ᠵᠡᠭᠦᠳᠦᠨ ᠤ ᠰᠠᠷᠠᠲᠤ ᠬᠡᠭᠡᠷ
ᠨᠡᠶᠢᠲᠡᠯᠡᠭᠰᠡᠨ ᠴᠠᠭ᠄
2022/10/20

     ᠵᠤᠬᠢᠶᠠᠭᠴᠢ᠄  ᠠ᠊  ᠰᠡᠩᠭᠡ

    ᠣᠨ ᠴᠠᠭ ᠤᠨ ᠬᠠᠭᠤᠳᠠᠰᠤ ᠶᠢ ᠪᠤᠴᠠᠭᠠᠨ ᠡᠷᠭᠢᠭᠦᠯᠬᠦ ᠳᠤ ᠬᠠᠭᠠᠰ ᠵᠠᠭᠤᠨ ᠤ  ᠲᠡᠷᠲᠡᠭᠡᠬᠢ ᠨᠢᠭᠡᠨ ᠵᠢᠷᠤᠭ ᠠᠶᠠᠨᠳᠠᠭᠠᠨ ᠳᠡᠯᠭᠡᠭᠳᠡᠯ᠎ᠡ᠃ ᠬᠠᠪᠤᠷ ᠤᠨ ᠰᠡᠭᠦᠯ

ᠵᠤᠨ ᠤ ᠡᠬᠢᠨ ᠤ ᠬᠥᠬᠦᠭᠡ ᠳᠣᠩᠭᠤᠳᠴᠤ᠂ ᠭᠦᠯᠥᠭ ᠦᠦᠷᠰᠡᠭᠰᠡᠨ ᠨᠣᠯᠣ ᠨᠣᠭᠤᠭᠠᠨ ᠲᠠᠯ᠎ᠠ ᠶᠢᠨ ᠳᠤᠮᠳᠠ ᠬᠠᠷᠠᠭᠴᠢ ᠭᠡᠭᠦᠦ ᠠᠴᠠ ᠵᠢᠰᠦ ᠪᠤᠯᠢᠶᠠᠯᠳᠤᠨ

ᠲᠥᠷᠥᠭᠰᠡᠨ ᠰᠠᠷᠠᠲᠤ ᠬᠡᠭᠡᠷ ᠤᠨᠠᠭ᠎ᠠ ᠡᠬᠡ ᠶᠢᠨ ᠢᠶᠠᠨ ᠡᠷᠡᠦ ᠡᠪᠴᠢᠭᠦᠨ ᠳᠣᠣᠷ᠎ᠠ ᠠᠩᠬᠠᠨ ᠤ ᠰᠢᠩᠭᠡᠨ ᠲᠠᠭᠤᠨ ᠢᠶᠠᠷ ᠵᠢᠮᠪᠦᠷᠳᠡᠨ ᠬᠠ ᠪᠠᠷ ᠢᠶᠠᠨ ᠭᠠᠵᠠᠷ ᠲᠠᠮᠠᠭᠠᠯᠠᠨ

ᠮᠣᠷᠢᠴᠢᠯᠠᠨ ᠪᠤᠰᠬᠤ ᠪᠠᠷ ᠲᠡᠮᠡᠦᠯᠦᠨ᠎ᠡ᠃

    ᠠᠷᠪᠠ  ᠭᠦᠷᠥᠭᠡ ᠦᠭᠡᠢ ᠣᠩᠭᠤᠷᠬᠠᠢ ᠬᠦᠦ ᠨᠢᠰᠤ ᠪᠠᠨ ᠪᠠᠶᠢᠨ ᠪᠠᠶᠢᠨ ᠲᠠᠳᠠᠨ᠂ ᠭᠦᠯᠳᠡᠭᠡᠨᠡᠭᠰᠡᠨ ᠬᠠᠨᠴᠤᠢ ᠪᠠᠷ ᠢᠶᠠᠨ ᠬᠠᠴᠠᠷ ᠢᠶᠠᠨ ᠴᠠᠪᠠᠤᠳᠠᠨ ᠱᠤᠳᠤᠷᠴᠤ᠂

ᠡᠨᠡ ᠬᠦ ᠪᠠᠶᠢᠭᠠᠯᠢ ᠠᠬᠤᠢ ᠶᠢ ᠨᠢᠳᠦ ᠰᠠᠯᠭᠠᠯ ᠦᠭᠡᠢ ᠰᠢᠷᠳᠡᠭᠦ ᠨᠢ ᠪᠢ ᠪᠠᠶᠢᠭᠰᠠᠨ ᠪᠥᠭᠡᠳ ᠴᠠᠭᠠᠨ᠎ᠠ ᠨᠠᠭᠤᠷ ᠤᠨ ᠬᠥᠪᠡᠭᠡᠨ ᠤ ᠰᠠᠭᠰᠠᠭᠠᠷ ᠤᠳᠠᠨ ᠤ ᠳᠣᠣᠷ᠎ᠠ

ᠣᠰᠣᠨ ᠳᠤ ᠣᠷᠣᠬᠤ ᠮᠠᠯ ᠢᠶᠠᠨ  ᠪᠦᠷᠢᠳᠬᠡᠵᠦ ᠲᠠᠮᠠᠬᠢᠯᠠᠨ ᠵᠣᠬᠰᠣᠬᠤ ᠨᠢ ᠪᠠᠷᠢᠭᠠᠳᠠ ᠨᠢᠭᠡᠳᠦᠯ ᠠᠴᠠ ᠱᠠᠩᠨᠠᠯ ᠬᠦᠷᠲᠡᠵᠦ ᠶᠠᠪᠤᠭᠰᠠᠨ ︽ᠵᠢᠱᠢᠶᠡᠴᠢ︾ ᠮᠠᠯᠴᠢᠨ

ᠮᠢᠨᠤ ᠠᠪᠤ ᠪᠢᠯᠡ᠃

  ᠪᠢ ᠤᠨᠠᠭᠠᠯᠠᠭᠰᠠᠨ ᠭᠡᠭᠦᠦ ᠶᠢ ᠲᠣᠩ ᠤᠳᠠᠭᠠᠨ ᠰᠢᠷᠳᠡᠨ ᠵᠣᠭᠰᠣᠪᠠ᠃ ᠰᠠᠷᠠᠲᠤ ᠬᠡᠭᠡᠷ ᠤᠨᠠᠭ᠎ᠠ ᠠᠷᠠᠢ ᠤᠳᠠᠯ ᠦᠭᠡᠢ ᠲᠥᠷᠪᠡᠨ ᠬᠥᠯ ᠳᠡᠭᠡᠷ᠎ᠡ ᠪᠠᠨ

ᠰᠠᠯᠳᠠᠷᠭᠢᠯᠠᠨ ᠲᠣᠭᠲᠠᠵᠤ᠂ ᠡᠬᠡ ᠶᠢᠨ ᠢᠶᠠᠨ ᠵᠦᠭ ᠬᠥᠬᠦ ᠪᠠᠨ ᠡᠷᠢᠨ ᠨᠣᠳᠣᠴᠢᠬᠤ ᠳᠤ  ᠬᠠᠷᠠᠭᠴᠢ ᠭᠡᠭᠦᠦ ᠨᠢᠰᠤᠬᠠᠢ ᠨᠠᠳᠠ ᠠᠴᠠ ᠦᠷ᠎ᠡ ᠪᠠᠨ ᠬᠠᠷᠠᠮᠨᠠᠨ᠂

ᠡᠷᠡᠦ ᠪᠠᠷ ᠢᠶᠠᠨ ᠬᠠᠰᠢᠨ ᠢᠳᠡᠭ ᠢᠳᠡᠭ ᠵᠠᠶᠢᠯᠠᠨ ᠵᠠᠶᠢᠳᠠᠬᠤ ᠠᠵᠢ᠃ ᠨᠠᠭᠤᠷ ᠤᠨ ᠴᠡᠭᠡᠯ ᠳᠤ ᠴᠡᠩᠬᠡᠷ ᠲᠡᠭᠷᠢ᠂ ᠴᠠᠭᠠᠨ  ᠡᠭᠦᠯᠡ᠂  ᠴᠠᠭᠴᠠᠬᠠᠢ ᠰᠢᠪᠠᠭᠤ᠂ ᠬᠥᠪᠡᠭᠡᠨ ᠤ

ᠬᠢᠨᠢ ᠵᠡᠭᠡᠰᠦ ᠬᠤᠯᠤᠰᠤ ᠴᠢᠨᠠᠭᠰᠢᠯᠠᠨ ᠠᠪᠤ ᠪᠠ ᠰᠠᠭᠰᠠᠭᠠᠷ ᠮᠣᠳᠣ ᠶᠢᠨ ᠲᠣᠩᠭᠤᠷᠤᠤ ᠳᠦᠷᠰᠦ ᠠᠷᠯᠠᠨ ᠳᠣᠯᠭᠢᠶᠠᠯᠠᠵᠤ ᠠᠳᠠᠪᠠᠰᠢ ᠥᠵᠡᠰᠭᠦᠯᠡᠩ ᠲᠠᠢ ᠠᠵᠢ᠃

  ᠪᠢ ᠪᠠᠭ᠋ᠠᠨ ᠤᠰᠤ ᠰᠠᠴᠤᠯᠠᠵᠤ ᠨᠠᠭᠠᠳᠤᠭᠠᠳ ᠠᠪᠤ ᠶᠢᠨ ᠢᠶᠠᠨ  ᠵᠠᠬ᠎ᠠ ᠳᠤ ᠬᠦᠷᠬᠦ ᠳᠤ ᠠᠪᠤ ᠤᠨᠠᠭ᠎ᠠ ᠲᠠᠢ ᠭᠡᠭᠦᠦ ᠶᠢ ᠵᠢᠭᠠᠵᠤ᠄

  - ᠪᠠᠰᠠ ᠨᠢᠭᠡ ᠣᠷᠣᠯᠳᠣᠭᠠᠨ ᠤ ᠮᠣᠷᠢ ᠭᠠᠷᠬᠤ ᠰᠢᠨᠵᠢ ᠢᠯᠡᠭᠡᠨ ᠳ᠋ᠠ︕ ᠭᠡᠬᠦ ᠳᠤ ᠪᠢ ᠭᠠᠶᠢᠬᠠᠨ᠄

  -  ᠡᠶᠢᠮᠦ ᠵᠢᠭᠠᠬᠠᠨ ᠪᠣᠷᠪᠢ ᠡᠪᠦᠳᠦᠭ ᠨᠢ ᠰᠠᠷᠪᠢᠰᠣ ᠠᠴᠠ ᠪᠠᠨ ᠰᠠᠯᠤᠭ᠎ᠠ ᠦᠭᠡᠢ ᠮᠥᠷᠲᠡᠭᠡᠨ ᠬᠥᠯ ᠳᠡᠭᠡᠷ᠎ᠡ ᠪᠠᠨ ᠲᠣᠭᠲᠠᠵᠤ  ᠴᠢᠳᠠᠬᠤ ᠦᠭᠡᠢ ᠶᠠᠭᠤᠮ᠎ᠠ

ᠬᠡᠵᠢᠶ᠎ᠡ ᠣᠷᠣᠯᠳᠣᠭᠠᠨ ᠤ ᠲᠣᠭᠤᠰᠣ ᠦᠨᠦᠷᠲᠦᠶ᠎ᠡ ᠳ᠋ᠠ︕ᠭᠡᠵᠦ  ᠪᠤᠳᠣᠬᠰᠠᠨ  ᠴᠦ ᠳᠤᠤᠭᠠᠷᠤᠭᠰᠠᠨ ᠦᠭᠡᠢ ᠬᠠᠷᠢᠨ ᠢᠨᠢᠶᠡᠳᠦ ᠭᠦᠷᠪᠠ᠃ ᠠᠪᠤ ᠶᠢ ᠬᠠᠷᠠᠬᠤ ᠳᠤ

ᠳᠦᠷᠯᠡᠭᠡᠷ ᠨᠢᠳᠦ ᠨᠢ ᠮᠥᠨ ᠰᠠᠶ᠋ᠢᠬᠠᠨ ᠬᠥᠬᠦᠵᠦ ᠡᠬᠢᠯᠡᠭᠰᠡᠨ ᠰᠠᠷᠠᠲᠤ ᠬᠡᠭᠡᠷ ᠤᠨᠠᠭ᠎ᠠ ᠶᠢᠨ ᠳᠡᠭᠡᠷ᠎ᠡ ᠡᠷᠭᠢᠴᠡᠵᠦ ᠪᠠᠶᠢᠯ᠎ᠠ᠃ ᠡᠨᠡ ᠦᠶ᠎ᠡ ᠳᠤ ᠴᠠᠭᠠᠲᠤ ᠰᠥᠷᠥᠭ ᠤᠨ

ᠵᠠᠬ᠎ᠠ ᠠᠴᠠ ᠲᠡᠯ ᠰᠡᠭᠦᠯ ᠢᠶᠠᠨ ᠪᠠᠭᠠᠳᠠᠭᠠᠯᠠᠭᠰᠠᠨ ᠰᠡᠷᠡᠯ ᠠᠵᠢᠷᠭ᠎ᠠ ᠬᠠᠩᠭᠢᠨᠠᠲᠠᠯ᠎ᠠ ᠦᠦᠷᠰᠡᠵᠦ᠂ ᠵᠢᠭᠢᠲᠡᠯ᠎ᠡ ᠳᠠᠪᠬᠢᠵᠤ ᠢᠷᠡᠭᠡᠳ ᠤᠨᠠᠭᠠᠯᠠᠭᠰᠠᠨ ᠭᠡᠭᠦᠦ ᠶᠢ ᠰᠥᠷᠥᠭ

ᠵᠦᠭ ᠢᠶᠠᠨ ᠬᠤᠷᠢᠶᠠᠬᠤ ᠨᠢ ᠠᠳᠤᠭᠤᠰᠤ ᠠᠮᠢᠳᠠᠨ ᠪᠤᠯᠪᠠᠴᠣ ᠭᠠᠶᠢᠬᠠᠯᠲᠠᠢ ᠤᠬᠠᠭᠠᠯᠢᠭ  ᠰᠠᠨᠠᠭᠳᠠᠬᠤ ᠪᠢᠯᠡ᠃

    ᠣᠨ ᠴᠠᠭ ᠤᠨ ᠬᠠᠭᠤᠳᠠᠰᠤ ᠶᠢ ᠠᠬᠢᠭᠠᠳ ᠨᠠᠭᠠᠰᠢ ᠡᠷᠭᠢᠭᠦᠯᠬᠦ ᠳᠤ ᠪᠠᠰᠠ ᠨᠢᠭᠡᠨ ᠵᠢᠷᠤᠭ  ᠢᠯᠡᠷᠡᠪᠡ᠃ ᠪᠠᠷᠢᠭᠠᠳᠠ ᠶᠢᠨ ᠠᠳᠤᠭᠤᠨ ᠬᠡᠷᠡᠮ ᠤᠨ ᠳᠣᠲᠣᠷ᠎ᠠ ᠠᠴᠠ

ᠲᠤᠭᠤᠷᠠᠢ ᠶᠢᠨ ᠣᠷᠣᠮ ᠲᠠᠢ ᠲᠣᠭᠤᠰᠣ ᠣᠭᠲᠠᠷᠭᠤᠢ ᠳᠤ ᠳᠡᠭᠳᠡᠨ ᠬᠥᠮᠥᠨ ᠬᠠᠷ᠎ᠠ ᠶᠢᠨ ᠦᠢᠮᠡᠯᠳᠦᠬᠦ ᠨᠢ ᠬᠡᠳᠦᠨ ᠭᠠᠵᠠᠷ ᠤᠨ ᠠᠯᠤᠰ ᠰᠣᠨᠣᠰᠳᠠᠨ᠂ ᠣᠶᠢᠷᠠᠳᠴᠦ

ᠣᠴᠢᠪᠠᠯ ᠬᠡᠷᠡᠮ ᠤᠨ ᠣᠷᠣᠢ ᠪᠠᠷ ᠬᠡᠦᠬᠡᠳ ᠰᠠᠭᠤᠯᠴᠠᠵᠤ ᠬᠠᠰᠢᠶᠠᠨ  ᠡᠭᠦᠳᠡ ᠪᠠᠷ ᠨᠣᠭᠲᠣ ᠳᠡᠭᠦᠵᠢᠯᠡᠭᠰᠡᠨ ᠥᠯᠥ ᠲᠠᠨᠢᠬᠤ ᠬᠥᠮᠥᠰ  ᠠᠪᠠᠭᠠᠷᠠᠯᠳᠤᠨ ᠤᠨᠠᠭ᠎ᠠ

ᠲᠠᠭ᠎ᠠ᠂ ᠦᠷᠢᠶ᠎ᠡ ᠪᠠᠶᠢᠳᠠᠰᠤ ᠰᠣᠩᠭᠤᠨ ᠦᠨ᠎ᠡ ᠲᠣᠬᠢᠷᠠᠨ ᠪᠠᠷᠢᠯᠠᠨ᠎ᠠ᠃

ᠮᠠᠨ ᠤ ᠠᠶᠢᠯ ᠤᠨ ᠬᠢᠨᠢ ᠮᠠᠯ ᠢᠶᠠᠨ ᠪᠦᠭᠦᠨ ᠢ ᠡᠷᠥᠭᠡ ᠳᠤ ᠬᠤᠪᠢᠶᠠᠨ ᠣᠳᠣ ᠭᠠᠭᠴᠠ ᠠᠳᠤᠭᠤ ᠦᠯᠡᠳᠡᠵᠦ ᠪᠠᠶᠢᠭ᠎ᠠ ᠶᠢ ᠪᠢ ᠮᠡᠳᠡᠨ᠎ᠡ᠃ ᠶᠠᠮᠠᠷ ᠨᠢᠭᠡᠨ ᠬᠠᠮᠲᠤ ᠶᠢᠨ

ᠪᠦᠲᠦᠭᠡᠨ ᠪᠠᠶᠢᠭᠤᠯᠤᠯᠲᠠ ᠶᠢᠨ ᠵᠠᠷᠤᠯᠭ᠎ᠠ ᠪᠠᠨ ᠰᠢᠢᠳᠪᠦᠷᠢᠯᠡᠬᠦ ᠭᠡᠵᠦ ᠨᠡᠯᠢᠶᠡᠳ ᠠᠳᠤᠭᠤ  ᠪᠠᠨ ᠭᠠᠳᠠᠭᠰᠢ ᠬᠤᠳᠠᠯᠳᠤᠵᠤ ᠦᠯᠡᠳᠡᠭᠰᠡᠨ ᠢ ᠨᠢ ᠡᠷᠥᠭᠡ ᠳᠤ 

ᠬᠤᠪᠢᠶᠠᠬᠤ ᠪᠠᠷ ᠶᠡᠬᠡᠴᠦᠦᠯ ᠬᠤᠷᠠᠯᠳᠤᠨ  ᠲᠣᠭᠲᠠᠭᠰᠠᠨ ᠵᠢᠷᠤᠮ ᠳᠦᠷᠢᠮ ᠢᠶᠠᠷ ᠥᠨᠥᠳᠥᠷ ᠠᠳᠡ ᠠᠷᠠᠯᠵᠢᠶ᠎ᠠ ᠨᠡᠭᠡᠭᠡᠵᠦ ᠪᠠᠶᠢᠭ᠎ᠠ ᠠᠵᠢ᠃ ᠬᠡᠷᠡᠮ ᠤᠨ ᠣᠷᠣᠢ

ᠵᠠᠶᠢᠳᠠᠯᠠᠭᠰᠠᠨ ᠨᠠᠳᠠ ᠠᠪᠤ ᠶᠢᠨ ᠰᠤᠷᠭᠠᠭᠰᠠᠨ ᠰᠠᠷᠠᠲᠤ ᠬᠡᠭᠡᠷ ᠦᠷᠢᠶ᠎ᠡ ᠨᠢᠳᠦᠨ ᠳᠤ ᠳᠤᠯᠠᠭᠠᠬᠠᠨ ᠢᠯᠡᠲᠡᠢ ᠬᠠᠷᠠᠭᠳᠠᠵᠤ᠂ ᠬᠠᠰᠢᠶᠠᠨ ᠳᠣᠲᠣᠭᠤᠷ ᠬᠤᠯᠬᠢᠨ

ᠬᠡᠷᠡᠮ ᠲᠠᠭᠠᠨ ᠭᠦᠶᠦᠨ᠎ᠡ᠃ ᠠᠳᠤᠭᠤᠴᠢᠨ ᠤ ᠨᠠᠬᠢᠯᠵᠠᠭᠰᠠᠨ ᠤᠷᠭ᠎ᠠ ᠠᠳᠤᠭᠤᠳ ᠤᠨ ᠲᠣᠯᠣᠭᠠᠢ ᠳᠡᠭᠡᠭᠦᠷ ᠭᠤᠰᠢᠯᠵᠠᠨ ᠡᠷᠭᠢᠴᠡᠵᠦ᠂ ᠤᠳᠠᠯ ᠦᠭᠡᠢ ᠬᠠᠷᠠᠯᠲᠠ ᠪᠠᠨ

ᠲᠣᠭᠲᠠᠭᠠᠨ  ᠬᠤᠶᠢᠪᠢᠳᠠᠨ᠎ᠠ᠃ ᠰᠠᠷᠠᠲᠤ ᠬᠡᠭᠡᠷ  - ᠨᠠᠭᠤᠷ  ᠤᠨ ᠬᠥᠪᠡᠭᠡᠨ ᠳᠤ ᠭᠡᠯᠳᠥᠷᠡᠭᠢᠯᠡᠵᠥ ᠪᠠᠶᠢᠭᠰᠠᠨ ᠤᠨᠠᠭ᠎ᠠ ᠣᠳᠣ ᠦᠷᠢᠶ᠎ᠡ ᠪᠣᠯᠵᠠᠢ᠃ ᠨᠡᠶᠢᠳᠡ ᠶᠢᠨ ᠮᠠᠯ

ᠬᠠᠷᠢᠭᠤᠯᠳᠠᠭ ᠠᠪᠤ ᠡᠨᠡ ᠬᠠᠪᠤᠷ ᠪᠠᠷᠢᠭᠠᠳᠠ ᠶᠢᠨ ᠳᠠᠷᠤᠭ᠎ᠠ ᠶᠢᠨ ᠵᠥᠪᠰᠢᠶᠡᠷᠡᠯ ᠢᠶᠠᠷ ᠡᠮᠨᠢᠭ ᠦᠷᠢᠶ᠎ᠡ ᠶᠢ ᠪᠠᠷᠢᠵᠤ᠂ ᠣᠨᠣᠵᠣ ᠵᠦᠭᠰᠢᠷᠡᠭᠦᠯᠵᠦ ᠰᠤᠷᠭᠠᠭᠰᠠᠨ ᠶᠤᠮ᠃

ᠠᠪᠤ᠄

  -  ᠡᠨᠡ ᠰᠠᠷᠠᠲᠤ ᠬᠡᠭᠡᠷ ᠴᠦ ᠨᠢᠭᠡ ᠶᠠᠭᠤᠮ᠎ᠠ ᠪᠤᠯᠬᠤ ᠨᠢ ᠳ᠋ᠠ︕ ᠪᠡᠶ᠎ᠡ ᠪᠠᠷ ᠪᠠᠭ᠎ᠠ ᠴᠦ ᠬᠤᠷᠳᠤ᠂ ᠲᠡᠰᠪᠦᠷᠢ ᠮᠡᠳᠡᠷᠡᠭᠳᠡᠵᠦ ᠪᠠᠶᠢᠨ᠎ᠠ᠂ ᠰᠠᠶᠢᠬᠠᠨ ᠤᠶᠠᠪᠠᠯ

ᠣᠷᠣᠯᠳᠣᠭᠠᠨ ᠮᠣᠷᠢ ᠪᠤᠯᠬᠤ ᠨᠢ ᠢᠯᠡᠭᠡᠨ ᠭᠡᠵᠦ ᠥᠷᠭᠦᠯᠵᠢ ᠬᠡᠯᠡᠳᠡᠭ ᠪᠥᠭᠡᠳ ᠤᠶᠠᠭᠠᠴᠢ ᠡᠪᠦᠭᠡ ᠶᠢᠨ ᠳᠤ  ᠪᠠᠶᠢᠨ ᠪᠠᠶᠢᠨ  ᠬᠥᠲᠥᠯᠥᠨ ᠬᠦᠷᠴᠦ ᠰᠢᠨᠵᠢᠭᠦᠯᠵᠦ᠂

ᠲᠡᠮᠲᠡᠷᠢᠭᠦᠯᠵᠦ ᠶᠠᠭᠤ ᠶᠠᠷᠢᠳᠠᠭ ᠢ ᠨᠢ ᠰᠣᠨᠣᠰᠳᠠᠭ ᠪᠣᠯᠵᠠᠢ᠃ ᠪᠢ ᠴᠦ ᠵᠠᠷᠢᠮ ᠳᠠᠭᠠᠨ ᠠᠪᠤ ᠶᠢᠨ ᠪᠠᠷ᠎ᠠ ᠪᠠᠷ ᠤᠶᠠᠭᠠᠴᠢ ᠡᠪᠦᠭᠡ ᠶᠢᠨ ᠭᠠᠳᠠᠨ᠎ᠠ ᠲᠡᠯᠳᠡᠭᠴᠢᠨ ᠬᠦᠷᠴᠦ᠂

ᠶᠡᠬᠡᠴᠦᠦᠯ ᠤᠨ ᠶᠠᠷᠢᠬᠤ ᠶᠢ ᠡᠰᠡ ᠣᠶᠢᠯᠠᠭᠠᠪᠠᠴᠤ ᠲᠡᠳᠡᠨᠥᠰ ᠢ ᠲᠠᠭᠠᠨ ᠤᠶᠠᠭ᠎ᠠ ᠲᠣᠭᠤᠷᠢᠨ ᠶᠡᠭᠡ ᠶᠠᠭᠤᠮ᠎ᠠ ᠮᠡᠳᠡᠭᠰᠡᠨ ᠰᠢᠭ ᠠᠪᠤᠷᠢᠯᠠᠳᠠᠭ ᠮᠢᠨᠢ ᠢᠨᠢᠶᠡᠳᠦ

ᠭᠦᠷᠥᠮᠡᠷ ᠪᠠᠭ᠎ᠠ ᠨᠠᠰᠤ ᠠ᠋︕

ᠭᠡᠨᠡᠳᠲᠡ ᠣᠯᠠᠨ ᠤ ᠱᠤᠤᠭᠢᠶᠠᠨ ᠪᠤᠳᠣᠯ ᠢ ᠲᠠᠰᠤᠯᠵᠤ᠄

  -  ᠬᠠᠶᠢᠷᠠᠨ ᠮᠣᠷᠢ ᠠ᠋︕

  -  ᠰᠠᠷᠠᠲᠤ ᠦᠷᠢᠶ᠎ᠡ ᠶᠢ ᠬᠤᠳᠠᠯᠳᠤᠭᠠᠳ ᠶᠠᠭᠠᠬᠢᠬᠤ ᠭᠡᠰᠡᠨ ᠪᠤᠢ︖ ᠪᠠᠶᠢᠯᠭᠠᠬᠤ ᠳᠤ ᠶᠠᠭᠠᠬᠢᠳᠠᠭ ᠶᠤᠮ︖

  -  ᠥᠪᠡᠷ ᠵᠠᠭᠤᠷ᠎ᠠ ᠪᠠᠨ ᠮᠥᠩᠭᠦ ᠲᠠᠢ ᠪᠣᠯ ᠠᠪᠴᠤ ᠪᠣᠯᠣᠨ᠎ᠠ ᠰᠢᠥ᠂ ᠵᠠᠪᠠᠯ ᠭᠠᠳᠠᠭᠰᠢ ᠬᠤᠳᠠᠯᠳᠤᠬᠤ ᠠᠯᠪᠠ ᠲᠠᠢ ᠤᠤ︖ ᠭᠡᠵᠦ ᠣᠯᠠᠨ ᠬᠥᠮᠥᠰ ᠠᠮᠠ

ᠪᠤᠯᠢᠶᠠᠯᠳᠤᠨ ᠪᠤᠳᠣᠯ ᠪᠤᠳᠣᠯ ᠢᠶᠠᠨ ᠬᠡᠯᠡᠵᠡᠭᠡᠬᠦ ᠳᠤ ᠤᠷᠭ᠎ᠠ ᠶᠢᠨ ᠬᠤᠶᠢᠪᠢ ᠰᠠᠷᠠᠲᠤ ᠬᠡᠭᠡᠷ ᠤᠨ ᠬᠦᠵᠦᠭᠦᠨ ᠳᠤ ᠰᠣᠨᠣᠰᠭᠢᠨ ᠡᠯᠭᠦᠭᠳᠡᠪᠡ᠃ ᠠᠪᠤᠭᠰᠠᠨ ᠡᠵᠡᠨ ᠨᠢ

ᠭᠤᠣᠯ ᠤᠨ ᠲᠣᠬᠤᠢ ᠠᠶᠢᠯ ᠤᠨ ᠨᠢᠭᠡᠨ ᠲᠠᠷᠢᠶᠠᠴᠢᠨ ᠪᠠᠶᠢᠪᠠ᠃

- ᠬᠡᠳᠦᠨ ᠠᠮᠠ ᠶᠢᠨ ᠲᠠᠷᠢᠶ᠎ᠠ ᠪᠠᠨ ᠲᠠᠷᠢᠬᠤ ᠳᠤ ᠬᠥᠯᠦᠰᠢ ᠦᠭᠡᠢ ᠭᠠᠴᠢᠭᠳᠠᠬᠤ ᠬᠡᠴᠡᠭᠦᠦ᠂ ᠣᠨᠣᠬᠤ ᠳᠤ ᠨᠣᠮᠣᠬᠠᠨ ᠰᠣᠷᠣᠬᠰᠠᠨ ᠮᠣᠷᠢ ᠠᠨᠵᠢᠰᠤ ᠴᠢᠷᠬᠦ ᠳᠤ

ᠬᠤᠷᠳᠤᠨ ᠳᠠᠳᠬᠤ ᠶᠤᠮ᠂ ᠳᠠᠷᠤᠭ᠎ᠠ ᠳᠤ  ᠲᠠᠯᠠᠷᠬᠠᠯ᠎ᠠ︕ ᠭᠡᠵᠦ ᠮᠣᠩᠭᠤᠯ ᠬᠢᠲᠠᠳ ᠬᠤᠯᠢᠯᠴᠠᠭᠤᠯᠤᠨ ᠬᠡᠯᠡᠭᠡᠳ ᠭᠠᠵᠠᠷ ᠤᠨ ᠥᠨᠳᠥᠷ ᠢ ᠠᠰᠢᠭᠯᠠᠨ ᠠᠯᠠᠪᠬᠢᠨ

ᠵᠠᠶᠢᠳᠠᠯᠠᠵᠤ᠂ ᠢᠰᠬᠡᠷᠦᠨ ᠬᠤᠯᠠᠳᠠᠬᠤ ᠳᠤ ᠮᠢᠨᠤ ᠳᠣᠲᠣᠷ᠎ᠠ ᠰᠠᠷᠠᠲᠤ ᠬᠡᠭᠡᠷ ᠢ ᠬᠠᠶᠢᠷᠠᠯᠠᠬᠤ ᠰᠡᠳᠬᠢᠯ ᠢᠪᠢᠯᠦᠨ ᠲᠦᠯᠬᠢᠯᠡᠵᠦ ᠬᠤᠶᠠᠷ ᠨᠢᠳᠦᠨ ᠳᠤ ᠥᠪᠡᠷ ᠤᠨ ᠡᠷᠬᠡ

ᠦᠭᠡᠢ ᠨᠢᠯᠪᠤᠰᠤ ᠵᠠᠶᠢᠷᠯᠠᠪᠠ᠃ ᠲᠠ᠊ -   ᠷᠠ ᠴᠠᠭᠠᠨ᠎ᠠ ᠬᠡᠷᠡᠮ ᠤᠨ ᠲᠠᠯᠳᠠ ᠠᠴᠠ ᠠᠪᠤ ᠨᠢᠳᠦ ᠪᠠᠨ ᠵᠦᠯᠭᠦᠨ ᠭᠡᠷ ᠵᠦᠭ ᠢᠶᠠᠨ ᠶᠠᠪᠤᠬᠤ ᠨᠢ ᠬᠠᠷᠠᠭᠳᠠᠬᠤ ᠳᠤ ᠨᠠᠳᠠ

ᠠᠳᠡ ᠶᠠᠮᠠᠷ ᠴᠦ ᠬᠥᠭᠵᠢᠶᠡᠨ ᠦᠭᠡᠢ ᠰᠠᠨᠠᠭᠳᠠᠨ ᠠᠪᠤ ᠶᠢᠨ ᠢᠶᠠᠨ ᠠᠷᠤ ᠠᠴᠠ ᠭᠡᠷ ᠵᠦᠭ ᠢᠶᠠᠨ ᠭᠦᠶᠦᠪᠡ᠃

   ᠣᠨ ᠴᠠᠭ ᠤᠨ ᠬᠦᠷᠳᠦ ᠠᠬᠢᠨ ᠨᠠᠭᠠᠰᠢᠯᠠᠬᠤ ᠳᠤ ᠥᠭᠡᠷᠡᠴᠢᠯᠡᠯᠲᠡ ᠶᠢᠨ ᠰᠠᠯᠬᠢ ᠮᠢᠨᠤ ᠨᠤᠲᠤᠭ ᠤᠨ ᠶᠠᠭᠤ ᠪᠦᠭᠦᠨ ᠢ ᠡᠰᠡᠨᠢᠯ ᠤᠨ ᠠᠶᠠᠰ ᠢᠶᠠᠷ ᠢᠯᠪᠢᠭᠦ ᠳᠤ

ᠬᠥᠮᠥᠨ ᠠᠷᠠᠳ ᠤᠨ ᠴᠢᠷᠠᠢ ᠳᠤ ᠢᠨᠢᠶᠡᠳᠦ ᠪᠠᠶᠠᠰᠤᠯ ᠬᠠᠯᠭᠢᠨ᠎ᠠ᠃

ᠵᠣᠨ ᠤ ᠡᠬᠢᠨ ᠤ ᠲᠤᠩᠭᠠᠯᠠᠭ ᠡᠳᠦᠷ ᠮᠠᠨᠠᠶᠢᠬᠢᠨ ᠠᠴᠠ ᠵᠡᠭᠡᠷᠳᠡ ᠮᠣᠷᠢ ᠬᠥᠯᠥᠭᠰᠡᠨ ᠲᠡᠷᠭᠡ ᠳᠦᠭᠦᠷᠡᠩ ᠬᠤᠨᠢᠨ ᠨᠣᠣᠰᠣ ᠠᠴᠢᠵᠤ ᠭᠤᠣᠯ ᠤᠨ ᠲᠣᠬᠤᠢ

ᠲᠣᠰᠬᠤᠨ ᠢ ᠴᠢᠭᠯᠡᠨ ᠬᠥᠳᠡᠯᠦᠭᠰᠡᠨ ᠨᠢ ᠠᠪᠤ ᠪᠢᠳᠡ ᠬᠤᠶᠠᠷ ᠪᠠᠶᠢᠭᠰᠠᠨ ᠶᠤᠮ᠃ ᠮᠠᠯᠵᠢᠬᠤ ᠲᠠᠷᠢᠶᠠᠯᠠᠬᠤ ᠣᠷᠣᠨ ᠤ ᠵᠠᠭᠠᠭ ᠲᠤᠯᠵᠤ ᠮᠠᠯ ᠤᠨ ᠪᠠᠷ᠎ᠠ ᠰᠢᠩᠭᠡᠷᠡᠨ

ᠵᠢᠷᠤᠬ᠎ᠠ ᠲᠠᠢ ᠲᠠᠷᠢᠶ᠎ᠠ ᠵᠢᠭᠳᠡᠷᠡᠨ ᠬᠠᠷᠠᠭᠳᠠᠵᠤ ᠵᠠᠮ ᠢᠶᠠᠷ ᠠᠷᠴᠢᠭᠤᠷ ᠮᠥᠷᠥᠯᠡᠭᠰᠡᠨ ᠬᠥᠮᠥᠰ  ᠬᠠᠶᠠ ᠶᠠᠪᠤᠬᠤ ᠨᠢ ᠭᠤᠣᠯ ᠤᠨ ᠲᠣᠬᠤᠢ ᠲᠣᠰᠬᠤᠨ ᠤ ᠬᠠᠷᠢᠶᠠᠨ ᠳᠤ

ᠣᠷᠣᠭᠰᠠᠨ ᠨᠢ ᠢᠯᠡᠭᠡᠨ᠃ ᠳᠡᠮᠡᠢ ᠬᠡᠳᠦᠨ ᠭᠠᠵᠠᠷ ᠶᠠᠪᠤᠭᠰᠠᠨ ᠦᠭᠡᠢ ᠬᠠᠰᠢᠶ᠎ᠠ ᠬᠠᠰᠢᠶ᠎ᠠ ᠪᠠᠨ ᠵᠠᠯᠭᠠᠭᠰᠠᠨ ᠲᠣᠰᠬᠤᠨ ᠤ ᠵᠠᠬ᠎ᠠ ᠰᠢᠷᠭᠤᠵᠤ᠂ ᠵᠠᠮ ᠤᠨ ᠬᠠᠵᠠᠭᠤ ᠪᠠᠷ

ᠭᠠᠭ᠋ᠠᠢ ᠲᠠᠬᠢᠶᠠᠨ ᠠᠴᠠ ᠬᠥᠯᠦᠰᠢᠨ ᠵᠡᠭᠡᠷᠳᠡ ᠪᠠᠶᠢᠨ ᠲᠠᠭᠢᠨ ᠦᠷᠭᠦᠨ ᠬᠠᠯᠢᠰᠬᠠᠵᠤ᠂ ᠠᠪᠤ ᠮᠣᠷᠢᠨ ᠤ ᠡᠷᠡᠦᠪᠴᠢ ᠠᠴᠠ ᠴᠢᠩᠭᠠᠬᠠᠨ ᠪᠠᠷᠢᠵᠤ᠂ ᠬᠠᠩᠭᠠᠨ

ᠪᠣᠷᠣᠯᠠᠭᠤᠯᠬᠤ ᠬᠤᠷᠰᠢᠶᠠᠨ ᠤ ᠡᠭᠦᠳᠡᠨ ᠳᠤ ᠬᠦᠷᠴᠦ ᠣᠴᠢᠪᠠ᠃ ᠠᠪᠤ ᠶᠢᠨ ᠲᠠᠨᠢᠯ ᠨᠣᠣᠰᠣ ᠬᠤᠷᠢᠶᠠᠭᠴᠢ ᠫᠠᠨᠽᠠᠴᠢᠨ ᠮᠠᠨᠤᠰ ᠢ ᠤᠭᠲᠤᠨ ᠭᠠᠷᠴᠤ ᠢᠷᠡᠭᠡᠳ᠂

ᠠᠪᠤ ᠶᠢᠨ ᠮᠥᠷᠥ ᠳᠠᠯᠤ ᠶᠢ ᠲᠠᠪᠰᠢᠬᠤ ᠪᠥᠭᠡᠳ ᠨᠠᠳᠠ ᠶᠢ ᠥᠬᠦᠭᠡᠷᠳᠡᠨ ᠬᠠᠴᠠᠷ ᠢ  ᠢᠯᠪᠢᠨ  ᠢᠨᠢᠶᠡᠮᠰᠦᠭᠯᠡᠨ ᠵᠣᠭᠤᠭᠳᠠᠨ᠎ᠠ᠃

   ᠫᠠᠨᠽᠠᠴᠢᠨ ᠭᠤᠸᠠᠢ ᠡᠨᠡ ᠵᠢᠯ ᠤᠨ ᠤᠩᠭᠠᠰᠤ ᠨᠣᠣᠰᠣ ᠬᠤᠷᠢᠶᠠᠬᠤ ᠴᠡᠪᠡᠷᠴᠡ ᠶᠢᠨ ᠱᠠᠭᠠᠷᠳᠠᠯᠭ᠎ᠠ ᠥᠨᠳᠥᠷ ᠴᠦ ᠠᠪᠤ ᠶᠢᠨ ᠲᠠᠨᠢᠯ  ᠲᠤᠯᠠ ᠤᠭᠤᠲᠠᠨ ᠠᠮᠠᠰᠠᠷ ᠢ

ᠠᠯᠳᠠᠷᠠᠭᠠᠨ ᠲᠡᠮᠲᠡᠷᠢᠵᠦ ᠰᠡᠭᠰᠦᠷᠦᠨ᠂ ᠰᠤᠪᠤᠵᠤ ᠢᠮᠡᠷᠮᠡᠭᠴᠡ ᠠᠰᠠᠭᠤᠳᠠᠯ ᠦᠭᠡᠢ ᠬᠢᠷᠢ ᠲᠡᠩᠴᠡᠵᠦ᠂ ᠬᠠᠮᠤᠭ ᠥᠨᠳᠥᠷ ᠦᠨ᠎ᠡ ᠪᠠᠷ ᠪᠤᠳᠣᠵᠣ ᠠᠷᠠᠯᠵᠢᠶ᠎ᠠ ᠮᠠᠰᠢ

ᠢᠯᠭᠤᠮ ᠪᠦᠲᠦᠪᠡ᠃ ᠬᠡᠷᠪᠡ ᠲᠠᠨᠢᠯ ᠪᠤᠰᠤ ᠬᠥᠮᠥᠨ ᠪᠤᠶᠤ ᠪᠠᠭ᠋ᠠᠨ ᠡᠪ ᠢᠶᠠᠨ ᠣᠯᠣᠯᠴᠠᠬᠤ ᠦᠭᠡᠢ ᠪᠣᠯ ᠬᠤᠨᠢᠨ ᠤᠩᠭᠠᠰᠤᠨ ᠳᠠᠭᠠᠨ ᠤᠰᠤ ᠰᠠᠴᠤᠯ᠎ᠠ ᠭᠡᠵᠦ ᠨᠢᠭᠡ

ᠡᠳᠦᠷ ᠨᠠᠷᠠᠨ ᠳᠤ ᠲᠡᠯᠭᠡᠭᠦᠯᠭᠦ ᠪᠤᠶᠤ ᠡᠯᠡᠰᠦ ᠬᠤᠯᠢᠯ᠎ᠠ ᠭᠡᠵᠦ ᠪᠤᠳᠠᠷᠠᠳᠠᠯ᠎ᠠ ᠭᠦᠪᠢᠵᠦ ᠰᠡᠭᠰᠦᠷᠦᠨ ᠥᠢᠯᠡ ᠶᠢ ᠨᠢ ᠦᠵᠡᠵᠦ ᠦᠨ᠎ᠡ ᠶᠢ ᠨᠢ ᠳᠠᠷᠤᠳᠠᠭ ᠪᠠᠶᠢᠭᠰᠠᠨ

ᠶᠤᠮ᠃ ᠠᠪᠤ ᠨᠣᠣᠰᠣ ᠬᠤᠷᠢᠶᠠᠭᠴᠢ ᠲᠠᠢ ᠲᠠᠮᠠᠬᠢ ᠰᠣᠯᠢᠯᠴᠠᠨ᠂ ᠮᠠᠯ ᠲᠠᠷᠢᠶ᠎ᠠ ᠵᠣᠭᠤᠭᠳᠠᠨ ᠪᠢ ᠨᠥᠭᠦᠭᠡ ᠲᠠᠰᠤᠯᠭ᠎ᠠ ᠶᠢᠨ ᠬᠤᠯᠢᠰᠢᠨ ᠢᠳᠡᠭᠡᠨ  ᠤ ᠳᠡᠯᠭᠡᠭᠦᠷ  ᠤᠨ

ᠰᠢᠬᠢᠷ ᠪᠣᠣᠪᠤ ᠶᠢᠨ ᠡᠲᠡᠭᠡᠳ ᠰᠣᠳᠣᠨ ᠦᠨᠦᠷ ᠲᠤ ᠲᠠᠲᠠᠭᠳᠠᠨ  ᠬᠠᠲᠠᠪᠴᠢᠨ ᠭᠠᠳᠠᠨ᠎ᠠ ᠠᠴᠠ ᠨᠢ ᠳᠣᠲᠣᠭᠰᠢ ᠱᠠᠭᠠᠶᠢᠨ ᠵᠣᠭᠰᠣᠵᠤ ᠪᠠᠶᠢᠲᠠᠯ᠎ᠠ ᠬᠥᠮᠥᠨ ᠬᠠᠷ᠎ᠠ

ᠦᠢᠮᠡᠯᠳᠦᠨ᠂ ᠭᠠᠭ᠋ᠠᠢ  ᠲᠠᠭᠢᠶ᠎ᠠ ᠳᠦᠷᠪᠡᠵᠦ  ᠬᠥᠮᠥᠰ ᠬᠡᠦᠬᠡᠳ  ᠰᠢᠤᠬᠠᠳ ᠢᠶᠠᠨ ᠲᠡᠪᠡᠷᠢᠨ ᠵᠠᠮ ᠵᠠᠶᠢᠯᠠᠬᠤ ᠪᠥᠭᠡᠳ ᠬᠡᠳᠦᠨ ᠬᠥᠮᠥᠨ ᠳᠡᠯᠭᠡᠭᠦᠷ ᠲᠤ ᠭᠦᠶᠦᠨ

ᠣᠷᠣᠵᠤ ᠢᠷᠡᠭᠡᠳ᠄

-  ᠬᠥᠭᠯᠡᠭᠰᠡᠨ ᠮᠣᠷᠢ ᠢᠷᠡᠯ᠎ᠡ︕

-  ᠠᠨᠵᠢᠰᠤ  ᠴᠢᠷᠦᠭᠰᠡᠨ ᠮᠣᠷᠢ ᠁ ᠭᠡᠵᠦ ᠠᠮᠢᠰᠬᠤᠭᠠᠳᠠᠨ ᠶᠠᠷᠢᠬᠤ ᠪᠠᠷ ᠮᠠᠨᠤᠰ ᠵᠢᠭᠠᠭᠰᠠᠨ ᠵᠦᠭ ᠲᠤᠨᠢ ᠬᠠᠷᠠᠬᠤ ᠳᠤ ᠨᠢᠭᠡᠨ ᠮᠣᠷᠢ ᠬᠦᠯᠢᠶ᠎ᠡ 

ᠬᠥᠯᠦᠰᠢ ᠲᠠᠢ ᠪᠠᠨ ᠳᠥᠷᠪᠡᠯᠵᠢ ᠮᠣᠳᠣ ᠪᠠᠨ ᠲᠣᠭᠤᠰᠣ ᠪᠤᠳᠠᠷᠠᠳᠠᠯ᠎ᠠ ᠴᠢᠷᠦᠨ ᠢᠰᠭᠦᠴᠡᠨ ᠳᠠᠪᠬᠢᠨ ᠠᠶᠢᠯ ᠤᠨ ᠵᠠᠬ᠎ᠠ ᠠᠴᠠ ᠨᠠᠭᠠᠰᠢ ᠠᠶᠢᠰᠤᠢ᠃

ᠠᠪᠤ ᠨᠠᠳᠠ ᠶᠢ ︽ᠭᠡᠷ ᠲᠤ ᠣᠷᠣ︕︾ ᠭᠡᠵᠦ ᠵᠠᠬᠢᠨ ᠬᠥᠭᠯᠡᠭᠰᠡᠨ ᠮᠣᠷᠢᠨ ᠤ ᠵᠠᠮ ᠢ ᠭᠡᠷᠥᠨ ᠣᠴᠢᠬᠤ ᠳᠤ ᠤᠶᠠᠭᠠᠨ ᠳᠡᠭᠡᠷᠡᠬᠢ ᠮᠠᠨ ᠤ ᠬᠥᠯᠦᠰᠢᠨ ᠵᠡᠭᠡᠷᠳᠡ ᠴᠦ

ᠴᠢᠬᠢ ᠰᠣᠷᠲᠣᠯᠵᠠᠭᠤᠯᠤᠨ᠂ ᠬᠠᠮᠠᠷ ᠳᠤᠤᠭᠠᠷᠭᠠᠨ᠂ ᠣᠷᠣᠨ ᠳᠠᠭᠠᠨ ᠳᠡᠪᠬᠡᠴᠡᠨ ᠴᠤᠯᠪᠤᠭᠤᠷ ᠢᠶᠠᠨ ᠲᠠᠰᠤᠯᠤᠮ᠎ᠠ ᠠᠭᠠᠰᠢᠯᠠᠬᠤ ᠳᠤ ᠠᠪᠤ ᠲᠡᠷᠭᠡᠨ ᠵᠦᠭ ᠮᠣᠷᠢ ᠪᠠᠨ

ᠵᠠᠩᠳᠣᠬᠤ ᠳᠤ ᠬᠥᠯᠦᠰᠢᠨ  ᠵᠡᠭᠡᠷᠳᠡ ᠬᠠᠩᠭᠢᠨᠠᠲᠠᠯ᠎ᠠ ᠦᠦᠷᠰᠡᠪᠡ᠃ ᠡᠨᠡ ᠦᠶ᠎ᠡ ᠳᠤ ᠨᠠᠳᠬᠤᠨ  ᠪᠣᠯᠭᠢᠨ ᠳᠠᠪᠬᠢᠵᠤ ᠪᠠᠶᠢᠭᠰᠠᠨ ᠮᠣᠷᠢᠨ ᠤ ᠬᠤᠷᠳᠤ ᠳᠣᠣᠷ᠎ᠠ ᠪᠠᠨ

ᠬᠠᠰᠤᠭᠳᠠᠵᠤ᠂ ᠤᠶᠠᠭᠠᠨ ᠤ ᠳᠡᠷᠭᠡᠳᠡ ᠱᠣᠭᠰᠢᠨ ᠢᠷᠡᠵᠥ ᠬᠥᠯᠦᠰᠢᠨ ᠵᠡᠭᠡᠷᠳᠡ ᠲᠠᠢ ᠬᠤᠰᠢᠭᠤ ᠨᠡᠶᠢᠯᠡᠭᠦᠯᠦᠨ ᠵᠣᠭᠰᠣᠯ᠎ᠠ᠃

ᠰᠠᠷᠠᠲᠤ ᠬᠡᠭᠡᠷ  -  ᠨᠢᠳᠤᠨᠤᠨ ᠬᠤᠳᠠᠯᠳᠤᠭᠳᠠᠵᠤ ᠶᠠᠪᠤᠭᠰᠠᠨ᠂ ᠠᠪᠤ ᠶᠢᠨ ᠰᠤᠷᠭᠠᠭᠰᠠᠨ᠂ ᠮᠢᠨᠤ ᠬᠠᠶᠢᠷᠠᠲᠠᠢ ᠰᠠᠷᠠᠲᠤ ᠬᠡᠭᠡᠷ ᠶᠠᠭ ᠮᠥᠨ᠃ ᠪᠢ ᠬᠠᠳᠠᠪᠴᠢ ᠥᠰᠥᠷᠥᠨ

ᠭᠠᠷᠴᠤ ᠠᠪᠤ ᠶᠢᠨ ᠵᠠᠬ᠎ᠠ ᠳᠤ ᠬᠦᠷᠬᠦ ᠳᠤ ᠠᠪᠤ ᠨᠠᠳᠠ ᠠᠴᠠ ᠤᠷᠢᠳᠤ ᠲᠠᠨᠢᠭᠰᠠᠨ ᠨᠢ ᠯᠠᠪᠲᠠᠢ᠂ ᠣᠷᠣᠨ ᠳᠠᠭᠠᠨ ᠬᠥᠳᠡᠯᠦᠯ ᠦᠭᠡᠢ ᠵᠣᠭᠰᠣᠨ ᠡᠨᠡ ᠬᠦ

ᠭᠠᠶᠢᠬᠠᠮᠰᠢᠭᠲᠤ ᠭᠡᠨᠡᠨ ᠦᠵᠡᠭᠳᠡᠯ ᠢ ᠮᠡᠯᠡᠷᠡᠨ ᠰᠢᠷᠳᠡᠭᠦ ᠠᠵᠢ᠃ ᠮᠢᠨᠤ ᠲᠠᠭᠤᠨ ᠳᠤ ᠠᠪᠤ ᠰᠡᠭᠡᠰᠬᠢᠭᠰᠡᠨ ᠪᠤᠯᠣᠯᠳᠠᠢ᠂ ᠬᠤᠶᠠᠷ ᠮᠣᠷᠢᠨ ᠳᠤ ᠱᠠᠯᠠᠪᠬᠠᠨ ᠣᠶᠢᠷᠠᠲᠤᠨ

ᠰᠠᠷᠠᠲᠤ ᠬᠡᠭᠡᠷ ᠤᠨ ᠬᠦᠵᠦᠭᠦᠨ ᠳᠤ ᠴᠢᠷᠦᠭᠳᠡᠵᠦ ᠢᠷᠡᠭᠰᠡᠨ ᠬᠦᠯᠢᠶ᠎ᠡ ᠬᠥᠯᠦᠰᠢ ᠶᠢ ᠮᠤᠯᠲᠤᠯᠤᠨ ᠬᠡᠳᠦᠨ ᠠᠯᠳᠠ ᠶᠢᠨ ᠴᠠᠭᠠᠨ᠎ᠠ ᠲᠣᠭᠤᠰᠣ ᠪᠤᠳᠠᠷᠠᠳᠠᠯ᠎ᠠ ᠰᠢᠳᠡᠪᠡ᠃

ᠠᠨᠵᠢᠰᠤ ᠨᠢ ᠬᠠᠮᠢᠭ᠎ᠠ ᠬᠠᠳᠬᠤᠨ ᠲᠠᠰᠣᠷᠠᠵᠣ ᠬᠤᠴᠣᠷᠤᠭᠰᠠᠨ ᠢ ᠪᠤᠣ ᠮᠡᠳᠡ︕

ᠰᠠᠷᠠᠲᠤ ᠬᠡᠭᠡᠷ ᠤᠨ  ᠡᠭᠡᠮ ᠳᠠᠯᠤ ᠭᠤᠶ᠎ᠠ ᠬᠠᠰᠠ ᠨᠢ ᠬᠤᠯᠭᠤᠬᠳᠠᠨ ᠬᠠᠯᠴᠠᠭᠠᠶᠢᠷᠠᠵᠤ ᠥᠰᠥᠨ ᠤ ᠥᠩᠭᠡ ᠨᠢ ᠪᠤᠷᠣᠬᠰᠢᠵᠥ ᠬᠥᠯᠦᠰᠢᠨ ᠵᠡᠭᠡᠷᠳᠡ ᠲᠠᠢ ᠮᠠᠰᠢ ᠢᠨᠠᠭ

ᠳᠣᠲᠣᠨᠣ ᠭᠦᠳᠡᠭᠡᠨᠡᠨ᠎ᠡ᠃ ᠰᠠᠷᠠᠲᠤ ᠬᠡᠭᠡᠷ ᠢ ᠠᠩᠬ᠎ᠠ ᠰᠤᠷᠭᠠᠬᠤ ᠳᠤ ᠬᠥᠯᠦᠰᠢᠨ ᠵᠡᠭᠡᠷᠳᠡ ᠳᠠᠩᠳᠠ ᠬᠠᠨᠢ ᠪᠣᠯᠵᠤ ᠰᠡᠷᠢᠭᠦᠨ ᠰᠥᠨᠢ ᠶᠢᠨ ᠰᠠᠷᠠᠨ ᠤ ᠳᠣᠣᠷ᠎ᠠ

ᠰᠢᠭᠦᠳᠡᠷᠢᠲᠦ ᠦᠦᠷ ᠢ ᠬᠤᠶᠠᠭᠤᠯᠠ ᠤᠭᠲᠤᠵᠤ ᠪᠠᠶᠢᠭᠰᠠᠨ  ᠢᠵᠢᠯᠢ ᠪᠤᠯᠬᠤ ᠶᠢ ᠠᠳᠡ ᠠᠪᠤ ᠪᠢᠳᠠ ᠬᠤᠶᠠᠷ ᠠᠴᠠ ᠥᠭᠡᠷ᠎ᠡ ᠬᠡᠨ ᠴᠦ ᠮᠡᠳᠡᠭᠦ ᠦᠭᠡᠢ᠃

    ᠡᠨᠡ ᠦᠶ᠎ᠡ ᠳᠤ ᠠᠨᠵᠢᠰᠤ ᠲᠠᠢ ᠮᠣᠷᠢ ᠪᠠᠨ ᠠᠯᠳᠠᠵᠤ ᠶᠠᠪᠤᠭᠤᠯᠤᠭᠰᠠᠨ ᠢᠷᠭᠡᠨ ᠭᠤᠸᠠᠢ ᠠᠮᠢᠰᠬᠤᠭ᠎ᠠ ᠳᠡᠭᠡᠷᠡᠳᠡᠨ ᠮᠣᠷᠢᠨ ᠤ ᠪᠠᠨ ᠬᠤᠶᠢᠨ᠎ᠠ ᠠᠴᠠ ᠡᠩᠭᠡᠷ

ᠬᠤᠷᠮᠣᠢ ᠪᠠᠨ ᠳᠡᠷᠪᠡᠯᠵᠡᠭᠦᠯᠦᠨ ᠲᠣᠭᠤᠰᠣ ᠰᠢᠷᠣᠢ ᠳᠠᠭᠠᠨ ᠳᠠᠷᠤᠭᠳᠠᠨ ᠲᠣᠰᠬᠤᠨ ᠤ ᠳᠤᠮᠳᠠᠭᠤᠷ ᠭᠦᠶᠦᠨ ᠢᠷᠡᠬᠦ ᠬᠠᠷᠠᠭᠳᠠᠨ᠎ᠠ᠃ ᠲᠡᠷᠡ ᠬᠥᠮᠥᠨ ᠠᠪᠤ ᠶᠢᠨ ᠡᠮᠦᠨ᠎ᠡ

ᠭᠦᠶᠦᠨ ᠢᠷᠡᠵᠥ ᠤᠨᠠᠨ ᠰᠥᠭᠦᠳᠦᠮ᠎ᠡ ᠪᠥᠬᠦᠯᠵᠡᠨ ᠲᠠᠯᠠᠷᠬᠠᠯ ᠤᠨ ᠦᠭᠡ ᠶᠢ ᠬᠤᠶᠢᠨ᠎ᠠ ᠬᠤᠶᠢᠨ᠎ᠠ ᠠᠴᠠ ᠨᠢ ᠤᠷᠤᠰᠬᠠᠨ᠄

-  ᠬᠠᠰᠢᠯᠠ ᠰᠠᠶᠢᠨ ᠬᠥᠮᠥᠨ᠂ ᠴᠢᠳᠠᠯ ᠲᠠᠢ ᠬᠥᠮᠥᠨ ᠪᠠᠶᠢᠨ᠎ᠠ ᠭᠡᠨ᠎ᠡ᠃

ᠬᠥᠮᠥᠨ ᠬᠠᠷ᠎ᠠ ᠶᠢ ᠲᠠᠭᠠᠷᠢᠭᠠᠳ ᠠᠳᠡᠯ ᠣᠰᠣᠯ ᠭᠠᠷᠭᠠᠭᠰᠠᠨ ᠪᠣᠯ ᠲᠡᠭᠷᠢ ᠶᠢᠨ  ᠬᠡᠷᠡᠭ ᠭᠠᠷᠴᠤ ᠮᠡᠳᠡᠭᠦ ᠭᠡᠨᠡᠨ ᠠᠴᠠ ᠵᠠᠶᠢᠯᠠᠭᠰᠠᠨ ᠳᠠᠭᠠᠨ ᠪᠠᠶᠠᠷᠯᠠᠵᠤ

ᠤᠭᠤᠲᠠ ᠲᠠᠢ ᠨᠠᠪᠴᠢᠨ ᠲᠠᠮᠠᠬᠢ ᠪᠠᠨ ᠭᠠᠷᠭᠠᠨ ᠠᠪᠤ ᠳᠤ ᠪᠠᠷᠢᠬᠤ ᠭᠡᠰᠡᠨ ᠢᠶᠠᠨ ᠪᠣᠯᠢᠵᠤ᠂ ᠳᠡᠯᠭᠡᠭᠦᠷ ᠲᠤ ᠭᠦᠶᠦᠨ ᠣᠷᠣᠵᠤ ᠰᠢᠷ᠎ᠠ ᠬᠠᠶᠢᠷᠴᠠᠭᠲᠤ ︽ᠭᠦᠭᠡᠬᠤᠳᠡ︾

ᠲᠡᠮᠳᠡᠭᠲᠦ ᠲᠠᠮᠠᠬᠢ ᠶᠢ ᠠᠪᠤ ᠳᠤ ᠠᠪᠴᠢᠷᠠᠨ ᠥᠭᠴᠦ ᠲᠠᠯᠠᠷᠬᠠᠬᠤ ᠰᠡᠳᠬᠢᠯ  ᠢᠶᠠᠨ ᠢᠯᠡᠳᠬᠡᠵᠦ ᠪᠠᠶᠢᠯ᠎ᠠ᠃ ᠠᠪᠤ ᠲᠡᠷᠡ ᠢᠷᠭᠡᠨ ᠠᠴᠠ᠄

-  ᠡᠨᠡ ᠮᠣᠷᠢ ᠴᠢᠨᠢ ᠮᠠᠨ ᠤ ᠠᠶᠢᠯ ᠤᠨ ᠠᠳᠤᠭᠤᠨ ᠤ ᠬᠢ ᠪᠢᠰᠢᠦ︖  ᠭᠡᠬᠦ ᠳᠤ᠄

-  ᠲᠡᠶᠢᠮᠥ᠂ ᠲᠡᠶᠢᠮᠥ︕ ᠪᠢ ᠠᠪᠴᠢᠷᠠᠮᠠᠭᠴᠠ ᠲᠡᠷᠭᠡᠨ ᠳᠤ ᠬᠥᠯᠵᠦ᠂ ᠡᠪᠦᠯ ᠬᠠᠪᠤᠷ ᠢᠶᠠᠷ ᠢᠩ ᠲᠡᠭᠡᠷᠮ᠎ᠡ ᠴᠦ ᠵᠢᠳᠬᠦᠭᠦᠯᠵᠦ ᠮᠠᠯ  ᠤᠨ ᠬᠤᠭᠤᠯᠠ ᠳᠠᠷᠤᠵᠤ

ᠦᠵᠡᠯ᠎ᠡ᠃ ᠲᠣᠩ ᠨᠣᠮᠣᠬᠠᠨ ᠰᠣᠷᠣᠬᠰᠠᠨ ᠰᠢᠥ︕ ᠡᠨᠡ ᠬᠠᠪᠤᠷ ᠠᠨᠵᠢᠰᠤᠨ ᠳᠤ  ᠭᠦᠯᠥᠵᠣ ᠰᠤᠷᠭᠠᠯ᠎ᠠ᠂ ᠭᠡᠪᠡᠴᠦ ᠠᠨᠵᠢᠰᠤᠨ ᠳᠤ ᠬᠥᠯᠥᠭᠰᠡᠨ ᠠᠴᠠ ᠨᠠᠭᠠᠰᠢ ᠭᠡᠳᠥ

ᠤᠳᠠᠭ᠎ᠠ ᠨᠠᠳᠬᠤᠵᠤ᠂ ᠬᠤᠶᠠᠷ ᠤᠳᠠᠭ᠎ᠠ ᠠᠯᠳᠠᠭᠤᠯᠴᠢᠬᠠᠯ᠎ᠠ᠃ ᠪᠤᠷᠤᠭᠤ ᠲᠠᠯ᠎ᠠ ᠠᠴᠠ ᠪᠠᠨ ᠥᠷᠭᠦᠭᠦ ᠨᠢ ᠬᠡᠴᠡᠭᠦᠦ ᠭᠡᠵᠦ ᠢᠷᠭᠡᠨ ᠭᠤᠸᠠᠢ ᠶᠠᠷᠢᠬᠤ ᠳᠤ ᠠᠮᠠ

ᠬᠠᠮᠠᠷ ᠢᠶᠠᠷ ᠨᠢ ᠵᠡᠷᠭᠡ ᠲᠠᠮᠠᠬᠢᠨ ᠣᠳᠤᠭ᠎ᠠ ᠪᠤᠷᠭᠢᠨ᠎ᠠ᠃ ᠠᠪᠤ᠄

-  ᠮᠣᠷᠢ ᠭᠡᠳᠡᠭ ᠠᠮᠢᠳᠠᠨ ᠢ ᠰᠤᠷᠭᠠᠬᠤ ᠳᠤ ᠪᠠᠶᠢᠳᠠᠭ ᠰᠢᠥ᠂ ᠬᠠᠷ᠎ᠠ ᠠᠯᠪᠠ ᠪᠠᠷ ᠭᠤᠶᠠᠳᠠᠵᠤ ᠴᠣᠬᠢᠨ ᠳᠠᠷᠤᠯᠠᠬᠤ ᠶᠤᠮ ᠪᠣᠯ ᠤᠯᠠᠮ ᠵᠥᠷᠢᠭᠦᠳᠯᠡᠬᠦ ᠪᠤᠶᠤ

ᠦᠷᠭᠦᠵᠦ ᠰᠣᠴᠢᠬᠤ ᠨᠢ ᠢᠯᠡᠭᠦᠦ ᠪᠤᠯᠳᠠᠭ᠃ ᠬᠠᠷᠢᠨ ᠠᠶ᠎ᠠ ᠶᠢ ᠨᠢ ᠳᠠᠭᠠᠭᠤᠯᠵᠤ ᠢᠯᠪᠢᠵᠦ ᠮᠠᠭᠠᠵᠢᠨ ᠪᠡᠶ᠎ᠡ ᠳᠡᠭᠡᠨ ᠡᠭᠡᠨᠡᠭᠰᠢᠭᠦᠯᠦᠨ ᠳᠠᠰᠬᠠᠬᠤ ᠨᠢ ᠴᠢᠬᠤᠯᠠ

ᠪᠠᠶᠢᠳᠠᠭ᠂ ᠮᠣᠩᠭᠤᠯ ᠮᠣᠷᠢ ᠭᠡᠵᠦ ᠬᠥᠮᠥᠨ ᠤ ᠤᠬᠠᠭᠠᠨ ᠲᠠᠢ ᠠᠮᠢᠳᠠᠨ ᠰᠢᠥ ᠭᠡᠬᠦ ᠳᠤ ᠢᠷᠭᠡᠨ ᠭᠤᠸᠠᠢ᠄

-  ᠲᠡᠶᠢᠮᠥ ᠪᠠᠶᠢᠬ᠎ᠠ︕ ᠮᠢᠨᠤ ᠠᠭᠤᠷ ᠠᠭᠠᠰᠢ  ᠴᠦ ᠬᠡᠴᠡᠭᠦᠦ ᠪᠠᠶᠢᠳᠠᠭ᠂ ᠭᠡᠳᠥ ᠤᠳᠠᠭ᠎ᠠ ᠤᠶᠠᠵᠤ ᠪᠠᠶᠢᠭᠠᠳ ᠰᠢᠳᠠᠮ ᠢᠶᠠᠷ ᠵᠣᠳᠣᠭᠰᠠᠨ ᠶᠤᠮ᠂ ᠳᠡᠭᠡᠭᠰᠡᠨ ᠠᠴᠠ

ᠬᠠᠷᠠᠴᠠ ᠨᠢ ᠰᠢᠷᠦᠭᠦᠨ ᠡᠷᠭᠢᠯᠳᠦᠵᠦ᠂ ᠠᠯᠳᠠᠭᠤᠯᠬᠤ ᠯᠠ ᠰᠠᠨᠠᠭ᠎ᠠ ᠲᠠᠢ  ᠥ ᠵᠠᠢ ᠡᠷᠢᠬᠦ ᠪᠣᠯᠤᠭᠰᠠᠨ ᠶᠤᠮ ᠪᠠᠶᠢᠨ᠎ᠠ᠃

ᠠᠪᠤ ᠪᠠᠷ ᠢᠯᠪᠢᠭᠦᠯᠦᠨ ᠬᠤᠰᠢᠭᠤ ᠪᠠᠷ ᠢᠶᠠᠨ ᠬᠤᠷᠮᠣᠢ ᠬᠤᠳᠠ ᠶᠢ ᠨᠢ ᠤᠳᠠᠲᠠᠯ᠎ᠠ ᠦᠨᠦᠷᠯᠡᠨ ᠪᠠᠶᠢᠭᠰᠠᠨ ᠰᠠᠷᠠᠲᠤ ᠬᠡᠭᠡᠷ ᠢᠷᠭᠡᠨ ᠭᠤᠸᠠᠢ ᠶᠢ  ᠵᠠᠬ᠎ᠠ ᠳᠠᠭᠠᠨ

ᠣᠶᠢᠷᠠᠲᠤᠭᠤᠯᠤᠯ ᠦᠭᠡᠢ ᠴᠢᠬᠢ ᠬᠤᠯᠮᠠᠶᠢᠨ ᠬᠠᠮᠠᠷ ᠳᠤᠤᠭᠠᠷᠭᠠᠨ ᠬᠤᠶᠢᠲᠤ ᠪᠡᠶ᠎ᠡ ᠪᠠᠨ ᠥᠭᠭᠦ  ᠶᠤᠮ ᠪᠠᠶᠢᠨ᠎ᠠ᠃ ᠡᠨᠡ ᠦᠶ᠎ᠡ ᠳᠤ ᠡᠷᠭᠢᠨ ᠲᠣᠭᠤᠷᠢᠨ ᠳᠤ

ᠴᠤᠭᠯᠠᠷᠠᠭᠰᠠᠨ ᠬᠥᠮᠥᠰ ᠴᠦ ᠭᠠᠶᠢᠬᠠᠰᠢ ᠠᠯᠳᠠᠨ ᠮᠣᠷᠢᠨ ᠤ ᠲᠤᠬᠠᠢ ᠶᠠᠷᠢᠯᠴᠠᠨ᠎ᠠ᠃ ᠢᠷᠭᠡᠨ ᠭᠤᠸᠠᠢ ᠣᠯᠠᠨ ᠤ ᠶᠠᠷᠢᠶ᠎ᠠ ᠶᠤᠮ ᠤᠤ︖ ᠡᠰᠡᠬᠦᠯ᠎ᠡ ᠤᠤᠯ ᠤᠨ

ᠪᠤᠳᠣᠯ ᠲᠠᠢ ᠪᠠᠶᠢᠭᠰᠠᠨ ᠶᠤᠮ ᠤᠤ︖ ᠪᠤᠣ ᠮᠡᠳᠡ᠃ ᠠᠪᠤ ᠳᠤ᠄

-  ᠡᠰᠡᠬᠦᠯ᠎ᠡ ᠲᠠ ᠬᠤᠳᠠᠯᠳᠤᠭᠠᠳ ᠠᠪᠴᠢᠬ᠎ᠠ᠂ ᠨᠢᠳᠤᠨᠤᠨ ᠤ ᠬᠠᠩᠰᠢ ᠪᠠᠷ ᠥᠭᠴᠢᠬᠡᠶ᠎ᠡ︕ᠪᠢ ᠡᠭᠦᠨ ᠢ ᠵᠠᠷᠤᠵᠤ ᠲᠠᠶᠢᠯᠭᠦ ᠶᠠᠭᠤᠮ᠎ᠠ ᠪᠢᠰᠢ ᠭᠡᠵᠦ ᠰᠠᠨᠠᠭᠠᠨ ᠳᠤ

ᠦᠭᠡᠢ ᠬᠡᠯᠡᠭᠰᠡᠨ ᠪᠥᠭᠡᠳ᠄

-  ᠪᠠᠰᠠ ᠴᠦ ᠰᠠᠶᠢᠨ ᠮᠣᠷᠢ ᠰᠢᠥ᠂ ᠠᠪᠴᠢᠷᠠᠭᠰᠠᠨ ᠴᠠᠭ ᠠᠴᠠ ᠪᠠᠨ ᠨᠠᠳᠠ ᠶᠢ ᠣᠨᠣᠭᠤᠯᠵᠣ᠂ ᠢᠩ ᠲᠡᠭᠡᠷᠮ᠎ᠡ ᠵᠢᠳᠬᠦᠵᠦ᠂ ᠠᠨᠵᠢᠰᠤ  ᠴᠢᠷᠴᠦ ᠠᠯᠢᠨ ᠳᠤᠨᠢ ᠴᠦ

ᠬᠤᠶᠢᠰᠢ ᠦᠭᠡᠢ ᠪᠠᠶᠢᠪᠠ᠂ ᠪᠢ  ᠴᠦ ᠬᠠᠶᠢᠷᠠᠯᠠᠨ᠎ᠠ ᠰᠢᠥ᠂ ᠭᠡᠪᠡᠴᠦ ᠠᠷᠭ᠎ᠠ ᠦᠭᠡᠢ᠂  ᠮᠢᠨᠤ ᠨᠠᠰᠤ ᠶᠠᠪᠤᠵᠤ ᠪᠠᠶᠢᠨ᠎ᠠ᠂ ᠠᠨᠵᠢᠰᠤ ᠲᠡᠷᠭᠡ ᠲᠠᠢ ᠨᠠᠳᠬᠤᠭᠠᠳ ᠠᠳᠡᠯ

ᠣᠰᠣᠯ ᠭᠠᠷᠭᠠᠪᠠᠯ ᠬᠡᠷᠡᠭ ᠪᠣᠯᠣᠨ᠎ᠠ᠂ ᠲᠠ ᠳᠤᠷ᠎ᠠ ᠲᠠᠢ ᠤᠤ︖ ᠭᠡᠵᠦ ᠠᠪᠤ ᠶᠢᠨ ᠡᠷᠡᠦ ᠳᠣᠣᠷ᠎ᠠ  ᠠᠴᠠ ᠴᠢᠷᠠᠶᠢᠳᠠᠨ ᠠᠰᠠᠭᠤᠯ᠎ᠠ᠃

   ᠭᠤᠣᠯ ᠤᠨ ᠲᠣᠬᠤᠢ ᠶᠢᠨ ᠠᠶᠢᠯ ᠤᠨ ᠢᠷᠭᠡᠳ ᠮᠠᠨᠠᠶᠢᠬᠢᠨ ᠲᠠᠢ ᠶᠠᠪᠤᠯᠴᠠᠭ᠎ᠠ ᠶᠡᠭᠡ ᠪᠠᠶᠢᠳᠠᠭ ᠪᠣᠯᠬᠤᠷ ᠣᠯᠠᠩᠬᠢ ᠨᠢ ᠮᠣᠩᠭᠤᠯ ᠦᠭᠡ ᠶᠠᠷᠢᠵᠤ ᠴᠢᠳᠠᠳᠠᠭ ᠠᠴᠠ

ᠪᠢ  ᠲᠡᠭᠦᠨ ᠤ ᠦᠭᠡ ᠶᠢ  ᠪᠦᠷᠢᠨ ᠤᠬᠠᠭᠠᠷᠠᠵᠤ ᠠᠪᠤ ᠶᠢᠨ  ᠳᠡᠷᠭᠡᠳᠡ ᠱᠠᠯᠠᠪᠬᠠᠨ ᠬᠦᠷᠴᠦ ᠬᠠᠨᠴᠤᠢ ᠠᠴᠠ ᠎ ᠨᠢ ᠰᠡᠭᠰᠦᠷᠦᠨ᠄

-  ᠰᠠᠷᠠᠲᠤ ᠬᠡᠭᠡᠷ ᠢ  ᠪᠢᠳᠡ ᠠᠪᠤᠶ᠎ᠠ︕ᠠᠪᠤᠭᠠᠳ ᠶᠠᠪᠤᠶ᠎ᠠ︕ ᠭᠡᠬᠦ ᠳᠤ ᠠᠪᠤ ᠶᠢᠨ ᠰᠠᠨᠠᠭ᠎ᠠ ᠳᠤ ᠨᠡᠶᠢᠴᠡᠭᠰᠡᠨ ᠪᠣᠯᠵᠤ ᠢᠷᠭᠡᠨ ᠤ ᠵᠦᠭ᠄

- ᠲᠡᠷᠡ ᠪᠣᠯᠤᠯᠭᠦᠢ ᠳ᠋ᠠ︕ ᠭᠡᠪᠡᠴᠦ ᠪᠢ ᠶᠠᠮᠠᠷ ᠴᠦ ᠪᠡᠯᠡᠳᠬᠡᠯ ᠦᠭᠡᠢ ᠲᠤᠯᠠ ᠣᠳᠣᠬᠠᠨ ᠮᠥᠩᠭᠦ ᠶᠢ ᠴᠢᠨᠢ ᠲᠣᠭᠠᠯᠠᠵᠤ ᠲᠡᠶᠢᠯᠭᠦ ᠦᠭᠡᠢ ᠰᠢᠥ ᠭᠡᠵᠦ ᠬᠡᠯᠡᠵᠦ

ᠪᠠᠶᠢᠭᠰᠠᠨ ᠴᠦ ᠰᠠᠷᠠᠲᠤ ᠬᠡᠭᠡᠷ ᠎ ᠲᠤ ᠠᠷᠭ᠎ᠠ ᠦᠭᠡᠢ ᠳᠤᠷᠠᠯᠠᠭᠰᠠᠨ ᠨᠢ ᠢᠯᠡᠭᠡᠨ ᠴᠤᠯᠪᠤᠭᠤᠷ ᠢ ᠨᠢ ᠠᠯᠳᠠᠬᠤ ᠠᠴᠠ ᠪᠣᠯᠭᠤᠮᠵᠢᠯᠠᠭᠰᠠᠨ ᠰᠢᠭ᠋ ᠤᠯᠠᠮ ᠴᠢᠩᠭ᠎ᠠ

ᠠᠳᠬᠤᠨ᠎ᠠ᠃

-  ᠬᠠᠮᠢᠶ᠎ᠠ ᠦᠭᠡᠢ︕ ᠪᠦᠷ ᠲᠠᠨᠢᠬᠤ ᠬᠥᠮᠥᠰ᠂ ᠮᠥᠩᠭᠦ ᠶᠢ ᠨᠢ ᠲᠠᠷᠠᠭᠠᠴᠢ ᠪᠠᠷ ᠥᠭᠭᠦ ᠳᠤ ᠪᠣᠯᠣᠨ᠎ᠠ᠃ ᠡᠨᠡ ᠮᠣᠷᠢ ᠴᠦ ᠰᠠᠶᠢᠨ ᠮᠣᠷᠢ ᠰᠢᠣ᠃ ᠠᠢ︕ ᠭᠡᠵᠦ

ᠢᠷᠭᠡᠨ ᠭᠤᠸᠠᠢ ᠤᠷᠲᠤᠬᠠᠨ ᠰᠡᠭᠦᠷᠡᠰᠦᠯᠡᠭᠡᠳ ᠬᠠᠷᠠᠴᠠ ᠪᠠᠨ ᠪᠤᠷᠤᠭᠤᠯᠠᠨ ᠨᠢᠳᠦ ᠪᠠᠨ ᠵᠥᠯᠭᠦᠭᠦ‍ ᠰᠢᠭ ᠪᠣᠯᠪᠠ᠃ ᠠᠪᠤ ᠳᠡᠯᠭᠡᠭᠦᠷ ᠠᠴᠠ ᠰᠣᠷ ᠠᠪᠴᠢᠷᠠᠨ ᠨᠣᠭᠲᠣ

ᠵᠠᠩᠭᠢᠳᠴᠤ᠂ ᠴᠤᠯᠪᠤᠭᠤᠷ ᠵᠠᠯᠭᠠᠨ ᠮᠣᠷᠢᠨ ᠨᠣᠭᠲᠣ ᠶᠢ ᠰᠣᠯᠢᠨ  ᠥᠭᠴᠦ ᠬᠥᠯᠦᠰᠢᠨ ᠵᠡᠭᠡᠷᠳᠡ ᠶᠢᠨ ᠬᠦᠵᠦᠭᠦᠨ ᠠᠴᠠ ᠬᠤᠯᠪᠣᠨ ᠪᠤᠴᠠᠬᠤ ᠵᠠᠮ ᠢᠶᠠᠨ ᠡᠯᠭᠦᠭᠦ ᠳᠤ

ᠢᠷᠭᠡᠨ ᠮᠣᠷᠢᠨ ᠳᠤ ᠴᠢᠷᠦᠭᠳᠡᠵᠦ ᠢᠷᠡᠭᠰᠡᠨ ᠬᠦᠯᠢᠶ᠎ᠡ ᠳᠡᠭᠡᠰᠦ ᠪᠠᠨ ᠪᠦᠭᠡᠮᠯᠡᠨ ᠲᠡᠪᠡᠷᠢᠵᠦ ᠠᠶᠢᠯ ᠳᠤᠮᠳᠠᠭᠤᠷ ᠭᠤᠶᠢᠭᠤᠷᠤᠨ ᠴᠠᠭᠠᠰᠢᠯᠠᠪᠠ᠃

    ᠬᠥᠯᠦᠰᠢᠨ  ᠵᠡᠭᠡᠷᠳᠡ᠂ ᠰᠠᠷᠠᠲᠤ ᠬᠡᠭᠡᠷ ᠪᠠᠶᠢᠨ ᠪᠠᠶᠢᠨ ᠴᠢᠮᠬᠢᠯᠴᠡᠨ ᠨᠠᠭᠠᠳᠬᠤ ᠪᠥᠭᠡᠳ ᠪᠤᠴᠠᠬᠤ ᠵᠠᠮ  ᠢᠶᠠᠨ  ᠡᠯᠭᠦᠨ ᠬᠤᠷᠳᠤᠯᠠᠪᠠ᠃

ᠠᠪᠤ ᠰᠠᠷᠠᠲᠤ ᠬᠡᠭᠡᠷ ᠢ ᠠᠪᠴᠢᠷᠠᠭᠰᠠᠨ ᠠᠴᠠ ᠰᠡᠭᠦᠯᠡᠷ ᠡᠳᠦᠷᠵᠢᠨ ᠢᠯᠪᠢᠵᠦ ᠮᠠᠭᠠᠵᠢᠨ᠂ ᠬᠠᠶᠠ ᠮᠠᠯ ᠳᠠᠭᠠᠨ ᠣᠨᠣᠵᠣ᠂ ᠪᠠᠶᠢᠨ ᠪᠠᠶᠢᠨ ᠬᠠᠲᠠᠷᠢᠭᠤᠯᠵᠤ᠂

ᠱᠣᠭᠰᠢᠭᠤᠯᠵᠤ᠂ ᠳᠠᠪᠬᠢᠭᠤᠯᠤᠨ᠎ᠠ᠃ ᠴᠢᠯᠦᠭᠡ ᠴᠢᠯᠦᠭᠡᠨ ᠳᠡᠭᠡᠨ ᠤᠶᠠᠭᠠᠴᠢ ᠡᠪᠦᠭᠡ ᠶᠢᠨ ᠭᠠᠳᠠᠨ᠎ᠠ ᠠᠪᠠᠴᠢᠵᠤ ᠤᠤᠯ ᠤᠨ ᠰᠢᠭ᠋ ᠢᠯᠪᠢᠭᠦᠯᠦᠨ ᠲᠡᠮᠲᠡᠷᠢᠭᠦᠯᠵᠦ

ᠰᠢᠨᠵᠢᠨ ᠵᠣᠬᠰᠣᠬᠤ ᠨᠢ ᠣᠯᠠᠰᠢᠷᠠᠪᠠ᠃ ᠰᠠᠷᠠᠲᠤ ᠬᠡᠭᠡᠷ ᠤᠨ ᠰᠣᠶᠢᠯᠭ᠎ᠠ ᠤᠶᠠᠭ᠎ᠠ ᠴᠦ ᠲᠡᠩᠴᠡᠵᠦ ᠪᠠᠶᠢᠭ᠎ᠠ ᠪᠤᠯᠣᠯᠳᠠᠢ᠂ ᠬᠡᠪᠡᠯᠢ ᠭᠡᠳᠡᠰᠦ ᠨᠢ ᠠᠪᠴᠢᠨ᠂ ᠬᠠᠪᠢᠷᠭ᠎ᠠ

᠎ ᠨᠢ ᠵᠤᠷᠠᠶᠢᠨ᠂  ᠬᠠᠶᠠ ᠬᠡᠳᠦᠨ ᠬᠤᠮᠣᠯ ᠤᠨᠠᠭᠠᠨ᠂ ᠤᠶᠠᠭ᠎ᠠ ᠲᠣᠭᠤᠷᠢᠨ ᠲᠣᠭᠲᠠᠭᠤᠷᠢ ᠠᠯᠳᠠᠨ᠎ᠠ᠃

ᠬᠤᠷ᠎ᠠ ᠪᠣᠷᠣᠭᠠᠨ ᠤ ᠰᠢᠮ᠎ᠡ ᠪᠠᠷ ᠡᠪᠡᠰᠦ ᠪᠡᠯᠴᠢᠭᠡᠷ ᠪᠠᠭᠰᠢᠷᠠᠨ ᠤᠷᠭᠤᠵᠦ ᠠᠳᠤᠭᠤ ᠮᠠᠯ ᠨᠣᠭᠤᠭᠠᠨ ᠳᠤ ᠴᠠᠳᠤᠭᠰᠠᠨ ᠵᠣᠨ ᠤ ᠡᠳᠦᠷ ᠤᠳ ᠢᠶᠠᠷ ᠣᠶᠢᠷᠠᠯᠴᠠᠭᠠᠬᠢ

ᠭᠠᠴᠠᠭ᠎ᠠ ᠰᠤᠮᠤᠨ ᠤ ᠨᠠᠶᠢᠷ ᠪᠠ ᠬᠤᠶᠢᠨ᠎ᠠ ᠡᠮᠦᠨ᠎ᠡ ᠰᠡᠷᠭᠦᠭᠡᠭᠳᠡᠬᠦ ᠣᠪᠣᠭᠠᠨ ᠨᠠᠶᠢᠷ ᠲᠤ ᠠᠪᠤ ᠬᠤᠯᠠ ᠰᠢᠭ᠋ ᠲᠤᠨᠢ ᠬᠤᠨᠤᠭ ᠢᠶᠠᠷ ᠬᠦᠷᠴᠦ ᠰᠠᠷᠠᠲᠤ ᠬᠡᠭᠡᠷ ᠢᠶᠠᠨ

ᠣᠷᠣᠯᠳᠣᠭᠠᠨ ᠳᠤ ᠲᠠᠯᠪᠢᠬᠤ ᠪᠣᠯᠪᠠ᠃

   ᠠᠩᠬ᠎ᠠ ᠡᠬᠢᠨ ᠳᠡᠭᠡᠨ ᠱᠠᠩ ᠤᠨ ᠠᠮᠠᠰᠠᠷ ᠵᠦᠳᠡᠭᠦᠦ ᠵᠠᠭᠤᠵᠤ ᠪᠠᠶᠢᠭᠰᠠᠨ ᠪᠣᠯ ᠢᠳᠡᠭ ᠢᠳᠡᠭ ᠢᠶᠠᠷ ᠭᠦᠶᠦᠯᠲᠡ ᠴᠢᠩᠭᠠᠷᠠᠵᠤ ᠦᠵᠦᠭᠦᠷ ᠲᠥᠷᠥᠭᠦᠥ

ᠪᠤᠯᠢᠶᠠᠯᠴᠠᠬᠤ ᠪᠣᠯᠪᠠ᠃ ᠡᠨᠡ ᠦᠶ᠎ᠡ ᠠᠴᠠ ᠰᠠᠷᠠᠲᠤ ᠬᠡᠭᠡᠷ ᠤᠨ ᠰᠠᠶᠢᠬᠠᠨ ᠠᠯᠳᠠᠷ ᠠᠪᠤ ᠶᠢᠨ ᠨᠡᠷ᠎ᠡ ᠲᠠᠢ ᠬᠤᠯᠠ ᠣᠶᠢᠷ᠎ᠠ ᠳᠤ ᠶᠠᠷᠢᠭᠳᠠᠬᠤ ᠪᠣᠯᠪᠠ᠃ ᠪᠢ ᠴᠦ ᠬᠠᠮᠲᠤ

ᠰᠣᠷᠣᠬᠴᠢ ᠶᠢᠨ ᠢᠶᠠᠨ ᠳᠤᠮᠳᠠ ᠰᠠᠷᠠᠲᠤ ᠬᠡᠭᠡᠷ ᠢᠶᠠᠷ ᠢᠶᠠᠨ ᠣᠮᠣᠭᠰᠢᠵᠤ ᠬᠢᠴᠢᠶᠡᠯ ᠤᠨ ᠵᠠᠪᠰᠠᠷ ᠵᠣᠭᠤᠭ ᠤᠨ ᠳᠤᠮᠳᠠ ᠰᠠᠨᠠᠭᠠᠴᠢᠯᠠᠭ᠎ᠠ ᠲᠠᠢ ᠪᠠᠷ ᠣᠷᠣᠯᠳᠣᠭᠠᠨ

ᠮᠣᠷᠢᠨ ᠤ ᠵᠣᠭᠤᠭ ᠡᠬᠢᠯᠡᠨ ᠰᠡᠳᠦᠵᠦ ᠪᠠᠶᠢᠳᠠᠭ᠃ ᠠᠶᠢᠯ ᠤᠨ ᠬᠥᠮᠥᠰ ᠴᠦ ᠪᠡᠶ᠎ᠡ ᠪᠠᠭ᠎ᠠ ᠲᠠᠢ ᠰᠠᠷᠠᠲᠤ ᠬᠡᠭᠡᠷ ᠢ ᠢᠩ ᠲᠡᠭᠡᠷᠮ᠎ᠡ ᠵᠢᠳᠬᠦᠵᠦ᠂ ᠠᠨᠵᠢᠰᠤ ᠴᠢᠩᠭᠠᠭᠠᠵᠤ

ᠪᠠᠶᠢᠭᠰᠠᠨ ᠠᠴᠠ ᠪᠠᠨ ᠣᠷᠣᠯᠳᠣᠭᠠᠨ ᠤ ᠲᠡᠷᠢᠭᠦᠨ ᠳᠤ ᠳᠠᠪᠬᠢᠬᠤ ᠶᠢ ᠬᠠᠷᠠᠭᠠᠳ ᠠᠳᠤᠭᠤᠰᠤ ᠶᠢ ᠪᠠᠰᠤᠵᠤ ᠪᠤᠯᠬᠤ ᠦᠭᠡᠢ ᠶᠤᠮ ᠪᠠᠶᠢᠨ᠎ᠠ᠂ ᠠᠶᠠᠲᠠᠶᠢᠬᠠᠨ

ᠳᠣᠳᠣᠮᠳᠠᠪᠠᠯ ᠰᠠᠨᠠᠭᠠᠨ ᠳᠠᠭᠠᠨ ᠭᠦᠷᠳᠡᠭ ᠭᠡᠬᠦ ᠪᠣᠯᠤᠭᠰᠠᠨ ᠪᠥᠭᠡᠳ ᠬᠠᠷᠢ ᠬᠥᠨᠳᠡᠯᠡᠨ ᠤ ᠮᠣᠷᠢᠨ ᠪᠠᠭ᠋ᠠᠲᠠᠳ ᠤᠨ ᠨᠢᠳᠦᠨ ᠳᠤ ᠮᠠᠨ ᠤ ᠠᠶᠢᠯ ᠤᠨ ᠠᠳᠤᠭᠤ ᠡᠷᠳᠡᠨᠢ

ᠪᠣᠯᠣᠨ ᠬᠠᠷᠠᠭᠳᠠᠵᠤ᠂ ᠵᠠᠷᠢᠮ ᠵᠠᠯᠠᠭᠤᠴᠤᠳ ᠴᠦ ᠮᠣᠷᠢ ᠤᠶᠠᠵᠤ᠂ ᠰᠣᠶᠢᠵᠤ ᠰᠣᠷᠢᠬᠤ ᠬᠠᠯᠠᠭᠤᠨ ᠲᠠᠢ ᠪᠣᠯᠪᠠ᠃

   ᠴᠠᠭ ᠦᠶ᠎ᠡ ᠠᠬᠢᠨ ᠨᠠᠭᠠᠰᠢᠯᠠᠵᠤ ᠪᠢ ᠰᠤᠷᠭᠠᠭᠤᠯᠢ ᠳᠤ ᠪᠠᠶᠢᠷᠢᠯᠠᠬᠤ ᠪᠣᠯᠵᠤ ᠰᠠᠷᠠᠲᠤ ᠬᠡᠭᠡᠷ ᠲᠠᠢ ᠬᠠᠮᠲᠤ ᠪᠠᠶᠢᠬᠤ ᠴᠠᠭ ᠴᠥᠭᠡᠷᠡᠭᠰᠡᠨ ᠴᠦ  ᠴᠢᠯᠦᠭᠡ

ᠲᠠᠷᠬᠠᠭᠠᠯᠲᠠ ᠪᠠᠷ ᠬᠠᠷᠢᠬᠤ ᠪᠣᠯᠭᠠᠨ ᠰᠠᠷᠠᠲᠤ ᠬᠡᠭᠡᠷ ᠮᠢᠨᠢ ᠣᠷᠣᠯᠳᠣᠭᠠᠨ ᠤ ᠲᠡᠷᠢᠭᠦᠨ ᠭᠡᠵᠦ ᠡᠶᠢᠮᠦ ᠪᠠᠶᠢᠳᠠᠭ ᠭᠡᠰᠡᠨ ᠰᠢᠭ ᠤᠶᠠᠭᠠᠨ ᠳᠡᠭᠡᠷ᠎ᠡ ᠵᠢᠷᠤᠭ ᠤᠨ ᠶᠤᠮ

ᠰᠢᠭ᠋ ᠵᠢᠪᠬᠤᠭᠠᠯᠢᠭ ᠰᠣᠷᠲᠣᠯᠵᠠᠨ ᠤᠨᠠᠭᠠᠨ ᠲᠠᠭᠤᠨ ᠢᠶᠠᠷ ᠦᠦᠷᠰᠡᠨ ᠤᠭᠲᠤᠳᠠᠭ᠃

   ᠨᠢᠭᠡᠨ ᠡᠳᠦᠷ ᠰᠤᠷᠭᠠᠭᠤᠯᠢ ᠶᠢᠨ ᠬᠦᠷᠢᠶᠡᠨ ᠳᠤ ᠮᠠᠨ ᠤ ᠰᠠᠷᠠᠲᠤ ᠬᠡᠭᠡᠷ ᠶᠠᠮᠠᠷ ᠨᠢᠭᠡᠨ ᠨᠠᠶᠢᠷ ᠲᠤ ᠲᠡᠷᠢᠭᠦᠯᠡᠭᠰᠡᠨ ᠴᠦ ᠠᠵᠠ ᠦᠭᠡᠶᠢᠳᠡᠵᠦ ᠤᠴᠢᠷ ᠭᠠᠷᠤᠭᠰᠠᠨ

ᠭᠡᠬᠦ ᠮᠡᠲᠦ ᠪᠠᠷ ᠢᠪᠢᠷ ᠰᠢᠪᠡᠷ ᠬᠡᠯᠡᠯᠴᠡᠬᠦ ᠶᠢ ᠵᠠᠬ᠎ᠠ ᠵᠤᠬ᠎ᠠ ᠠᠴᠠ ᠨᠢ ᠰᠣᠨᠣᠰᠤᠭᠰᠠᠨ ᠴᠦ ᠨᠠᠷᠢᠨ ᠤᠴᠢᠷ ᠢ ᠮᠡᠳᠡᠭᠰᠡᠨ ᠦᠭᠡᠢ᠂ ᠮᠡᠳᠡᠭᠦ ᠶᠢ ᠴᠦ ᠳᠤᠷᠠᠯᠠᠭᠰᠠᠨ

ᠦᠭᠡᠢ᠃

   ᠵᠣᠨ ᠤ ᠠᠮᠠᠷᠠᠯᠲᠠ ᠪᠠᠷ ᠭᠡᠷ ᠲᠡᠭᠡᠨ ᠬᠠᠷᠢᠬᠤ ᠳᠤ ᠤᠶᠠᠭᠠᠨ ᠳᠡᠭᠡᠷ᠎ᠡ ᠠᠴᠠ ᠤᠭᠲᠤᠨ ᠦᠦᠷᠰᠡᠳᠡᠭ ᠰᠠᠷᠠᠲᠤ ᠬᠡᠭᠡᠷ ᠬᠠᠷᠠᠭᠳᠠᠭᠰᠠᠨ ᠦᠭᠡᠢ᠂ ᠪᠢ ᠬᠠᠳᠠᠪᠴᠢ

ᠠᠯᠬᠤᠨ ᠣᠷᠣᠩᠭᠤᠲᠠ ᠲᠤᠯᠭᠠᠨ ᠵᠠᠬ᠎ᠠ ᠳᠤ ᠪᠠᠶᠢᠭᠰᠠᠨ ᠡᠵᠢ ᠠᠴᠠ᠄

-  ᠰᠠᠷᠠᠲᠤ ᠬᠡᠭᠡᠷ ᠬᠠᠮᠢᠭ᠎ᠠ ᠪᠠᠶᠢᠬᠤ ᠪᠤᠢ︖ ᠭᠡᠵᠦ ᠰᠣᠴᠢᠮᠠᠭ ᠠᠰᠠᠭᠤᠬᠤ ᠳᠤ ᠡᠵᠢ ᠶᠠᠭᠤ ᠴᠦ ᠳᠤᠤᠭᠠᠷᠤᠭᠰᠠᠨ ᠦᠭᠡᠢ᠂ ᠨᠠᠳᠠ ᠠᠴᠠ ᠬᠠᠷᠠᠴᠠ ᠪᠠᠨ

ᠰᠢᠯᠵᠢᠭᠦᠯᠦᠨ ᠲᠤᠯᠭᠠᠨ ᠳᠤ ᠠᠷᠭᠠᠯ ᠨᠡᠮᠡᠨ᠎ᠡ᠃ ᠳᠣᠲᠣᠷ᠎ᠠ ᠲᠠᠰᠤᠯᠭᠠᠨ ᠳᠤ ᠲᠠᠮᠠᠬᠢᠯᠠᠵᠤ ᠪᠠᠶᠢᠭᠰᠠᠨ ᠠᠪᠤ ᠥᠯᠥ ᠮᠡᠳᠡᠭ ᠲᠣᠭᠤᠯᠳᠠᠨ ᠠᠯᠬᠤᠵᠤ ᠬᠠᠨᠵᠤᠨ

ᠬᠥᠪᠡᠭᠡᠨ ᠳᠤ ᠢᠷᠮᠡᠭᠳᠡᠨ ᠰᠠᠭᠤᠵᠤ᠄

-  ᠮᠢᠨᠤ ᠠᠯᠪᠠ ᠬᠠᠭᠠᠵᠤ ᠪᠠᠶᠢᠭᠰᠠᠨ ᠴᠡᠷᠢᠭ ᠠᠩᠭᠢ ᠶᠢᠨ ᠬᠢᠨᠢ ᠠᠭᠲᠠ ᠠᠪᠬᠤ ᠶᠤᠮ ᠭᠡᠨ᠎ᠡ᠃ ᠲᠡᠭᠡᠭᠡᠳ ᠬᠤᠳᠠᠯᠳᠤᠭᠰᠠᠨ ᠶᠤᠮ ᠭᠡᠵᠦ ᠬᠠᠶᠢᠩᠭᠤ  ᠬᠡᠯᠡᠵᠦ 

ᠴᠣᠩᠬᠤ ᠪᠠᠷ  ᠠᠯᠤᠰ ᠤᠨ  ᠠᠭᠤᠯᠠ ᠶᠢᠨ  ᠬᠢᠷ᠎ᠠ  ᠳᠡᠭᠡᠷ᠎ᠡ ᠠᠴᠠ ᠰᠠᠷᠠᠲᠤ ᠬᠡᠭᠡᠷ ᠢᠶᠠᠨ ᠣᠯᠣᠭᠠᠳ ᠬᠠᠷᠠᠭᠰᠠᠨ ᠰᠢᠭ᠋  ᠮᠡᠯᠡᠷᠡᠨ ᠰᠢᠷᠳᠡᠨ᠎ᠡ᠃

  ᠦᠳᠡᠰᠢ ᠨᠢ ᠪᠢ ᠨᠢᠭᠡᠨ ᠵᠡᠭᠦᠳᠦ ᠵᠡᠭᠦᠳᠦᠯᠡᠪᠡ᠃

  ᠪᠢ ᠲᠣᠮᠣ ᠪᠣᠯᠣᠭᠠᠳ ᠠᠷᠠᠳ ᠤᠨ ᠴᠡᠷᠢᠭ ᠲᠤ ᠣᠷᠣᠵᠤ ᠬᠢᠯᠢ ᠶᠢᠨ ᠪᠠᠭᠠᠨ᠎ᠠ ᠶᠢᠨ ᠳᠡᠷᠭᠡᠳᠡ ᠰᠠᠷᠠᠲᠤ ᠬᠡᠭᠡᠷ ᠤᠨ ᠢᠶᠠᠨ ᠮᠤᠨᠳᠠᠭ᠎ᠠ ᠲᠥᠰᠢᠨ ᠡᠬᠡ ᠨᠤᠲᠤᠭ

ᠵᠦᠭ ᠢᠶᠠᠨ ᠳᠤᠷᠠᠨᠳᠠᠬᠤ ᠳᠤ ᠰᠠᠷᠠᠲᠤ ᠬᠡᠭᠡᠷ ᠬᠠᠩᠭᠢᠨᠠᠲᠠᠯ᠎ᠠ ᠦᠦᠷᠰᠡᠯ᠎ᠡ᠃

 

ᠢᠷᠡᠯᠲᠡ᠄ ᠳᠣᠮᠳᠠᠳᠣ ᠣᠯᠣᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ