢᠳᠤᠷᠠᠳᠠᠭ ᠪᠠᠶᠢᠯᠭᠦᠢ ᠭᠡᠬᠦ ᠭᠠᠭᠴᠠ ᠦᠭᠡ ᠪᠠᠷ ᠯᠠ ᠲᠤᠬᠠᠢ ᠶᠢᠨ ᠴᠠᠭ ᠦᠶ᠎ᠡ  ᠶᠢᠨ  ᠬᠢᠨᠢ ᠲᠤᠯᠢᠳᠬᠠᠯ ᠪᠣᠯᠭᠠᠶ᠎ᠠ᠃ ᠦᠨᠡᠨ ᠳᠡᠭᠡᠨ ︽ᠮᠥᠷᠥ ᠪᠦᠲᠦᠨ ᠭᠡᠳᠡᠰᠦ ᠴᠠᠳᠬᠤᠯᠠᠩ︾ ᠪᠠᠶᠢᠬᠤ ᠨᠢ ᠲᠡᠷᠡ ᠦᠶ᠎ᠡ ᠶᠢᠨ ᠬᠥᠮᠥᠰ ᠤᠨ ᠬᠠᠮᠤᠭ ᠶᠡᠭᠡ ᠬᠦᠰᠡᠯ ᠪᠢᠯᠬᠠᠭᠰᠠᠨ ᠵᠢᠷᠭᠠᠯ ᠪᠠᠶᠢᠵᠤ ᠲᠠᠭᠠᠷᠠᠨ᠎ᠠ᠃ ᠨᠠᠭᠠᠴᠤ ᠮᠢᠨᠢ ᠳᠡᠭᠡᠷ᠎ᠡ ᠪᠠᠨ ᠬᠤᠶᠠᠷ ᠠᠬ᠎ᠠ ᠬᠤᠶᠠᠷ ᠡᠭᠡᠴᠢ ᠲᠠᠢ ᠪᠤᠯᠪᠠᠴᠤ ᠡᠵᠢ ᠶᠢ ᠪᠠᠭᠲᠠᠭᠠᠭᠰᠠᠨ ᠭᠤᠷᠪᠠ ᠨᠢ ᠠᠶᠢᠯ ᠳᠤ ᠡᠷᠭᠦᠭᠳᠡᠭᠰᠡᠨ ᠢᠶᠠᠷ ᠨᠠᠭᠠᠴᠤ ᠡᠪᠦᠭᠡ ᠶᠢᠨ ᠬᠠᠮᠲᠤ ᠶᠡᠭᠡ ᠠᠬ᠎ᠠ ᠲᠠᠢ ᠪᠠᠨ ᠴᠤᠭ ᠥᠰᠴᠦ᠂ ᠬᠤᠵᠢᠮ ᠨᠢ ᠲᠤᠰ ᠲᠤᠰ ᠲᠠᠭᠠᠨ ᠡᠷᠤᠭᠡ ᠭᠡᠷ ᠢᠶᠠᠨ ᠪᠠᠶᠢᠭᠤᠯᠵᠤ᠂ ᠵᠡᠭᠦᠨ ᠪᠠᠷᠠᠭᠤᠨ ᠠᠶᠢᠯ ᠢᠶᠠᠷ ᠬᠥᠷᠰᠢ ᠵᠡᠷᠭᠡᠯᠡᠳᠡᠭᠡ ᠰᠠᠭᠤᠵᠤ ᠭᠠᠯ ᠭᠤᠯᠣᠮᠲᠠ ᠪᠠᠨ ᠪᠠᠳᠠᠷᠠᠭᠠᠨ ᠶᠠᠪᠤᠵᠤ ᠪᠠᠶᠢᠬᠤ ᠳᠤ ᠭᠡᠨᠡᠳᠲᠡ ᠶᠢᠨ ᠵᠤᠪᠠᠯᠠᠩ ᠳᠤ ᠲᠠᠭᠠᠷᠢᠬᠲᠠᠨ ᠶᠡᠭᠡ ᠨᠠᠭᠠᠴᠤ ᠮᠢᠨᠢ ᠳᠠᠩᠴᠤ ᠡᠷᠲᠡ ᠨᠠᠰᠤ ᠪᠣᠯᠤᠭᠰᠠᠨ ᠵᠣᠯ ᠪᠤᠰᠤ ᠤᠴᠢᠷ ᠨᠢ᠂ ᠠᠮᠢᠳᠤᠷᠠᠯ ᠎ ᠳᠠᠭᠠᠨ ᠳᠥᠩᠭᠡᠵᠦ ᠠᠮᠢᠰᠬᠤᠭ᠎ᠠ  ᠠᠪᠬᠤ ᠲᠡᠩᠬᠡᠭᠡ ᠴᠢᠳᠠᠯ ᠲᠠᠢ ᠪᠣᠯᠵᠤ ᠶᠠᠪᠤᠭ᠎ᠠ ᠨᠠᠭᠠᠴᠤ ᠳᠤ ᠮᠢᠨᠢ ᠲᠤᠯᠭᠠᠭᠤᠷᠢ ᠲᠦᠰᠢᠭ ᠢᠶᠠᠨ ᠠᠯᠳᠠᠭᠰᠠᠨ ᠠᠮᠢᠳᠤᠷᠠᠯ ᠤᠨ ᠪᠠᠰᠠ ᠨᠢᠭᠡᠨ ᠪᠡᠷᠬᠡ ᠳᠠᠪᠠᠭ᠎ᠠ ᠪᠣᠯᠵᠤ᠂ ᠬᠠᠨᠢ ᠨᠥᠬᠦᠷ ᠤᠨ ᠢᠶᠠᠨ ᠬᠠᠮᠲᠤ ᠨᠢᠭᠡ ᠦᠶ᠎ᠡ ᠰᠡᠳᠬᠢᠯ ᠰᠠᠨᠠᠭᠠᠨ ᠤ ᠲᠠᠯ᠎ᠠ ᠪᠠᠷ ᠬᠡᠴᠡᠭᠦᠦ ᠰᠦᠷᠡᠬᠡᠢ ᠳᠠᠷᠤᠯᠲᠠ ᠲᠠᠢ ᠠᠮᠢᠳᠤᠷᠠᠬᠤ ᠪᠣᠯᠤᠭᠰᠠᠨ ᠭᠡᠲᠡᠭ᠃     ᠲᠡᠷᠡ ᠦᠶ᠎ᠡ ᠳᠤ ᠶᠡᠭᠡ ᠨᠠᠭᠠᠴᠤ ᠮᠢᠨᠢ ᠨᠠᠢᠮᠠᠨ ᠬᠡᠦᠬᠡᠳ ᠠᠴᠠ ᠪᠠᠨ ᠰᠠᠶ᠋ᠢ  ᠨᠢᠭᠡ ᠶᠢ ᠯᠠ ᠲᠥᠪᠬᠢᠨᠡᠭᠦᠯᠵᠦ ᠪᠠᠶᠢᠭᠰᠠᠨ ᠪᠣᠯᠬᠤᠷ ᠬᠠᠶᠠᠭ᠎ᠠ ᠪᠠᠭᠤᠷᠢ ᠪᠠᠨ ᠲᠦᠰᠢᠵᠦ ᠰᠠᠭᠤᠭᠰᠠᠨ ᠥᠨᠥᠴᠢᠷᠡᠵᠦ ᠬᠤᠴᠣᠷᠤᠭᠰᠠᠨ ᠬᠡᠳᠦᠨ ᠠᠴᠢ ᠪᠠᠨ ᠬᠠᠷᠠᠵᠤ ᠬᠠᠷᠠᠭᠠᠯᠵᠠᠬᠤ ᠨᠢ ᠮᠥᠨ ᠯᠠ ᠨᠠᠭᠠᠴᠤ ᠶᠢᠨ ᠮᠢᠨᠢ ᠡᠮᠦᠨ᠎ᠡ ᠲᠠᠯᠪᠢᠭᠳᠠᠭᠰᠠᠨ ᠬᠠᠲᠠᠭᠤ ᠡᠭᠦᠷᠭᠡ ᠪᠣᠯᠵᠤ ᠪᠢᠯᠡ᠃     ᠨᠢᠯᠬ᠎ᠠ ᠪᠡᠯᠴᠢᠷ ᠠᠴᠠ ᠪᠠᠨ ᠠᠪᠤᠭᠠᠳ ᠤᠭᠤᠷᠠᠭ ᠰᠦ ᠎ ᠶᠢᠨ ᠰᠢᠮ᠎ᠡ ᠠᠮᠲᠠᠭᠳᠠᠭᠰᠠᠨ ᠡᠬᠡ ᠶᠢᠨ ᠡᠨᠡᠷᠢᠯ ᠬᠠᠶᠢᠷ᠎ᠠ ᠭᠡᠭᠴᠢ ᠶᠠᠭᠤ ᠪᠤᠯᠬᠤ ᠶᠢ ᠤᠬᠲᠤ ᠮᠡᠲᠡᠯ ᠦᠭᠡᠢ ᠥᠨᠥᠴᠢᠷᠡᠵᠦ ᠬᠤᠴᠣᠷᠤᠭᠰᠠᠨ ᠨᠠᠭᠠᠴᠤ ᠮᠢᠨᠢ ᠠᠮᠢᠳᠤᠷᠠᠯ ᠤᠨ ᠡᠨᠡ ᠬᠦ ᠬᠠᠲᠠᠭᠤ ᠳᠠᠪᠠᠭᠠᠨ ᠳᠤ ᠬᠠᠨᠢ ᠢᠵᠢᠯᠢ ᠲᠠᠢ ᠪᠠᠨ ᠬᠤᠶᠠᠭᠤᠯᠠ ᠡᠷᠤᠭᠡ ᠭᠡᠷ ᠤᠨ ᠠᠵᠤ ᠠᠮᠢᠳᠤᠷᠠᠯ ᠢᠶᠠᠨ ᠥᠭᠡᠳᠡ ᠲᠠᠲᠠᠬᠤ ᠭᠡᠵᠦ᠂ ᠡᠷᠪᠡᠭᠡᠷ ᠬᠥᠭᠡᠷᠦᠬᠦᠨ ᠬᠡᠳᠦᠨ ᠦᠷ᠎ᠡ ᠪᠠᠨ ᠥᠰᠬᠡᠵᠦ ᠳᠣᠳᠣᠮᠳᠠᠨ᠂ ᠲᠤᠬᠠᠢ ᠶᠢᠨ ᠨᠡᠶᠢᠭᠡᠮ ᠤᠨ ᠬᠠᠲᠠᠭᠤ ᠣᠷᠴᠢᠨ ᠳᠤ ᠪᠡᠶ᠎ᠡ ᠰᠡᠳᠬᠢᠯ ᠤᠨ ᠲᠠᠷᠴᠢᠯᠠᠭᠠᠨ ᠲᠠᠢ ᠰᠢᠷ᠎ᠠ ᠡᠳᠦᠷ ᠪᠣᠷᠣ ᠬᠤᠨᠤᠭ ᠢ ᠥᠩᠭᠡᠷᠡᠭᠦᠯᠵᠦ ᠢᠷᠡᠬᠦ ᠳᠤ ᠰᠠᠶᠢᠨ ᠤ ᠲᠡᠭᠷᠢ ᠡᠭᠦᠳᠡ ᠪᠠᠨ ᠬᠠᠭᠠᠭᠰᠠᠨ ᠶᠤᠮ ᠰᠢᠭ ᠳᠠᠪᠬᠤᠷ ᠳᠠᠪᠬᠤᠷ ᠤᠶᠢᠯᠡ ᠵᠤᠪᠠᠯᠠᠩ ᠢᠩᠭᠢᠵᠦ ᠯᠠ ᠬᠤᠶᠢᠨ᠎ᠠ ᠬᠤᠶᠢᠨ᠎ᠠ ᠠᠴᠠ ᠪᠠᠨ ᠲᠤᠯᠭᠠᠷᠠᠵᠤ ᠢᠷᠡᠳᠡᠭ ᠶᠤᠮ ᠪᠠᠶᠢᠵᠠᠢ᠃    ᠡᠷ᠎ᠡ ᠥᠰᠴᠦ ᠢᠰᠡᠭᠡᠢ ᠰᠤᠨᠳᠠᠭ ᠤᠨ ᠵᠢᠮ᠎ᠡ ᠪᠠᠷ ᠬᠤᠵᠢᠮ ᠨᠢ ᠪᠢᠲᠡ ᠥᠰᠴᠦ ᠲᠣᠮᠣᠭᠠᠵᠢᠨ ᠤᠬᠠᠭ᠎ᠠ ᠰᠠᠭᠤᠵᠤ ᠢᠷᠡᠬᠦ ᠳᠡᠭᠡᠨ ᠨᠠᠭᠠᠴᠤ ᠶᠢᠨ ᠬᠢᠨ ᠢᠶᠠᠷ ᠬᠦᠷᠬᠦ ᠪᠣᠯᠭᠠᠨ᠂ ᠪᠡᠶ᠎ᠡ ᠯᠠᠭᠱᠠᠨ ᠤ ᠬᠢᠨᠢ ᠠᠮᠤᠷ ᠲᠡᠩᠬᠡᠯᠡᠭᠦᠨ ᠢ ᠠᠰᠠᠭᠤᠨ ᠪᠣᠯᠭᠤᠭᠠᠬᠤ ᠳᠤ ᠬᠠᠶᠠ ᠵᠠᠷᠢᠮ ᠳᠠᠭᠠᠨ ᠵᠢᠭᠠᠬᠠᠨ ᠬᠠᠯᠠᠮᠴᠠᠭᠤ ᠲᠠᠭᠠᠷᠠᠬᠤ ᠳᠤ ᠭᠦᠷᠪᠡᠯ᠂ ᠬᠥᠭᠡᠷᠦᠬᠦᠢ ᠨᠠᠭᠠᠴᠤ ᠮᠢᠨᠢ ᠶᠡᠬᠡᠯ᠎ᠡ ᠬᠥᠭᠡᠷᠦᠭᠡ ᠲᠠᠢ ᠪᠠᠶᠢᠵᠤ᠄ ︽ᠰᠠᠶᠢᠨ ᠰᠠᠶᠢᠨ︕ ᠤᠲᠤ ᠶᠡᠷᠦ ᠨᠢ ᠢᠩᠭᠢᠵᠦ ᠵᠢᠷᠭᠠᠬᠤ ᠠᠴᠠ ᠥᠭᠡᠷ᠎ᠡ ᠶᠠᠭᠠᠬᠢᠵᠤ ᠵᠢᠷᠭᠠᠳᠠᠭ ᠶᠤᠮ᠃ ᠠᠪᠵᠢᠶ᠎ᠠ ᠮᠢᠨᠢ ︵ᠨᠠᠭᠠᠴᠤ ᠮᠢᠨᠢ ᠶᠡᠭᠡ ᠡᠭᠡᠴᠢ ᠪᠤᠯᠬᠤ ᠡᠵᠢ ᠶᠢ ᠮᠢᠨᠢ ᠢᠩᠭᠢᠵᠦ ᠬᠦᠨᠳᠦᠯᠡᠵᠦ ᠳᠠᠭᠤᠳᠠᠳᠠᠭ ᠪᠠᠶᠢᠭᠰᠠᠨ︶ ᠪᠠᠶᠢᠬᠤ ᠳᠠᠭᠠᠨ︿ᠬᠤᠵᠢᠮ ᠴᠢ ᠵᠢᠷᠭᠠᠨ᠎ᠠ﹀ ᠭᠡᠵᠦ ᠬᠡᠯᠡᠳᠡᠭ ᠶᠤᠮ᠃  ᠦᠨᠡᠬᠡᠷ ᠴᠤ ᠠᠪᠵᠢᠶ᠎ᠠ ᠶᠢᠨ ᠢᠶᠠᠨ ᠬᠡᠯᠡᠭᠰᠡᠨ ᠰᠢᠭ ᠬᠥᠭᠰᠢᠨ ᠪᠢᠲᠡ ᠬᠤᠶᠠᠷ ᠬᠤᠲᠠ ᠣᠷᠣᠭᠰᠠᠨ ᠬᠤᠷᠢ ᠭᠠᠷᠤᠢ ᠵᠢᠯ ᠤᠨ ᠲᠤᠷᠰᠢ ᠴᠣᠬᠤᠮ ᠴᠤ ᠰᠠᠶᠢᠬᠠᠨ ᠵᠢᠷᠭᠠᠵᠤ ᠶᠠᠪᠤᠯ᠎ᠠ︾ ᠬᠡᠮᠡᠨ᠂ ᠨᠠᠰᠤᠨ ᠤ ᠬᠠᠨᠢ ᠪᠣᠯᠤᠭᠰᠠᠨ ᠬᠥᠭᠰᠢᠨ ᠪᠣᠯᠣᠨ ᠬᠡᠳᠦᠨ ᠬᠡᠦᠬᠡᠳ ᠠᠴᠢᠷ ᠨᠠᠷ ᠲᠠᠭᠠᠨ᠂ ᠠᠯᠢ ᠡᠰᠡᠬᠦᠯ᠎ᠡ ᠲᠦᠷᠤ ᠵᠠᠰᠠᠭ ᠲᠠᠭᠠᠨ ᠲᠠᠯᠠᠷᠬᠠᠵᠤ ᠪᠠᠶᠢᠬᠤ ᠰᠢᠭ᠋ ᠮᠠᠰᠢ ᠪᠠᠶᠠᠰᠤᠩᠭᠤᠢ ᠰᠡᠳᠬᠢᠯ ᠢᠶᠠᠷ ᠶᠠᠷᠢᠵᠤ ᠭᠠᠷᠲᠠᠭ ᠪᠠᠶᠢᠯ᠎ᠠ᠃     ᠬᠤᠵᠢᠮ ᠨᠢ ᠪᠢ  ᠨᠠᠭᠠᠴᠤ ᠶᠢᠨ ᠢᠶᠠᠨ ᠪᠠᠭ᠎ᠠ ᠵᠠᠯᠠᠭᠤ ᠨᠠᠰᠤᠨ ᠤ ᠬᠢᠨᠢ ᠭᠤᠨᠢᠭ ᠵᠣᠪᠠᠯᠠᠩᠲᠤ ᠠᠮᠢᠳᠤᠷᠠᠯ ᠳᠤ ᠠᠪᠲᠠᠵᠤ ᠢᠷᠡᠭᠰᠡᠨ ᠦᠦᠭᠡ ᠲᠡᠦᠬᠡ ᠶᠢ ᠎ ᠨᠢ ᠡᠷᠭᠢᠴᠡᠭᠦᠯᠦᠨ ᠰᠠᠨᠠᠬᠤ ᠳᠤ ᠠᠮᠢᠳᠤᠷᠠᠯ ᠠᠴᠠ ᠶᠠᠭᠤ ᠨᠢᠭᠡ ᠶᠢ ᠰᠡᠷᠡᠵᠦ ᠮᠡᠳᠡᠭᠰᠡᠨ ᠰᠢᠭ ᠬᠠᠶᠠ ᠵᠠᠷᠢᠮ ᠳᠠᠭᠠᠨ ᠨᠣᠶᠢᠷ ᠬᠤᠭᠤᠯᠠᠨ ᠠᠴᠠ ᠭᠠᠷᠤᠮᠠᠷ ᠪᠤᠯᠲᠠᠯ᠎ᠠ ᠰᠡᠳᠬᠢᠯ ᠡᠮᠵᠡᠭᠯᠡᠬᠦ ᠪᠠᠶᠢᠳᠠᠯ ᠳᠤ ᠣᠷᠣᠳᠠᠭ ᠪᠢᠯᠡ᠃    ᠠᠪᠤ ᠠᠴᠠ ᠬᠤᠶᠢᠰᠢ ᠡᠨᠡᠷᠢᠯᠲᠦ ᠡᠵᠢ ᠮᠢᠨᠢ ᠡᠪᠡᠳᠴᠢᠨ ᠠᠷᠬᠠᠭ ᠲᠠᠢ ᠪᠡᠶ᠎ᠡ ᠪᠠᠨ ᠠᠷᠭᠠᠴᠠᠭᠠᠬᠤ ᠳᠤ ᠲᠠᠷ ᠮᠡᠬᠦᠰᠳᠡᠨ ᠵᠣᠪᠠᠵᠤ ᠭᠤᠨᠢᠬᠤ ᠶᠢᠨ ᠲᠤᠶᠢᠯ ᠪᠣᠯᠵᠤ᠂ ᠠᠮᠢᠳᠤᠷᠠᠯ ᠳᠠᠭᠠᠨ ᠪᠡᠷᠬᠡᠳᠡᠵᠦ ᠡᠭᠦᠷᠲᠦᠬᠦ ᠨᠢ ᠪᠦᠷ ᠴᠤ ᠬᠡᠴᠡᠭᠦᠦ ᠪᠣᠯᠤᠭᠰᠠᠨ ᠭᠡᠲᠡᠭ᠃ ᠨᠠᠭᠠᠴᠤ ᠮᠢᠨᠢ ᠡᠭᠡᠴᠢ ᠪᠠᠨ ᠭᠡᠰᠡᠨ ᠤᠳᠤᠮ ᠰᠤᠳᠤᠷ ᠤᠨ ᠤᠭᠰᠠᠭ᠎ᠠ ᠭᠠᠷᠪᠠᠯᠢ ᠶᠢᠨ ᠨᠢᠩᠵᠢᠨ ᠰᠡᠳᠬᠢᠯ  ᠢᠶᠠᠷ ᠥᠨᠥᠴᠢᠨ ᠬᠤᠴᠣᠷᠤᠭᠰᠠᠨ ᠬᠡᠳᠦᠨ ᠵᠢᠭᠡ ᠳᠡᠭᠡᠨ ᠥᠮᠥᠭ ᠲᠦᠰᠢᠭ ᠪᠤᠯᠬᠤ ᠶᠢ ᠰᠠᠨᠠᠵᠤ᠂ ᠬᠡᠳᠦᠶᠢᠪᠡᠷ ᠦᠪᠡᠰᠦᠪᠡᠨ ᠳᠥᠷᠪᠡ ᠲᠠᠪᠤᠨ ᠬᠡᠦᠬᠡᠳ ᠲᠠᠢ᠂ ᠭᠠᠷ ᠮᠥᠴᠢᠳ ᠠᠮᠢᠳᠤᠷᠠᠯ ᠤᠨᠲᠤᠷᠤᠯᠭ᠎ᠠ ᠲᠠᠢ ᠪᠠᠶᠢᠭᠰᠠᠨ ᠴᠤ ᠡᠷᠤᠭᠡ ᠭᠡᠷ ᠤᠨ ᠢᠶᠠᠨ ᠠᠯᠢ ᠪᠦᠭᠦᠨ ᠢ ᠲᠠᠶᠠᠭᠳᠠᠵᠤ᠂ ᠬᠠᠨᠢ ᠨᠥᠬᠦᠷ ᠲᠠᠢ ᠪᠠᠨ ᠵᠥᠪᠳᠡᠯᠴᠡᠵᠦ ᠬᠡᠳᠦᠨ ᠵᠢᠭᠡ ᠨᠠᠷ ᠢᠶᠠᠨ ᠳᠠᠭᠠᠭᠤᠯᠵᠤ᠂ ᠨᠢᠭᠡ ᠬᠤᠲᠠ ᠤᠰᠤᠨ ᠳᠠᠭᠠᠨ ᠬᠠᠮᠲᠤ ᠠᠮᠢᠳᠤᠷᠠᠭᠤᠯᠬᠤ ᠪᠣᠯᠭᠠᠵᠠᠢ᠃ ᠡᠨᠡ ᠨᠢ ᠠᠪᠤ ᠨᠠᠰᠤ ᠪᠠᠷᠠᠭᠰᠠᠨ ᠠᠴᠠ ᠬᠤᠶᠢᠰᠢᠬᠢ ᠳᠥᠷᠪᠡ ᠲᠠᠪᠤᠨ ᠵᠢᠯ ᠤᠨ ᠳᠠᠷᠠᠭᠠᠬᠢ ᠤᠴᠢᠷ ᠪᠤᠯᠬᠤ ᠶᠤᠮ᠃ ᠠᠪᠤ ᠶᠢ ᠨᠠᠰᠤ ᠪᠤᠯᠬᠤ ᠳᠤ ᠪᠢ ᠰᠠᠶ᠋ᠢ ᠠᠷᠪᠠᠨ ᠬᠤᠶᠠᠷ ᠭᠤᠷᠪᠠ ᠶᠢᠨ ᠲᠥᠯᠥᠪ ᠲᠠᠢ ᠪᠠᠶᠢᠭᠰᠠᠨ᠃ ᠦᠨᠡᠨ ᠳᠡᠭᠡᠨ ᠡᠷᠤᠭᠡ ᠭᠡᠷ ᠤᠨ ᠢᠶᠠᠨ ︽ᠭᠤᠣᠯ ᠡᠵᠡᠨ ᠭᠠᠤᠯᠢᠨ ᠪᠤᠷᠬᠠᠨ︾ ᠎ ᠢᠶᠠᠨ ᠠᠯᠳᠠᠭᠰᠠᠨ ᠡᠵᠢ ᠮᠢᠨᠢ ᠲᠤᠬᠠᠢ ᠶᠢᠨ ᠦᠶ᠎ᠡ ᠳᠤ ᠴᠣᠬᠤᠮ ᠠᠮᠢᠳᠤᠷᠠᠯ ᠳᠠᠭᠠᠨ ᠶᠠᠭᠠᠬᠢᠵᠤ ᠡᠭᠦᠷᠲᠦᠵᠦ ᠪᠠᠶᠢᠭᠰᠠᠨ ᠢ ᠤᠲᠤ ᠰᠠᠨᠠᠬᠤ ᠳᠤ ᠵᠢᠷᠦᠬᠡ ᠰᠢᠮᠰᠢᠷᠡᠬᠦ ᠶᠢᠨ ᠲᠤᠶᠢᠯ ᠪᠣᠯᠣᠨ᠎ᠠ᠃ ᠭᠡᠪᠡᠴᠦ ᠡᠭᠦᠨ ᠤ ᠲᠤᠬᠠᠢ ᠤᠲᠤ ᠶᠠᠭᠤ ᠬᠡᠯᠡᠨ᠎ᠡ ᠳ᠋ᠧ⁈ ᠠᠷᠭ᠎ᠠ ᠦᠭᠡᠢ ᠶᠢᠨ ᠡᠷᠬᠡᠨ ᠳᠤ ᠡᠵᠢ ᠮᠢᠨᠢ ᠳᠡᠭᠦᠦ ᠶᠢᠨ ᠢᠶᠠᠨ ᠰᠠᠨᠠᠭ᠎ᠠ ᠠᠶ᠎ᠠ ᠶᠢ ᠲᠠᠭᠠᠵᠤ᠂ ᠡᠪᠡᠳᠴᠢᠨ ᠡᠮᠭᠡᠭ ᠲᠠᠢ ᠮᠠᠭᠤ ᠪᠡᠶ᠎ᠡ ᠪᠠᠨ ᠴᠢᠷᠴᠦ ᠬᠤᠶᠠᠳᠤᠭᠠᠷ ᠬᠦᠦ ᠪᠠᠷ ᠢᠶᠠᠨ ᠠᠰᠠᠷᠠᠭᠤᠯᠤᠨ ᠪᠠᠶᠢᠵᠤ᠂ ᠨᠠᠭᠠᠴᠤ ᠪᠣᠯᠣᠨ ᠨᠠᠭᠠᠴᠤ ᠡᠮᠧ ᠶᠢᠨ ᠠᠴᠢᠯᠠᠯ ᠵᠢᠷᠤᠮ ᠰᠢᠩᠭᠡᠭᠰᠡᠨ ᠠᠷᠢᠭᠤᠨ ᠬᠠᠶᠢᠷ᠎ᠠ ᠪᠠᠷ ᠳᠡᠭᠦᠦ ᠶᠢᠨ ᠢᠶᠠᠨ ᠭᠠᠷ ᠳᠡᠭᠡᠷ᠎ᠡ ᠨᠠᠰᠤ ᠪᠣᠯᠵᠤ ᠪᠢᠯᠡ᠃ ᠪᠤᠲᠤᠬᠤᠯ᠎ᠠ ᠲᠡᠷᠡ ᠦᠶ᠎ᠡ ᠳᠤ ᠮᠢᠨᠤ ᠬᠠᠮᠤᠭ ᠶᠡᠭᠡ ᠡᠭᠡᠴᠢ ᠮᠢᠨᠢ ᠬᠡᠳᠦᠶᠢᠪᠡᠷ ᠬᠤᠷᠢᠨ ᠭᠤᠷᠪᠠ ᠳᠥᠷᠪᠡ ᠭᠦᠷᠤᠭ᠍ᠰᠡᠨ ᠴᠤ ᠤᠨᠠᠵᠤ ᠲᠤᠰᠲᠠᠭ ᠭᠡᠮ ᠠᠷᠬᠠᠭ ᠲᠠᠢ ᠠᠴᠠ ᠪᠣᠯᠵᠤ᠂  ᠪᠢᠲᠡᠨ ᠢ ᠳᠣᠳᠣᠮᠳᠠᠨ ᠡᠵᠢ ᠳᠤ ᠬᠠᠪᠰᠤᠷᠤᠯᠭ᠎ᠠ ᠪᠤᠯᠬᠤ ᠪᠠᠶᠢᠲᠤᠭᠠᠢ ᠨᠠᠭᠠᠲᠤ ᠵᠠᠬ᠎ᠠ ᠨᠢ ᠥᠪᠡᠷ ᠤᠨ ᠪᠡᠶ᠎ᠡ ᠪᠣᠯᠣᠨ ᠡᠷᠤᠭᠡ ᠭᠡᠷ ᠤᠨ ᠢᠶᠠᠨ ᠠᠵᠤ ᠠᠮᠢᠳᠤᠷᠠᠯ ᠳᠤ ᠭᠦᠷᠲᠡᠯ᠎ᠡ ᠵᠠᠷᠢᠮ ᠦᠶ᠎ᠡ ᠵᠥᠪ ᠦᠭᠡᠢ ᠪᠣᠯᠵᠤ ᠪᠠᠶᠢᠳᠠᠭ ᠢᠶᠠᠷ ᠬᠥᠭᠡᠷᠦᠬᠦᠢ ᠨᠠᠭᠠᠴᠤ ᠮᠢᠨᠢ ᠲᠡᠶᠢᠮᠤ ᠨᠢᠭᠡᠨ ᠰᠢᠢᠳᠪᠦᠷᠢ ᠭᠠᠷᠭᠠᠭᠰᠠᠨ ᠪᠠᠶᠢᠬ᠎ᠠ︕     ᠡᠨᠡ ᠪᠦᠭᠦᠨ ᠢ ᠡᠷᠭᠢᠴᠡᠭᠦᠯᠵᠦ ᠰᠠᠨᠠᠬᠤ ᠳᠤ ᠪᠢ ᠮᠥᠨ ᠯᠠ ᠠᠪᠤ ᠳᠠᠭᠠᠨ ᠥᠷᠢ ᠲᠥᠯᠥᠭᠡᠰᠦ ᠲᠠᠢ ᠬᠤᠴᠣᠷᠤᠭᠰᠠᠨ ᠶᠤᠮ ᠰᠢᠭ᠋ ᠡᠵᠢ ᠳᠡᠭᠡᠨ ᠴᠤ ᠠᠴᠢᠯᠠᠯ ᠢᠶᠠᠨ ᠭᠦᠢᠴᠡᠳᠬᠡᠵᠦ ᠴᠢᠳᠠᠭᠰᠠᠨ ᠦᠭᠡᠢ᠂ ᠨᠠᠰᠤᠨ ᠲᠤᠷᠰᠢ ᠰᠡᠳᠬᠢᠯ ᠤᠨ ᠬᠠᠷᠠᠮᠰᠠᠯ ᠲᠠᠢ ᠪᠣᠯᠤᠭᠰᠠᠨ ᠤ ᠨᠢᠭᠡᠨ᠃ ᠡᠨᠡ ᠨᠢ ᠮᠠᠭᠤ ᠵᠢᠭᠡ ᠶᠢᠨ ᠴᠢᠨᠢ ᠤᠲᠤ ᠰᠠᠶ᠋ᠢ ᠤᠬᠠᠭᠠᠷᠠᠵᠤ ᠠᠪᠤᠭᠰᠠᠨ᠂ ᠬᠥᠮᠥᠨ ᠤ ᠠᠮᠢᠳᠤᠷᠠᠯ ᠤᠨ ᠤᠯᠠ ᠮᠥᠷ ᠲᠤ ᠥᠪᠡᠷ ᠤᠨ ᠭᠡᠰᠡᠨ ᠪᠦᠷᠢᠨ ᠲᠥᠬᠦᠷ ᠦᠵᠡᠯ ᠪᠤᠲᠤᠯ ᠲᠠᠢ ᠪᠣᠯᠵᠤ ᠪᠠᠶᠢᠬᠤ ᠤᠴᠢᠷ ᠪᠤᠯᠬᠤ ᠲᠡᠳᠦᠢ᠃ ᠲᠡᠭᠡᠭᠦ ᠪᠠᠷ ᠢᠶᠠᠨ ᠨᠠᠭᠠᠴᠤ ᠳᠠᠭᠠᠨ ᠪᠠᠭ᠎ᠠ ᠴᠤ ᠭᠡᠰᠡᠨ ᠠᠴᠢ ᠬᠠᠷᠢᠭᠤᠯᠠᠵᠤ᠂ ᠬᠡᠳᠦᠨ ᠬᠡᠦᠬᠡᠳ ᠠᠴᠢᠷ ᠲᠠᠢ ᠨᠢ ᠠᠳᠠᠯᠢ ᠠᠴᠢᠯᠠᠯ ᠵᠢᠷᠤᠮ ᠤᠨ ᠡᠨᠡᠷᠢᠩᠭᠦᠢ ᠰᠡᠳᠬᠢᠯ ᠲᠠᠢ ᠪᠠᠶᠢᠬᠤ ᠶᠢ ᠰᠠᠨᠠᠳᠠᠭ ᠴᠤ ᠮᠢᠨᠤ ᠬᠤᠪᠢ ᠳᠤ  ᠵᠦᠪᠭᠡᠨ ᠵᠢᠯ ᠳᠡᠭᠡᠨ ᠭᠡᠲᠤ ᠤᠳᠠᠭ᠎ᠠ ᠡᠷᠭᠢᠵᠦ ᠦᠵᠡᠳᠡᠭ ᠠᠴᠠ ᠪᠢᠰᠢ᠂  ᠥᠭᠡᠷ᠎ᠡ ᠴᠠᠭᠠᠰᠢ ᠶᠠᠭᠤ ᠶᠢ ᠴᠤ ᠪᠤᠲᠤᠵᠤ ᠲᠤᠩᠭᠠᠯ ᠦᠭᠡᠢ ᠳᠠᠩᠴᠤ ᠲᠦᠭᠦᠭᠡ ᠲᠣᠮᠤᠭ᠎ᠠ ᠦᠭᠡᠢ ᠶᠠᠪᠤᠵᠠᠢ᠃     ᠨᠠᠭᠠᠴᠤ ᠶᠢ ᠪᠤᠷᠬᠠᠨ ᠪᠣᠯᠤᠭᠰᠠᠨ ᠬᠠᠷᠠᠮᠰᠠᠯ ᠭᠡᠮᠰᠢᠯ ᠤᠨ ᠡᠮᠭᠡᠨᠢᠯ ᠭᠠᠰᠢᠭᠤᠳᠠᠯ ᠲᠠᠢ ᠲᠡᠷᠡ ᠬᠦ ᠮᠥᠴᠡ ᠳᠤ ᠵᠣᠯ ᠢᠶᠠᠷ ᠪᠢᠲᠡ ᠴᠤ ᠬᠡᠦᠬᠡᠳ ᠠᠴᠢᠷ ᠤᠨ ᠲᠠᠨᠢ ᠬᠠᠮᠲᠤ ᠬᠠᠶᠢᠷᠠᠲᠤ ᠨᠠᠭᠠᠴᠤ ᠶᠢᠨ ᠢᠶᠠᠨ ᠭᠡᠭᠡᠨ ᠯᠠᠭᠱᠠᠨ ᠤ ᠳᠡᠷᠭᠡᠳᠡ ᠨᠢᠭᠡ ᠭᠡᠲᠤ ᠪᠠᠷ ᠢᠶᠠᠨ ᠪᠠᠶᠢᠵᠤ ᠪᠠᠶᠢᠭᠰᠠᠨ ᠮᠠᠨᠢ - ᠮᠥᠩᠬᠡ ᠲᠡᠭᠷᠢ ᠶᠢᠨ ᠢᠪᠡᠭᠡᠯ ᠳᠤ ᠪᠠᠭᠲᠠᠵᠤ ᠴᠢᠳᠠᠭᠰᠠᠨ ᠤ ᠪᠤᠶᠠᠨ ᠤᠤ︖ ᠮᠥᠷᠭᠦᠵᠦ ᠬᠤᠴᠣᠷᠬᠤ ᠶᠢᠨ ᠡᠷᠬᠡᠨ ᠳᠤ ᠠᠴᠢᠯᠠᠯ ᠮᠡᠬᠦᠰᠳᠡᠭᠰᠡᠨ ᠤ ᠬᠠᠷᠠᠮᠰᠠᠯ ᠤᠤ︖ ᠭᠡᠵᠦ ᠪᠤᠲᠤᠬᠤ ᠠᠴᠠ ᠰᠡᠳᠬᠢᠯ ᠶᠡᠭᠡ ᠬᠦᠨᠳᠦ ᠪᠠᠶᠢᠨ᠎ᠠ ᠠ᠋︕ ᠨᠠᠭᠠᠴᠤ ᠮᠢᠨᠢ᠃     ᠢᠩᠭᠢᠵᠦ ᠪᠤᠲᠤᠬᠤ  ᠳᠤ ᠨᠠᠭᠠᠴᠤ ᠶᠢᠨ ᠮᠢᠨᠢ ︽ᠠᠯᠲᠠᠨ ᠤᠷᠤᠭ︾᠎ ᠤᠨ ᠠᠷᠢᠭᠤᠨ ᠪᠠᠷᠢᠯᠳᠤᠯᠭ᠎ᠠ ᠶᠢᠨ ᠠᠮᠢ ᠵᠠᠶᠠᠭᠠᠨ ᠤ ᠬᠤᠪᠢ ᠲᠠᠪᠢᠯᠠᠩ ᠨᠢ ᠪᠣᠯᠵᠤ ᠢᠷᠡᠭᠰᠡᠨ᠂ ᠨᠠᠰᠤᠨ ᠤ ᠬᠠᠨᠢ ᠪᠤᠯᠬᠤ ᠨᠠᠭᠠᠴᠤ ᠡᠮᠧ ᠶᠢᠨ ᠮᠢᠨᠢ ᠲᠠᠯᠠᠢ ᠶᠡᠭᠡ ᠠᠴᠢ ᠡᠨᠡᠷᠢᠯ ᠴᠤ ᠠᠴᠢᠲᠤ ᠬᠤᠶᠠᠷ ᠪᠤᠭᠤᠷᠤᠯ ᠤᠨ ᠮᠢᠨᠢ ᠭᠡᠭᠡᠨ ᠳᠦᠷᠢ ᠪᠠᠷ᠂ ᠠᠯᠢ ᠡᠰᠡᠬᠦᠯ᠎ᠡ ᠨᠠᠭᠠᠴᠤ ᠶᠢᠨ ᠮᠢᠨᠢ ᠢᠪᠡᠭᠡᠯ ᠬᠡᠰᠢᠭ ᠢᠶᠠᠷ ︽ᠠᠴᠢᠷ ᠦᠷ᠎ᠡ ᠤᠳᠤᠮ ᠰᠤᠳᠤᠷ︾ ᠎ ᠢᠶᠠᠨ ᠭᠡᠰᠡᠨ ᠠᠭᠤᠤ ᠬᠠᠶᠢᠷ᠎ᠠ ᠶᠢᠨ ᠠᠤᠭ᠎ᠠ ᠬᠦᠴᠦᠨ ᠮᠢᠨᠤ ᠪᠡᠶ᠎ᠡ ᠰᠡᠳᠬᠢᠯ ᠤᠨ ᠡᠵᠡᠮᠳᠡᠯ ᠪᠣᠯᠵᠤ᠂ ᠤᠶᠤᠨ ᠮᠡᠳᠡᠷᠡᠯ ᠳᠤ ᠮᠠᠨᠢ ᠶᠠᠭᠤ ᠨᠢᠭᠡ ᠶᠢ ᠤᠴᠢᠷᠯᠠᠵᠤ  ᠤᠬᠠᠭᠠᠷᠠᠭᠤᠯᠤᠨ ᠪᠠᠶᠢᠮᠠᠷᠬᠠᠨ ᠰᠠᠨᠠᠭᠳᠠᠯ᠎ᠠ᠃     ᠨᠢᠭᠡ ᠬᠤᠲᠠ ᠤᠰᠤᠨ ᠳᠠᠭᠠᠨ ᠵᠡᠭᠦᠨ ᠪᠠᠷᠠᠭᠤᠨ ᠠᠶᠢᠯ ᠢᠶᠠᠷ ᠰᠠᠭᠤᠷᠢᠰᠢᠨ᠂ ᠦᠷᠭᠦᠭᠡ ᠴᠠᠭᠠᠨ ᠭᠡᠷ ᠤᠨ ᠴᠢᠨᠢ ᠡᠭᠦᠳᠡᠨ ᠪᠣᠱᠤᠭ᠎ᠠ ᠶᠢ ᠨᠥᠮᠥᠷᠢᠳᠡᠨ ᠲᠣᠭᠯᠠᠵᠤ ᠨᠠᠭᠠᠳᠳᠠᠭ ᠪᠠᠶᠢᠭᠰᠠᠨ ᠠᠴᠢ ᠵᠢᠭᠡ ᠨᠠᠷ ᠴᠢᠨᠢ ᠤᠲᠤ ᠬᠡᠳᠦᠶᠢᠪᠡᠷ ︽ᠭᠠᠷ ᠎ ᠨᠢ ᠭᠠᠨᠵᠤᠭᠠᠨ  ᠳᠤ ᠬᠥᠯ ᠨᠢ ᠳᠥᠷᠥᠭᠡᠨ ᠳᠤ︾  ᠬᠦᠷᠴᠦ᠂ ᠬᠠᠮᠤᠭ  ᠪᠠᠭ᠎ᠠ  ᠎ ᠨᠢ ᠭᠡᠳ ᠲᠠᠪᠢ ᠶᠢ ᠠᠶᠠᠳᠠᠵᠤ ᠲᠣᠮᠤᠭᠠᠵᠢᠭᠰᠠᠨ ᠴᠤ ᠲᠠᠨ ᠤ ᠬᠢ ᠪᠠᠨ ᠨᠢᠳᠦ ᠰᠡᠳᠬᠢᠯ ᠳᠤ ᠮᠥᠨ ᠯᠡ ᠪᠠᠭ᠎ᠠ ᠵᠠᠯᠠᠭᠤ ᠬᠡᠦᠬᠡᠳ ᠨᠠᠰᠤ ᠪᠠᠷ ᠢᠶᠠᠨ ᠪᠠᠶᠢᠬᠤ ᠤᠴᠢᠷᠲᠠᠢ ᠪᠢᠯᠡ᠃    ᠬᠠᠶᠢᠯᠭᠠᠨ ᠰᠡᠳᠬᠢᠯ  ᠤᠨ ᠮᠢᠨᠢ ᠬᠠᠶᠢᠷ᠎ᠠ  ᠶᠢᠨ ᠰᠢᠲᠦᠭᠡᠨ ᠪᠣᠯᠵᠤ ᠢᠷᠡᠭᠰᠡᠨ ᠬᠠᠶᠢᠷᠠᠲᠤ ᠨᠠᠭᠠᠴᠤ ᠮᠢᠨᠢ ᠠ᠋︕ ᠲᠠ ᠮᠢᠨᠢ ᠠᠴᠢᠲᠤ ᠬᠤᠶᠠᠷ ᠪᠤᠭᠤᠷᠤᠯ ᠲᠠᠢ ᠮᠢᠨᠢ ᠠᠳᠠᠯᠢ ᠪᠤᠷᠬᠠᠨ ᠤ ᠣᠷᠣᠨ ᠳᠠᠭᠠᠨ ᠠᠮᠤᠷᠯᠢᠩᠭᠤᠢ ᠨᠣᠶᠢᠷᠰᠤᠬᠤ ᠪᠣᠯᠲᠤᠭᠠᠢ︕    ᠨᠠᠭᠠᠴᠤ  ᠶᠢᠨ ᠮᠢᠨᠢ ᠬᠥᠮᠥᠨ ᠮᠥᠰᠥ  ᠶᠢᠨ ᠠᠭᠤᠤ ᠴᠢᠨᠠᠷ ᠭᠠᠭᠴᠠ ᠨᠠᠮ᠎ᠠ ᠳᠤ ᠪᠢᠰᠢ᠂ ᠭᠠᠴᠠᠭ᠎ᠠ ᠨᠤᠲᠤᠭ ᠢᠶᠠᠷ ᠨᠢ ᠲᠥᠪᠯᠡᠭᠰᠡᠨ ᠲᠠᠨᠢᠵᠤ ᠮᠡᠳᠡᠳᠡᠭ ᠬᠥᠮᠥᠨ ᠪᠦᠭᠦᠨ ᠳᠤ ᠶᠠᠭᠤ ᠨᠢᠭᠡ ᠶᠢ ᠤᠴᠢᠷᠯᠠᠨ᠎ᠠ᠃ 
ᠢᠷᠡᠯᠲᠡ᠄ ᠳᠣᠮᠳᠠᠳᠣ ᠣᠯᠣᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ