ᠠᠷᠭᠠᠢ ᠨᠠᠭᠠᠳᠤᠮ ᠤᠨ ᠤᠯᠠᠮᠵᠢᠯᠠᠯ ᠪᠠ ᠬᠥᠭᠵᠢᠭᠦᠯᠦᠯ
ᠨᠡᠶᠢᠲᠡᠯᠡᠭᠰᠡᠨ ᠴᠠᠭ᠄
2022/10/20
    ︽ᠠᠷᠭᠠᠢ︾ ᠭᠡᠵᠦ ᠠᠷᠢᠯᠭᠠᠵᠤ ᠵᠠᠰᠠᠭᠰᠠᠨ ᠦᠬᠡᠷ ᠤᠨ ᠱᠠᠭ᠎ᠠ ᠶᠢ ᠬᠡᠯᠡᠳᠡᠭ᠃ ᠤᠯᠠᠭᠠᠨᠬᠠᠳᠠ ᠬᠤᠳᠠ ᠶᠢᠨ ᠠᠷᠤ ᠬᠤᠷᠴᠢᠨ ᠬᠤᠰᠢᠭᠤ ᠨᠢ ᠠᠷᠪᠠᠨ ᠰᠤᠮᠤᠨ ᠤ ᠬᠤᠷᠢᠮ ᠤᠨ ᠶᠣᠰᠣᠯᠠᠯ᠂ ᠮᠣᠩᠭᠤᠯ ᠦᠨᠳᠦᠰᠦᠲᠡᠨ ᠤ ᠬᠠᠭᠠᠨ ᠣᠷᠳᠣᠨ ᠤ ᠬᠥᠭᠵᠢᠮ᠂ ᠬᠠᠰᠠᠭ ᠲᠡᠷᠭᠡ ᠥᠢᠯᠡᠳᠭᠦ ᠭᠠᠷ ᠤᠷᠠᠯᠠᠯ ᠁ ᠵᠡᠷᠭᠡ ᠥᠪᠡᠷᠮᠢᠴᠡ ᠲᠡᠦᠬᠡ ᠰᠣᠶᠣᠯ ᠠᠴᠠ ᠭᠠᠳᠠᠨ᠎ᠠ᠂ ᠠᠷᠭᠠᠢ ᠨᠠᠭᠠᠳᠤᠮ ᠤᠨ ᠰᠣᠶᠣᠯ ᠢᠶᠠᠷ ᠢᠶᠠᠨ ᠬᠤᠯᠠ ᠣᠶᠢᠷ᠎ᠠ ᠳᠠᠭᠠᠨ ᠠᠯᠳᠠᠷᠰᠢᠭᠰᠠᠨ ᠪᠠᠶᠢᠳᠠᠭ᠃ ᠣᠶᠢᠷ᠎ᠠ ᠶᠢᠨ ᠵᠢᠯ ᠳᠤ᠂ ᠠᠷᠤ ᠬᠤᠷᠴᠢᠨᠴᠤᠳ ᠠᠷᠭᠠᠢ ᠨᠠᠭᠠᠳᠤᠮ ᠤᠨ ᠲᠡᠦᠬᠡ ᠰᠣᠶᠣᠯ ᠢᠶᠠᠨ ᠤᠯᠠᠮ ᠴᠠᠭᠠᠰᠢᠳᠠ ᠠᠭᠤᠳᠠᠯᠵᠤ᠂ ᠪᠦᠲᠦᠮᠵᠢᠳᠡᠢ ᠬᠠᠮᠠᠭᠠᠯᠠᠯᠲᠠ ᠶᠢᠨ ᠠᠷᠭ᠎ᠠ ᠬᠡᠮᠵᠢᠶ᠎ᠡ ᠠᠪᠴᠤ᠂ ᠥᠪ ᠰᠣᠶᠣᠯ ᠤᠨ ᠦᠨᠡᠲᠦ ᠡᠷᠳᠡᠨᠢ ᠪᠣᠯᠤᠭᠰᠠᠨ ᠠᠷᠭᠠᠢ ᠨᠠᠭᠠᠳᠤᠮ ᠢᠶᠠᠨ ᠠᠪᠤᠷᠠᠨ ᠬᠠᠮᠠᠭᠠᠯᠠᠵᠤ᠂ ᠤᠯᠠᠮᠵᠢᠯᠠᠨ ᠬᠥᠭᠵᠢᠭᠦᠯᠬᠦ ᠶᠢᠨ ᠲᠥᠯᠥᠭᠡ ᠬᠦᠴᠦ ᠨᠢᠭᠡᠳᠦᠨ ᠴᠢᠷᠮᠠᠶᠢᠵᠠᠭᠠᠵᠤ ᠪᠤᠢ᠃        ᠰᠣᠶᠣᠯ ᠲᠡᠦᠬᠡ ᠶᠢᠨ ᠬᠤᠪᠣᠷ ᠦᠯᠡᠳᠡᠭᠳᠡᠯ      ᠬᠤᠯᠪᠣᠭᠳᠠᠯ ᠪᠦᠬᠦᠢ ᠲᠡᠦᠬᠡ ᠶᠢᠨ ᠪᠢᠴᠢᠭ ᠮᠠᠲ᠋ᠧᠷᠢᠶᠠᠯ ᠳᠤ ᠲᠡᠮᠳᠡᠭᠯᠡᠭᠰᠡᠨ ᠢ ᠦᠨᠳᠦᠰᠦᠯᠡᠪᠡᠯ᠂ ᠪᠠᠭ᠎ᠠ ᠨᠠᠰᠤᠨ ᠤ ᠲᠡᠮᠦᠵᠢᠨ ᠪᠣᠯᠣᠨ ᠵᠠᠮᠤᠬ᠎ᠠ ᠬᠤᠶᠠᠭᠤᠯᠠ ᠮᠥᠰᠥᠨ ᠳᠡᠭᠡᠷ᠎ᠡ ᠱᠠᠭ᠎ᠠ ᠶᠢᠨ ᠲᠣᠭᠯᠠᠭᠠᠮ ᠢ ᠨᠠᠭᠠᠳᠴᠤ ᠪᠠᠶᠢᠭᠰᠠᠨ᠂ ᠮᠠᠨᠳᠤᠬᠠᠢ ᠰᠡᠴᠡᠨ ᠦᠨᠡᠨᠪᠣᠯᠣᠳ ᠬᠤᠶᠠᠭᠤᠯᠠ ᠠᠷᠭᠠᠢ ᠨᠠᠭᠠᠳᠤᠮ ᠤᠨ ᠲᠠᠯᠠᠪᠠᠢ ᠳᠤ ᠲᠠᠨᠢᠯᠴᠠᠭᠰᠠᠨ ᠭᠡᠯᠴᠡᠳᠡᠭ᠃ ᠲᠡᠦᠬᠡᠨ ᠮᠠᠲ᠋ᠧᠷᠢᠶᠠᠯ᠂ ᠪᠢᠴᠢᠭ ᠰᠤᠳᠤᠷ ᠲᠤ ᠮᠥᠰᠥᠨ ᠳᠡᠭᠡᠷᠡᠬᠢ ᠠᠷᠭᠠᠢ ᠨᠠᠭᠠᠳᠤᠮ ᠪᠣᠯ ᠮᠣᠩᠭᠤᠯᠴᠤᠳ ᠤᠨ ᠥᠨᠢ ᠤᠳᠠᠭᠠᠨ ᠲᠡᠦᠬᠡ ᠲᠠᠢ ᠪᠡᠶ᠎ᠡ ᠶᠢᠨ ᠲᠠᠮᠢᠷ ᠤᠨ ᠬᠥᠳᠡᠯᠭᠡᠭᠡᠨ ᠤ ᠲᠦᠷᠦᠯ ᠵᠦᠢᠯ ᠤᠨ ᠨᠢᠭᠡ ᠨᠢ ᠪᠣᠯᠣᠨ᠎ᠠ ᠭᠡᠵᠦ ᠲᠡᠮᠳᠡᠭᠯᠡᠵᠦ ᠪᠠᠶᠢᠳᠠᠭ᠃      ︽ᠠᠷᠭᠠᠢ ᠨᠠᠭᠠᠳᠤᠮ ᠣᠳᠣᠬᠠᠨ ᠳᠤ ᠠᠷᠤ ᠬᠤᠷᠴᠢᠨ ᠬᠤᠰᠢᠭᠤᠨ ᠤ ᠬᠠᠨᠰᠦ᠋ᠮ᠎ᠠ ᠰᠤᠮᠤᠨ ᠤ ᠠᠮᠠᠰᠠᠷ ᠪᠣᠯᠣᠨ ᠪᠣᠷᠣᠬᠤᠲᠠ ᠬᠤᠶᠠᠷ ᠭᠠᠴᠠᠭᠠᠨ ᠤ ᠮᠠᠯᠴᠢᠳ ᠤᠨ ᠳᠤᠮᠳᠠ ᠤᠯᠠᠮᠵᠢᠯᠠᠭᠳᠠᠵᠤ ᠪᠤᠢ︾ ᠭᠡᠵᠦ ᠠᠷᠤ ᠬᠤᠷᠴᠢᠨ ᠬᠤᠰᠢᠭᠤ ᠶᠢᠨ ᠰᠣᠶᠣᠯ ᠪᠡᠶ᠎ᠡ ᠶᠢᠨ ᠲᠠᠮᠢᠷ ᠷᠠᠳᠢᠣ᠋ ᠲᠧᠯᠸᠢᠰ ᠲᠣᠪᠴᠢᠶ᠎ᠠ ᠶᠢᠨ ᠬᠠᠷᠢᠭᠤᠴᠠᠯᠭᠠᠲᠠᠨ ᠪᠥᠬᠡᠪᠠᠭᠠᠲᠤᠷ ᠲᠠᠨᠢᠯᠴᠠᠭᠤᠯᠤᠭᠰᠠᠨ ᠪᠠᠶᠢᠨ᠎ᠠ᠃ ᠲᠡᠭᠦᠨ ᠤ ᠬᠠᠩᠭᠠᠭᠰᠠᠨ ᠮᠡᠲ᠋ᠧᠷᠢᠶᠠᠯ ᠢ ᠦᠨᠳᠦᠰᠦᠯᠡᠪᠡᠯ᠂ ᠲᠡᠦᠬᠡᠨ ᠳᠡᠭᠡᠷᠡᠬᠢ ᠠᠷᠤ ᠬᠤᠷᠴᠢᠨᠴᠤᠳ ᠪᠣᠯ ᠴᠢᠩᠭᠢᠰ ᠬᠠᠭᠠᠨ ᠤ ᠲᠥᠷᠥᠭᠰᠡᠨ ᠳᠡᠭᠦᠦ ᠬᠠᠪᠤᠲᠤ ᠬᠠᠰᠠᠷ ᠤᠨ ᠦᠷ᠎ᠡ ᠬᠤᠶᠢᠴᠢᠰ ᠪᠣᠯᠣᠨ᠎ᠠ᠃ 1546 ᠣᠨ ᠳᠤ᠂ ᠬᠠᠰᠠᠷ ᠤᠨ ᠦᠷ᠎ᠡ ᠬᠤᠶᠢᠴᠢᠰ ᠬᠥᠯᠥᠨ ᠪᠤᠶᠢᠷ ᠤᠨ ᠴᠢᠭᠤᠯᠭᠠᠨ ᠤ ᠬᠠᠶᠢᠯᠠᠷ ᠭᠤᠣᠯ ᠣᠷᠴᠢᠮ ᠤᠨ ᠠᠷᠤ ᠬᠤᠷᠴᠢᠨ ᠠᠶᠢᠮᠠᠭ ᠲᠤ ᠰᠠᠭᠤᠷᠢᠰᠢᠵᠤ᠂ ᠠᠬᠠᠯᠠᠭᠴᠢ ᠬᠥᠨᠳᠡᠯᠡᠨ ᠳᠠᠶᠢᠴᠢᠩ ᠤᠨ ᠳᠠᠭᠠᠭᠤᠯᠭ᠎ᠠ ᠳᠣᠣᠷ᠎ᠠ ᠡᠮᠦᠨᠡᠰᠢ ᠨᠡᠭᠦᠳᠡᠯᠯᠡᠵᠦ ᠣᠳᠣ ᠶᠢᠨ ᠡᠨᠡ ᠨᠤᠲᠤᠭ ᠲᠤ ᠢᠷᠡᠵᠦ ᠨᠤᠲᠤᠭᠯᠠᠵᠠᠢ᠃ ︽ᠴᠢᠩ ᠤᠯᠤᠰ ᠤᠨ ᠦᠶ᠎ᠡ ᠳᠤ ᠠᠷᠤ ᠬᠤᠷᠴᠢᠨ ᠬᠤᠰᠢᠭᠤ ᠶᠢ ᠪᠠᠶᠢᠭᠤᠯᠵᠤ᠂ ᠵᠣᠣ ᠤᠳᠠ ᠠᠶᠢᠮᠠᠭ ᠲᠤ ᠬᠠᠷᠢᠶᠠᠯᠠᠬᠳᠠᠭᠤᠯᠪᠠ︾ ᠭᠡᠵᠦ ᠲᠣᠳᠣᠷᠬᠠᠶᠢᠯᠠᠵᠤ ᠪᠠᠶᠢᠯ᠎ᠠ᠃
default2020-05-13-0588b7e7c9-1bc6-4e88-b2be-6c8f01fa8a79.jpg
     ᠠᠷᠤ ᠬᠤᠷᠴᠢᠨ ᠬᠤᠰᠢᠭᠤ ᠨᠢ ᠮᠠᠨ ᠤ ᠣᠷᠣᠨ ᠤ ᠳᠤᠮᠳᠠ ᠬᠡᠰᠡᠭ᠂ ᠤᠯᠠᠭᠠᠨᠬᠠᠳᠠ ᠬᠤᠲᠠ ᠶᠢᠨ ᠵᠡᠭᠦᠨ ᠬᠤᠶᠢᠲᠤ ᠬᠡᠰᠡᠭ ᠲᠤ ᠪᠠᠶᠢᠷᠢᠯᠠᠵᠤ ᠪᠠᠶᠢᠳᠠᠭ᠃ ᠵᠡᠭᠦᠨᠰᠢ ᠪᠠᠨ ᠲᠦᠩᠯᠢᠶᠣᠣ ᠬᠤᠲᠠ ᠶᠢᠨ ᠵᠠᠷᠤᠳ ᠬᠤᠰᠢᠭᠤ ᠲᠠᠢ ᠭᠦᠷᠰᠢᠯᠡᠨ᠎ᠡ; ᠡᠮᠦᠨᠡᠰᠢ ᠪᠠᠨ ᠤᠯᠠᠭᠠᠨᠬᠠᠳᠠ ᠬᠤᠲᠠ ᠶᠢᠨ ᠣᠩᠨᠢᠭᠤᠳ ᠬᠤᠰᠢᠭᠤ ᠪᠣᠯᠣᠨ ᠲᠦᠩᠯᠢᠶᠣᠣ ᠬᠤᠲᠠ ᠶᠢᠨ ᠺᠠᠶᠢᠯᠤ ᠰᠢᠶᠠᠨ ᠤ ᠬᠠᠷᠢᠶᠠᠨ ᠳᠠᠬᠢ ᠰᠢᠷᠠᠮᠦᠷᠡᠨ ᠭᠤᠣᠯ ᠪᠣᠯᠣᠨ ᠲᠠᠢ ᠾᠧ ᠭᠤᠣᠯ ᠤᠨ ᠬᠠᠭᠤᠴᠢᠨ ᠤᠷᠤᠰᠬᠠᠯ ᠤᠨ ᠵᠠᠭᠠᠭ ᠲᠠᠢ ᠨᠢᠭᠤᠷᠯᠠᠵᠤ᠂ ᠪᠠᠷᠠᠭᠤᠨᠰᠢ ᠪᠠᠨ ᠤᠯᠠᠭᠠᠨᠬᠠᠳᠠ ᠬᠤᠲᠠ ᠶᠢᠨ ᠪᠠᠭᠠᠷᠢᠨ ᠵᠡᠭᠦᠨ ᠬᠤᠰᠢᠭᠤ᠂ ᠪᠠᠭᠠᠷᠢᠨ ᠪᠠᠷᠠᠭᠤᠨ ᠬᠤᠰᠢᠭᠤ ᠲᠠᠢ ᠵᠠᠬ᠎ᠠ ᠨᠡᠶᠢᠯᠡᠵᠦ ᠪᠠᠶᠢᠨ᠎ᠠ; ᠤᠮᠠᠷᠠᠰᠢ ᠪᠠᠨ ᠰᠢᠯᠢ ᠶᠢᠨ ᠭᠤᠣᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤ᠂ ᠵᠡᠭᠦᠨ ᠦᠵᠦᠮᠦᠴᠢᠨ ᠬᠤᠰᠢᠭᠤ ᠲᠠᠢ ᠵᠠᠬ᠎ᠠ ᠨᠡᠶᠢᠯᠡᠵᠦ ᠤᠯᠠᠨ ᠨᠤᠲᠤᠭ ᠤᠨ ᠰᠣᠶᠣᠯ ᠤᠨ ᠨᠥᠯᠥᠭᠡ ᠶᠢ ᠭᠥᠷᠳᠡᠭᠰᠡᠨ ᠥᠩᠭᠡ ᠢᠯᠭᠠᠷᠠᠮ᠎ᠠ ᠰᠣᠶᠣᠯ ᠤᠷᠠᠯᠢᠭ ᠢ ᠪᠦᠷᠢᠯᠳᠦᠭᠦᠯᠦᠭᠰᠡᠨ ᠪᠠᠶᠢᠳᠠᠭ᠃      ᠮᠥᠰᠥᠨ ᠳᠡᠭᠡᠷᠡᠬᠢ ᠠᠷᠭᠠᠢ ᠨᠠᠭᠠᠳᠤᠮ ᠪᠣᠯ ᠮᠣᠩᠭᠤᠯ ᠦᠨᠳᠦᠰᠦᠲᠡᠨ ᠤ ᠡᠷᠲᠡᠨ ᠤ ᠮᠥᠰᠥᠨ ᠳᠡᠭᠡᠷᠡᠬᠢ ᠲᠠᠮᠢᠷ ᠤᠨ ᠬᠥᠳᠡᠯᠭᠡᠭᠡᠨ ᠪᠣᠯᠣᠨ᠎ᠠ᠃ ᠠᠷᠤ ᠬᠤᠷᠴᠢᠨ ᠬᠤᠰᠢᠭᠤᠨ ᠳᠤ ᠳᠡᠯᠭᠡᠷᠡᠭᠰᠡᠨ ᠮᠥᠰᠥᠨ ᠳᠡᠭᠡᠷᠡᠬᠢ ᠠᠷᠭᠠᠢ ᠨᠠᠭᠠᠳᠤᠮ ᠨᠢ ᠪᠦᠬᠦᠶᠢᠯᠡ ᠦᠨᠳᠦᠰᠦᠲᠡᠨ ᠤ ᠨᠡᠶᠢᠲᠡᠯᠢᠭ ᠰᠢᠨᠵᠢ ᠲᠠᠢ ᠮᠥᠷᠲᠡᠭᠡᠨ ᠢᠯᠡ ᠲᠣᠳᠣ ᠣᠷᠣᠨ ᠨᠤᠲᠤᠭ ᠤᠨ ᠥᠩᠭᠡ ᠪᠤᠳᠤᠭ ᠲᠠᠢ ᠪᠠᠶᠢᠳᠠᠭ᠃ ᠠᠷᠭᠠᠢ ᠬᠢᠬᠦ ᠳᠤ ᠦᠬᠡᠷ ᠤᠨ ᠱᠠᠭ᠎ᠠ ᠶᠢᠨ ᠮᠢᠬ᠎ᠠ ᠠᠷᠠᠰᠤ ᠪᠠ ᠳᠤᠰᠤᠨ ᠬᠠᠭ ᠢ ᠨᠢ ᠠᠪᠴᠤ ᠬᠠᠶᠠᠭᠠᠳ ᠭᠦᠳᠦᠭᠦᠷ ᠲᠠᠯ᠎ᠠ ᠪᠠ ᠬᠤᠲᠣᠭᠤᠷ ᠲᠠᠯ᠎ᠠ ᠶᠢ ᠨᠢ ᠬᠤᠰᠤᠵᠤ ᠲᠡᠭᠰᠢᠯᠡᠭᠡᠳ ᠪᠦᠲᠦᠭᠡᠭᠰᠡᠨ ᠪᠠᠶᠢᠲᠠᠭ; ᠬᠤᠲᠣᠭᠤᠷ ᠭᠠᠳᠠᠷᠭᠤ ᠳᠤᠨᠢ ᠨᠦᠬᠡ ᠴᠣᠭᠤᠯᠵᠤ᠂ ᠲᠤᠭᠤᠯᠭᠠᠨ ᠤᠰᠤ ᠣᠷᠣᠭᠤᠯᠵᠤ ᠬᠦᠨᠳᠦ ᠶᠢᠨ ᠬᠡᠮᠵᠢᠶ᠎ᠡ ᠶᠢ ᠨᠢ ᠨᠡᠮᠡᠭᠳᠡᠭᠦᠯᠳᠡᠭ᠃ ᠠᠷᠭᠠᠢ ᠨᠠᠭᠠᠳᠤᠮ ᠢ ᠮᠥᠰᠥᠨ ᠳᠡᠭᠡᠷ᠎ᠡ ᠲᠣᠭᠯᠠᠬᠤ ᠳᠠᠭᠠᠨ ᠭᠦᠳᠦᠭᠦᠷ ᠲᠠᠯ᠎ᠠ ᠶᠢ ᠎ ᠨᠢ ᠳᠡᠭᠡᠭᠰᠢ ᠬᠠᠨᠳᠤᠭᠤᠯᠤᠨ ᠪᠠᠷᠢᠵᠤ᠂ ᠡᠷᠡᠬᠡᠢ ᠬᠤᠷᠤᠭᠤ ᠪᠠ ᠳᠣᠯᠢᠶᠠᠪᠤᠷ ᠬᠤᠷᠤᠭᠤ ᠪᠠᠷ ᠢᠶᠠᠨ ᠬᠤᠯᠠ ᠶᠢ ᠵᠣᠷᠢᠵᠤ᠂ ᠬᠠᠷᠠᠯᠲᠠ ᠪᠣᠯᠭᠠᠨ ᠠᠷᠭᠠᠢ ᠪᠣᠯᠭᠠᠨ ᠰᠢᠳᠡᠳᠡᠭ᠃ ᠨᠥᠭᠦᠭᠡ ᠨᠢᠭᠡ ᠠᠷᠭᠠᠢ ᠨᠢ ᠬᠠᠷᠠᠯᠲᠠ ᠲᠠᠢ ᠪᠠᠷ ᠰᠤᠮᠤ ᠪᠠᠨ ᠣᠨᠢᠯᠠᠵᠤ ᠰᠢᠳᠠᠵᠥ ᠶᠠᠪᠤᠭᠤᠯᠤᠭᠰᠠᠨ ᠠᠷᠭᠠᠢ ᠶᠢ ᠣᠨᠣᠭᠠᠭᠰᠠᠨ ᠪᠣᠯ ᠢᠯᠠᠭᠰᠠᠨ ᠳᠤ ᠲᠣᠭᠠᠴᠢᠭᠳᠠᠨ᠎ᠠ᠃ ᠡᠶᠢᠮᠦ ᠠᠴᠠ ᠲᠡᠭᠦᠨ ᠢ ᠪᠠᠰᠠ ︽ᠠᠷᠭᠠᠢ ᠬᠠᠷᠪᠤᠬᠤ︾ ᠭᠡᠳᠡᠭ᠃ ᠬᠤᠶᠠᠷ ᠬᠥᠮᠥᠨ ᠪᠠᠶᠢᠳᠠᠭ ᠯᠠ ᠶᠤᠮ ᠪᠣᠯ ᠡᠨᠡ ᠲᠣᠭᠯᠠᠭᠠᠮ ᠵᠠᠪᠤᠬᠲᠠᠵᠦ ᠲᠡᠶᠢᠯᠦᠨ᠎ᠡ; ᠬᠥᠮᠥᠨ ᠣᠯᠠᠨ ᠦᠶ᠎ᠡ ᠳᠤ ᠨᠠᠩ ᠭᠦᠷ ᠬᠥᠭᠵᠢᠶᠡᠨ ᠲᠠᠢ ᠪᠤᠯᠳᠠᠬ᠃ ᠤᠷᠤᠯᠳᠤᠭᠠᠨ ᠤ ᠳ᠋ᠦᠩ ᠳᠤ᠂ ᠢᠯᠠᠭᠳᠠᠭᠰᠠᠳ ᠬᠤᠨᠢ᠂ ᠢᠮᠠᠭᠠᠨ ᠤ ᠱᠠᠭ᠎ᠠ ᠪᠠᠨ ᠱᠦᠭᠦᠭᠳᠡᠳᠡᠭ ᠪᠠᠶᠢᠨ᠎ᠠ᠃      ᠮᠣᠩᠭᠤᠯᠴᠤᠳ ᠦᠬᠡᠷ ᠬᠤᠨᠢ ᠨᠢᠲᠤᠯᠬᠤ ᠪᠤᠶᠤ ᠠᠩ ᠭᠥᠷᠥᠭᠡᠰᠦ ᠠᠩᠨᠠᠬᠤ ᠳᠠᠭᠠᠨ ᠱᠠᠭ᠎ᠠ ᠶᠢ ᠨᠢ ᠬᠢᠮᠠᠭᠠᠳᠠᠨ ᠬᠠᠳᠠᠭᠠᠯᠠᠵᠤ᠂ ᠳᠡᠭᠡᠷᠡᠬᠢ ᠰᠢᠷᠪᠦᠰᠦ ᠪᠣᠯᠣᠨ ᠮᠢᠬ᠎ᠠ ᠶᠢ ᠨᠢ ᠬᠤᠰᠤᠵᠤ᠂ ᠲᠤᠰᠤᠨ ᠤ ᠭᠬᠢᠷ ᠪᠤᠷᠲᠠᠭ ᠢ ᠠᠷᠢᠯᠭᠠᠨ᠂ ᠨᠢᠭᠡ ᠵᠦᠢᠯ ᠤᠨ ᠲᠣᠭᠯᠠᠭᠠᠮ ᠪᠣᠯᠭᠠᠳᠠᠭ᠃ ᠠᠷᠭᠠᠢ ᠤᠷᠤᠯᠳᠤᠬᠤ ᠦᠶ᠎ᠡ ᠳᠤ ᠦᠬᠡᠷ ᠪᠤᠶᠤ ᠪᠤᠭᠤ ᠶᠢᠨ ᠱᠠᠭ᠎ᠠ ᠶᠢ ᠰᠣᠩᠭᠤᠳᠠᠭ᠃ ᠪᠣᠳᠠᠲᠠᠢ ᠪᠠᠷ ᠬᠡᠯᠡᠪᠡᠯ᠂ ᠱᠠᠭ᠎ᠠ ᠶᠠᠰᠤᠨ ᠤ ᠳᠡᠭᠡᠷ᠎ᠡ ᠳᠣᠣᠷ᠎ᠠ ᠲᠠᠯ᠎ᠠ ᠶᠢ ᠵᠣᠷᠭᠤᠵᠤ᠂ ᠬᠡᠩᠭᠡᠷᠭᠡᠨ ᠳᠡᠭᠡᠷ᠎ᠡ ᠨᠢ ᠵᠢᠵᠢᠭ ᠨᠦᠬᠡ ᠭᠠᠷᠭᠠᠵᠤ᠂ ᠲᠤᠭᠤᠯᠭᠠᠨ ᠤᠰᠤ ᠴᠢᠳᠬᠤᠵᠤ᠂ ᠬᠦᠨᠳᠦ ᠶᠢ ᠨᠢ ᠳᠡᠭᠡᠭᠰᠢᠯᠡᠭᠦᠯᠦᠨ᠎ᠡ᠃ ᠢᠩᠭᠢᠪᠡᠯ ᠮᠥᠰᠥᠨ ᠭᠠᠳᠠᠷᠭᠤ ᠳᠡᠭᠡᠷ᠎ᠡ ᠡᠷᠭᠢᠯᠳᠦᠨ ᠭᠤᠯᠭᠤᠬᠤ ᠦᠶᠡᠰ ᠨᠡᠯᠢᠶᠡᠳ ᠬᠤᠷᠳᠤᠨ ᠪᠠᠶᠢᠳᠠᠭ ᠪᠥᠭᠡᠳ ᠬᠠᠷᠪᠤᠬᠤ ᠳᠤ ᠣᠨᠣᠪᠴᠢᠲᠠᠶ ᠪᠣᠯᠭᠠᠳᠠᠭ᠃ ᠭᠡᠲᠡᠯ᠎ᠡ ᠲᠡᠳᠡᠭᠡᠷ ᠵᠢᠵᠢᠭ ᠱᠠᠭ᠎ᠠ ᠨᠢ ᠬᠠᠷᠢᠨ ᠤᠤᠯ ᠤᠨ ᠶᠠᠩᠵᠤ ᠪᠠᠨ ᠬᠠᠳᠠᠭᠠᠯᠠᠳᠠᠭ ᠪᠠᠶᠢᠨ᠎ᠠ᠃      ᠥᠪᠡᠷᠮᠢᠴᠡ ᠣᠨᠴᠠᠯᠢᠭ ᠲᠠᠢ ᠪᠡᠶ᠎ᠡ ᠶᠢᠨ ᠲᠠᠮᠢᠷ      ︽ᠮᠥᠰᠥᠨ ᠳᠡᠭᠡᠷᠡᠬᠢ ᠠᠷᠭᠠᠢ ᠨᠠᠭᠠᠳᠤᠮ ᠪᠣᠯ ᠮᠣᠩᠭᠤᠯ ᠦᠨᠳᠦᠰᠦᠲᠡᠨ ᠤ ᠡᠷᠲᠡᠨ ᠤ ᠮᠥᠰᠥᠨ ᠳᠡᠭᠡᠷᠡᠬᠢ ᠲᠠᠮᠢᠷ ᠤᠨ ᠬᠥᠳᠡᠯᠭᠡᠭᠡᠨ ᠤ ᠲᠦᠷᠦᠯ ᠵᠦᠢᠯ ᠪᠣᠯᠣᠨ᠎ᠠ᠃ ᠲᠡᠭᠦᠨ ᠤ ᠪᠤᠢ ᠪᠣᠯᠤᠭᠰᠠᠨ ᠣᠨ ᠵᠢᠯ ᠪᠠ ᠤᠯᠠᠮᠵᠢᠯᠠᠨ ᠵᠠᠯᠭᠠᠮᠵᠢᠯᠠᠭᠳᠠᠭᠰᠠᠨ ᠪᠠᠶᠢᠳᠠᠯ ᠢ ᠤᠳᠤ ᠪᠠᠰᠠ ᠨᠠᠷᠢᠨ ᠨᠢᠮᠪᠠᠢ ᠰᠢᠯᠭᠠᠨ ᠭᠡᠷᠡᠴᠢᠯᠡᠬᠦ ᠶᠢᠨ ᠠᠷᠭ᠎ᠠ ᠦᠭᠡᠢ ᠪᠠᠶᠢᠨ᠎ᠠ︾ ᠭᠡᠵᠦ ᠪᠥᠬᠡᠪᠠᠭᠠᠲᠤᠷ ᠲᠠᠶᠢᠯᠪᠤᠷᠢᠯᠠᠵᠤ ᠪᠢᠯᠡ᠃ ᠬᠤᠯᠪᠤ ᠊ᠬᠳᠠᠯ ᠪᠦᠬᠦᠢ ᠲᠡᠦᠬᠡᠨ ᠪᠢᠴᠢᠭ ᠲᠤ ᠲᠡᠮᠳᠡᠭᠯᠡᠭᠰᠡᠨ ᠢᠶᠠᠷ᠂ ᠴᠢᠩᠭᠢᠰ ᠬᠠᠭᠠᠨ ᠪᠠᠭ᠎ᠠ ᠶᠢᠨ ᠦᠶ᠎ᠡ ᠳᠡᠭᠡᠨ ᠵᠠᠮᠤᠬ᠎ᠠ ᠲᠠᠢ ᠬᠠᠷᠢᠯᠴᠠᠨ ᠵᠢᠵᠢᠭ ᠱᠠᠭ᠎ᠠ ᠪᠡᠯᠡᠭᠯᠡᠵᠦ ᠪᠠᠶᠢᠭᠰᠠᠨ ᠪᠥᠭᠡᠳ ᠣᠨᠣᠨ ᠭᠤᠣᠯ ᠤᠨ ᠮᠥᠰᠥᠨ ᠳᠡᠭᠡᠷ᠎ᠡ ᠨᠠᠭᠠᠳᠴᠤ᠂ ᠱᠠᠭ᠎ᠠ ᠬᠠᠷᠪᠤᠬᠤ ᠤᠷᠤᠯᠳᠤᠭᠠᠨ ᠶᠠᠪᠤᠭᠤᠯᠳᠠᠭ ᠪᠠᠶᠢᠵᠠᠢ; ᠠᠷᠪᠠᠨ ᠲᠠᠪᠤᠳᠤᠭᠠᠷ ᠵᠠᠭᠤᠨ ᠤ ᠳᠤᠮᠳᠠᠴᠢ ᠦᠶ᠎ᠡ ᠳᠤ ᠮᠣᠩᠭᠤᠯ ᠦᠨᠳᠦᠰᠦᠲᠡᠨ ᠤ ᠠᠯᠳᠠᠷᠲᠤ ᠤᠯᠤᠰ ᠲᠥᠷᠥᠴᠢᠨ ᠮᠠᠨᠳᠤᠬᠠᠢ ᠰᠡᠴᠡᠨ ᠬᠠᠳᠤᠨ᠂ ᠤᠷᠤᠭ ᠭᠤᠶᠤᠬᠴᠢ - ᠬᠤᠷᠴᠢᠨ ᠠᠶᠢᠮᠠᠭ ᠤᠨ ᠦᠨᠡᠨᠪᠣᠯᠣᠳ ᠲᠠᠢ ᠮᠥᠰᠥᠨ ᠳᠡᠭᠡᠷ᠎ᠡ ᠱᠠᠭ᠎ᠠ ᠬᠠᠷᠪᠤᠬᠤ ᠳᠠᠭᠠᠨ ᠲᠠᠨᠢᠯᠴᠠᠭᠰᠠᠨ ᠶᠤᠮ; ᠴᠢᠩᠭᠢᠰ ᠬᠠᠭᠠᠨ ᠤ ᠳᠡᠭᠦᠦ ᠬᠠᠪᠤᠲᠤ ᠬᠠᠰᠠᠷ ︽ᠮᠡᠷᠭᠡᠨ ᠬᠠᠷᠪᠤᠭᠠᠴᠢᠨ︾ ᠬᠡᠮᠡᠨ ᠠᠯᠳᠠᠷᠰᠢᠵᠤ᠂ ᠶᠡᠭᠡ ᠮᠣᠩᠭᠤᠯ ᠬᠠᠭᠠᠨᠲᠤ ᠤᠯᠤᠰ ᠢ ᠪᠠᠶᠢᠭᠤᠯᠬᠤ ᠳᠤ ᠭᠠᠷᠮᠠᠭᠠᠢ ᠭᠠᠪᠢᠶ᠎ᠠ ᠵᠢᠳᠬᠦᠯ ᠦᠵᠡᠭᠦᠯᠵᠦ ᠪᠠᠶᠢᠭᠰᠠᠨ ᠭᠡᠵᠦ ᠲᠣᠳᠣᠷᠬᠠᠢ ᠲᠡᠮᠳᠡᠭᠯᠡᠵᠦ ᠪᠠᠶᠢᠯ᠎ᠠ᠃      ᠠᠷᠭᠠᠢ ᠶᠢ ᠬᠠᠷᠪᠤᠬᠤ ᠳᠤ ᠡᠷᠡᠬᠡᠢ ᠬᠤᠷᠤᠭᠤᠨ ᠤ ᠬᠥᠳᠡᠯᠦᠯ ᠪᠠᠷᠢᠯ ᠨᠢ ᠨᠤᠮᠤ ᠬᠠᠷᠪᠤᠬᠤ ᠲᠠᠢ ᠠᠳᠠᠯᠢᠪᠲᠤᠷ ᠪᠠᠶᠢᠳᠠᠭ᠂ ᠡᠶᠢᠮᠦ ᠠᠴᠠ ᠮᠥᠰᠥᠨ ᠳᠡᠭᠡᠷᠡᠬᠢ ᠠᠷᠭᠠᠢ ᠨᠢ ᠰᠤᠷ ᠬᠠᠷᠪᠤᠬᠤ ᠨᠢᠭᠡ ᠵᠦᠢᠯ ᠤᠨ ᠦᠨᠳᠦᠰᠦᠨ ᠪᠣᠯᠪᠠᠰᠤᠷᠠᠯ ᠪᠠᠶᠢᠵᠤ ᠮᠡᠳᠡᠨ᠎ᠡ᠃ ᠬᠠᠪᠤᠲᠤ ᠬᠠᠰᠠᠷ ᠤᠨ ᠬᠤᠶᠢᠴᠢᠰ ᠪᠣᠯᠤᠭᠰᠠᠨ ᠤ ᠬᠤᠪᠢ ᠳᠤ᠂ ᠠᠷᠤ ᠬᠤᠷᠴᠢᠨ ᠬᠤᠰᠢᠭᠤᠨ ᠤ ᠮᠣᠩᠭᠤᠯᠴᠤᠳ ᠮᠡᠷᠭᠡᠨ ᠬᠠᠷᠪᠤᠭᠠᠴᠢ ᠶᠢᠨ ᠭᠧᠨ ᠢ ᠤᠯᠠᠮᠵᠢᠯᠠᠭᠰᠠᠨ ᠪᠥᠭᠡᠳ ᠮᠥᠰᠥᠨ ᠳᠡᠭᠡᠷᠡᠬᠢ ᠠᠷᠭᠠᠢ ᠨᠠᠭᠠᠳᠤᠮ ᠢ ᠲᠡᠷᠡ ᠬᠡᠪ ᠢᠶᠠᠷ ᠎ ᠨᠢ ᠥᠪᠯᠡᠨ ᠦᠯᠡᠳᠡᠭᠡᠭᠰᠡᠨ ᠶᠤᠮ᠃ ᠠᠷᠤ ᠬᠤᠷᠴᠢᠨ ᠬᠤᠰᠢᠭᠤᠨ ᠤ ᠠᠩᠬᠠᠳᠠᠭᠴᠢ ᠵᠠᠰᠠᠭ ᠨᠣᠶᠠᠨ ᠪᠣᠯ ᠲᠤᠬᠠᠢ ᠶᠢᠨ ᠦᠶ᠎ᠡ ᠶᠢᠨ ᠠᠯᠳᠠᠷᠲᠤ ᠰᠤᠷ ᠬᠠᠷᠪᠤᠭᠴᠢ ᠪᠠᠶᠢᠭᠰᠠᠨ ᠭᠡᠳᠡᠭ᠃ ᠪᠥᠬᠡᠪᠠᠭᠠᠲᠤᠷ ᠤᠨ ᠬᠠᠩᠭᠠᠭᠰᠠᠨ ᠮᠠᠲ᠋ᠧᠷᠢᠶᠠᠯ ᠳᠤ᠂ ᠣᠳᠣᠬᠠᠨ ᠳᠤ ᠬᠠᠨᠰᠦ᠋ᠮ᠎ᠠ ᠰᠤᠮᠤ ᠶᠢᠨ ᠴᠠᠭᠠᠬᠤᠪᠤᠭ᠎ᠠ ᠭᠠᠴᠠᠭ᠎ᠠ ᠶᠢᠨ ᠨᠠᠰᠤᠲᠠᠨ ᠴᠤᠭᠯᠠ᠂ ᠪᠣᠷᠣᠬᠤᠲᠠ ᠭᠠᠴᠠᠭ᠎ᠠ ᠶᠢᠨ ᠰᠤᠩᠳᠤᠢ ᠪᠣᠯᠣᠨ ᠠᠮᠠᠰᠠᠷ ᠭᠠᠴᠠᠭ᠎ᠠ ᠶᠢᠨ ᠠᠯᠲᠠᠨ᠋ᠧᠴᠢᠷ ᠵᠡᠷᠭᠡ ᠨᠠᠰᠤᠲᠠᠳ ᠪᠣᠯ ᠪᠦᠷ ᠮᠥᠰᠥᠨ ᠳᠡᠭᠡᠷᠡᠬᠢ ᠠᠷᠭᠠᠢ ᠨᠠᠭᠠᠳᠤᠮ ᠤᠨ ᠤᠯᠠᠮᠵᠢᠯᠠᠭᠴᠢ ᠪᠤᠯᠬᠤ ᠶᠤᠮ᠃ ᠲᠡᠲᠡᠨᠤᠰ ᠠᠴᠠ ᠳᠡᠭᠡᠷ᠎ᠡ ᠨᠢᠭᠡ ᠦᠶ᠎ᠡ ᠶᠢᠨ ᠬᠢ ᠶᠢ ᠳᠤᠷᠠᠳᠪᠠᠯ᠂ ᠪᠠᠲᠤᠸ᠋ᠴᠢᠷ᠂ ᠫᠤᠩᠰᠤᠭ᠂ ᠨᠠᠶᠠᠨᠲᠠᠢ᠂ ᠪᠢᠴᠢᠬᠠᠨ᠂ ᠪᠦᠭᠡ ᠪᠣᠯᠣᠨ ᠬᠠᠶᠢᠷᠤᠪ ᠵᠡᠷᠭᠡ ᠨᠠᠰᠤ ᠪᠠᠷᠠᠭᠰᠠᠨ ᠨᠠᠰᠤᠲᠠᠶᠢᠴᠤᠳ ᠴᠦ ᠠᠷᠭᠠᠢ ᠨᠠᠭᠠᠳᠤᠮ ᠤᠨ ᠶᠣᠰᠣ ᠳᠦᠷᠢᠮ ᠢ ᠪᠦᠷᠢᠨ ᠣᠶᠢᠯᠠᠭᠠᠵᠤ᠂ ᠠᠷᠭᠠᠢ ᠬᠠᠷᠪᠤᠬᠤ ᠤᠬᠠᠭᠠᠨ ᠢ ᠲᠤᠭᠤᠷᠲᠠᠯ᠎ᠠ ᠮᠡᠳᠡᠳᠡᠭ ᠪᠠᠶᠢᠵᠠᠢ ᠭᠡᠵᠦ ᠲᠡᠮᠳᠡᠭᠯᠡᠵᠦ ᠪᠠᠶᠢᠯ᠎ᠠ᠃ 
default2020-05-13-29b7a17eeb-642e-4d80-b048-0e9ee0f6037f.jpg
      ᠪᠥᠬᠡᠪᠠᠭᠠᠲᠤᠷ ᠤᠨ ᠬᠠᠷᠢᠭᠤᠴᠠᠨ ᠭᠦᠢᠴᠡᠳᠬᠡᠭᠰᠡᠨ ᠮᠥᠰᠥᠨ ᠳᠡᠭᠡᠷᠡᠬᠢ ᠠᠷᠭᠠᠢ ᠨᠠᠭᠠᠳᠤᠮ ᠢ ᠥᠪᠡᠷᠲᠡᠭᠡᠨ ᠵᠠᠰᠠᠬᠤ ᠣᠷᠣᠨ ᠤ ᠲᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠲᠥᠯᠥᠭᠡᠯᠡᠬᠦ ᠴᠢᠨᠠᠷᠲᠠᠢ ᠨᠡᠷᠡᠰ ᠲᠤ ᠪᠦᠷᠢᠳᠬᠡᠭᠦᠯᠬᠦ ᠪᠠᠷ ᠡᠷᠡᠮᠡᠯᠵᠡᠯᠡᠭᠰᠡᠨ ᠪᠢᠴᠢᠭ ᠲᠤ ᠮᠥᠰᠥᠨ ᠳᠡᠭᠡᠷᠡᠬᠢ ᠠᠷᠭᠠᠢ ᠨᠠᠭᠠᠳᠤᠮ ᠤᠨ ᠡᠩ ᠤᠨ ᠣᠨᠴᠠᠯᠢᠭ ᠢ ᠢᠩᠭᠢᠵᠦ ᠲᠡᠮᠳᠡᠭᠯᠡᠭᠰᠡᠨ ᠪᠠᠶᠢᠳᠠᠭ᠄ ᠮᠥᠰᠥᠨ ᠳᠡᠭᠡᠷᠡᠬᠢ ᠲᠠᠮᠢᠷ ᠤᠨ ᠬᠥᠳᠡᠯᠭᠡᠭᠡᠨ ᠪᠣᠯᠤᠭᠰᠠᠨ ᠤ ᠬᠤᠪᠢ ᠳᠤ᠂ ᠲᠤᠰ ᠨᠠᠭᠠᠳᠤᠮ ᠤᠨ ᠣᠷᠣᠯᠴᠠᠭᠰᠠᠳ ᠪᠠ ᠦᠵᠡᠭᠴᠢᠳ ᠮᠠᠰᠢ ᠣᠯᠠᠨ ᠪᠠᠶᠢᠵᠤ᠂ ᠪᠡᠶ᠎ᠡ ᠮᠠᠬᠠᠪᠤᠳ ᠢᠶᠠᠨ ᠳᠠᠪᠲᠠᠨ ᠪᠤᠯᠪᠠᠰᠤᠷᠠᠭᠤᠯᠬᠤ ᠦᠢᠯᠡᠳᠦᠯ ᠲᠠᠢ ᠮᠥᠷᠲᠡᠭᠡᠨ ᠵᠤᠭ᠎ᠠ ᠴᠡᠩᠭᠡᠯ ᠤᠨ ᠴᠢᠨᠠᠷ ᠲᠠᠢ ᠥᠷᠭᠡᠨ ᠳᠡᠯᠭᠡᠷ ᠣᠯᠠᠨ ᠲᠦᠮᠡᠨᠴᠢ ᠴᠢᠨᠠᠷ ᠲᠠᠢ︔ ᠨᠡᠭᠦᠳᠡᠯ ᠮᠠᠯᠵᠢᠯ ᠤᠨ ᠦᠢᠯᠡᠳᠪᠦᠷᠢᠯᠡᠯ ᠠᠮᠢᠳᠤᠷᠠᠯ ᠤᠨ ᠠᠷᠭ᠎ᠠ ᠮᠠᠶ᠋ᠢᠭ ᠲᠤ ᠵᠣᠬᠢᠴᠠᠭᠰᠠᠨ ᠤᠯᠠᠨ ᠲᠦᠮᠡᠨᠴᠢ ᠬᠥᠳᠡᠯᠭᠡᠭᠡᠨ ᠪᠣᠯᠤᠭᠰᠠᠨ ᠤ ᠬᠤᠪᠢ ᠳᠤ᠂ ᠮᠥᠰᠥᠨ ᠳᠡᠭᠡᠷᠡᠬᠢ ᠠᠷᠭᠠᠢ ᠨᠠᠭᠠᠳᠤᠮ ᠨᠢ ᠮᠣᠩᠭᠤᠯ ᠦᠨᠳᠦᠰᠦᠲᠡᠨ ᠤ ᠵᠠᠩ ᠦᠢᠯᠡ ᠲᠠᠢ ᠨᠢᠭᠲᠠ ᠬᠤᠯᠪᠣᠭᠳᠠᠳᠠᠭ᠃ ᠮᠥᠰᠥᠨ ᠳᠡᠭᠡᠷᠡᠬᠢ ᠠᠷᠭᠠᠢ ᠨᠠᠭᠠᠳᠤᠮ ᠨᠢ ᠥᠪᠡᠷᠮᠢᠴᠡ ᠪᠠᠭᠠᠵᠢ ᠬᠡᠷᠡᠭᠰᠡᠯ ᠪᠠ ᠳᠦᠷᠢᠮ ᠭᠤᠷᠢᠮ ᠲᠠᠢ ᠪᠠᠶᠢᠵᠤ᠂ ᠢᠯᠡ ᠲᠣᠳᠣ ᠦᠨᠳᠦᠰᠦᠲᠡᠨ ᠤ ᠣᠨᠴᠠᠯᠢᠭ ᠲᠠᠢ ᠮᠥᠷᠲᠡᠭᠡᠨ ᠣᠷᠣᠨ ᠨᠤᠲᠤᠭ ᠤᠨ ᠣᠨᠴᠠᠯᠢᠭ ᠲᠠᠢ︔ ᠣᠷᠣᠯᠴᠠᠭᠰᠠᠳ ᠮᠥᠰᠥᠨ ᠳᠡᠭᠡᠷ᠎ᠡ ᠭᠦᠶᠦᠭᠦ ᠳᠡᠭᠡᠨ ᠪᠡᠶ᠎ᠡ ᠶᠢᠨ ᠲᠡᠩᠴᠡᠭᠦᠷᠢ ᠪᠠᠨ ᠪᠠᠲᠤᠯᠠᠵᠤ᠂ ᠡᠮᠦᠨᠡᠬᠢ ᠬᠠᠷᠠᠯᠲᠠ ᠪᠠᠨ ᠨᠠᠷᠢᠯᠢᠭ ᠠᠵᠢᠭᠯᠠᠵᠤ᠂ ᠬᠤᠭᠤᠷᠤᠨᠳᠤᠭᠢ ᠵᠠᠢ ᠶᠢ ᠣᠨᠣᠪᠴᠢᠲᠠᠢ ᠮᠠᠭᠠᠳᠯᠠᠵᠤ᠂ ᠵᠣᠬᠢᠰᠲᠠᠢ ᠡᠷᠴᠢᠮᠯᠡᠬᠦ ᠬᠦᠴᠦ ᠪᠠᠷ ᠠᠷᠭᠠᠢ ᠶᠢ ᠬᠠᠷᠪᠤᠵᠤ ᠭᠠᠷᠭᠠᠪᠠᠯ ᠰᠠᠶ᠋ᠢ ᠬᠠᠷᠠᠯᠲᠠ ᠶᠢ ᠣᠨᠣᠭᠠᠵᠤ ᠴᠢᠳᠠᠳᠠᠭ᠃ ᠡᠳᠡᠭᠡᠷ ᠡᠷᠳᠡᠮ ᠢ ᠪᠦᠷᠢᠯᠳᠦᠭᠦᠯᠪᠡᠯ ᠰᠠᠢ ᠬᠠᠷᠠᠯᠲᠠ ᠶᠢ ᠵᠥᠪ ᠣᠨᠣᠭᠠᠵᠤ ᠪᠤᠳᠤᠬᠰᠠᠨ ᠰᠠᠨᠠᠭᠰᠠᠨ ᠢᠶᠠᠨ ᠪᠡᠶᠡᠯᠡᠭᠦᠯᠵᠦ ᠴᠢᠳᠠᠳᠠᠭ ᠭᠡᠵᠦ ᠦᠵᠡᠵᠡᠭᠡᠳᠡᠭ ᠪᠠᠶᠢᠨ᠎ᠠ᠃ ᠮᠣᠩᠭᠤᠯᠴᠤᠳ ᠡᠷᠲᠡᠨ ᠠᠴᠠ ᠪᠠᠨ ᠠᠪᠤᠭᠠᠳ ᠬᠠᠷᠪᠤᠵᠤ ᠨᠠᠮᠨᠠᠬᠤ ᠳᠠᠭᠠᠨ ᠴᠢᠳᠠᠮᠠᠭᠠᠢ ᠪᠠᠶᠢᠳᠠᠭ ᠨᠢ ᠮᠥᠰᠥᠨ ᠳᠡᠭᠡᠷᠡᠬᠢ ᠠᠷᠭᠠᠢ ᠶᠢᠨ ᠦᠨᠳᠦᠰᠦᠨ ᠪᠣᠯᠪᠠᠰᠤᠷᠠᠯ ᠲᠠᠢ ᠰᠢᠭᠤᠳ ᠬᠤᠯᠪᠤᠭ᠎ᠠ ᠲᠠᠢ ᠶᠤᠮ᠃       ᠬᠠᠮᠠᠭᠠᠯᠠᠨ ᠬᠥᠭᠵᠢᠭᠦᠯᠦᠰᠢᠲᠡᠢ ᠡᠬᠢ ᠪᠠᠶᠠᠯᠢᠭ      ᠮᠥᠰᠥᠨ ᠳᠡᠭᠡᠷᠡᠬᠢ ᠠᠷᠭᠠᠢ ᠨᠠᠭᠠᠳᠤᠮ ᠪᠣᠯ ᠨᠡᠭᠦᠳᠡᠯ ᠮᠠᠯᠵᠢᠯ ᠤᠨ ᠦᠢᠯᠡᠳᠪᠦᠷᠢᠯᠡᠯ ᠠᠮᠢᠳᠤᠷᠠᠯ ᠤᠨ ᠰᠠᠭᠤᠷᠢᠨ ᠳᠡᠭᠡᠷ᠎ᠡ ᠪᠤᠢ ᠪᠣᠯᠤᠭᠰᠠᠨ ᠶᠤᠮ᠃ ᠲᠤᠰ ᠨᠠᠭᠠᠳᠤᠮ ᠨᠢ ᠦᠨᠳᠦᠰᠦᠲᠡᠨ ᠤ ᠣᠨᠴᠠᠯᠢᠭ᠂ ᠮᠠᠯᠵᠢᠬᠤ ᠰᠣᠶᠣᠯ ᠤᠨ ᠣᠨᠴᠠᠯᠢᠭ᠂ ᠭᠠᠵᠠᠷ ᠣᠷᠣᠨ ᠤ ᠣᠨᠴᠠᠯᠢᠭ ᠢ ᠬᠠᠳᠠᠭᠠᠯᠠᠭᠰᠠᠨ ᠪᠣᠯᠬᠤᠷ ᠴᠢᠬᠤᠯᠠ ᠶᠡᠭᠡ ᠰᠣᠶᠣᠯ ᠰᠤᠳᠤᠯᠤᠯ ᠤᠨ ᠦᠨ᠎ᠡ ᠦᠷᠳᠡᠭ ᠲᠠᠢ ᠪᠠᠶᠢᠳᠠᠭ ᠠᠵᠢ᠃ ᠮᠥᠰᠥᠨ ᠳᠡᠭᠡᠷᠡᠬᠢ ᠠᠷᠭᠠᠢ ᠨᠠᠭᠠᠳᠤᠮ ᠢ ᠠᠭᠤᠳᠠᠯᠬᠤ ᠰᠤᠳᠤᠯᠬᠤ ᠨᠢ ᠡᠷᠲᠡᠨ ᠤ ᠮᠣᠩᠭᠤᠯᠴᠤᠳ ᠤᠨ ᠭᠦᠨ ᠤᠬᠠᠭᠠᠨ᠂ ᠪᠡᠶ᠎ᠡ ᠶᠢᠨ ᠲᠠᠮᠢᠷ ᠰᠣᠶᠣᠯ ᠵᠢᠴᠢ ᠨᠡᠶᠢᠭᠡᠮ ᠤᠨ ᠬᠠᠮᠢᠶ᠎ᠠ ᠪᠦᠬᠦᠢ ᠠᠰᠠᠭᠤᠳᠠᠯ ᠢ ᠯᠠᠪᠰᠢᠷᠠᠭᠤᠯᠤᠨ ᠰᠤᠳᠤᠯᠬᠤ ᠳᠤ ᠮᠠᠰᠢ ᠴᠢᠬᠤᠯᠠ ᠦᠢᠯᠡᠳᠦᠯ ᠲᠠᠢ ᠪᠠᠶᠢᠳᠠᠭ᠃      ᠨᠡᠶᠢᠭᠡᠮ ᠤᠨ ᠬᠤᠪᠢᠷᠠᠯᠲᠠ ᠠᠴᠠ ᠪᠣᠯᠵᠤ ᠰᠣᠶᠣᠯ ᠪᠡᠶ᠎ᠡ ᠶᠢᠨ ᠲᠠᠮᠢᠷ ᠤᠨ ᠬᠥᠳᠡᠯᠭᠡᠭᠡᠨ ᠤ ᠭᠡᠯᠪᠡᠷᠢ ᠨᠢ ᠴᠤ ᠲᠠᠰᠤᠷᠠᠯᠳᠠ ᠦᠭᠡᠢ ᠬᠤᠪᠢᠷᠠᠨ ᠰᠢᠨᠡᠳᠴᠦ ᠪᠠᠶᠢᠳᠠᠭ᠃ ᠠᠷᠤ ᠬᠤᠷᠴᠢᠨ ᠬᠤᠰᠢᠭᠤᠨ ᠤ ᠰᠣᠶᠣᠯ ᠪᠡᠶ᠎ᠡ ᠶᠢᠨ ᠲᠠᠮᠢᠷ ᠷᠠᠳᠢᠣ᠋ ᠲᠧᠯᠸᠢᠰ ᠤᠨ ᠲᠣᠪᠴᠢᠶ᠎ᠠ ᠶᠢᠨ ᠬᠠᠷᠢᠭᠤᠴᠠᠯᠭᠠᠲᠠᠳ ᠠᠷᠭᠠᠢ ᠨᠠᠭᠠᠳᠤᠮ ᠤᠨ ᠬᠤᠪᠢᠷᠠᠯᠲᠠ ᠬᠥᠭᠵᠢᠯᠲᠡ ᠶᠢᠨ ᠲᠤᠬᠠᠢ ᠢᠩᠭᠢᠵᠦ ᠬᠤᠷᠢᠶᠠᠩᠭᠤᠶᠢᠯᠠᠭᠰᠠᠨ ᠪᠠᠶᠢᠨ᠎ᠠ᠄ ᠨᠢᠭᠡ ᠳᠤ᠂ ᠥᠩᠭᠡᠷᠡᠭᠰᠡᠨ ᠤ ᠨᠡᠭᠦᠳᠡᠯ ᠮᠠᠯᠵᠢᠯ ᠤᠨ ᠦᠢᠯᠡᠳᠪᠦᠷᠢᠯᠡᠯ ᠠᠮᠢᠳᠤᠷᠠᠯ ᠤᠨ ᠣᠨᠴᠠᠯᠢᠭ ᠠᠴᠠ ᠪᠣᠯᠵᠤ᠂ ᠮᠣᠩᠭᠤᠯᠴᠤᠳ ᠤᠨ ᠰᠣᠶᠣᠯ ᠲᠠᠮᠢᠷ ᠨᠢ ᠴᠦ ᠲᠠᠯ᠎ᠠ ᠨᠤᠲᠤᠭ ᠤᠨ ᠨᠡᠭᠦᠳᠡᠯ ᠮᠠᠯᠵᠢᠯ ᠤᠨ ᠣᠨᠴᠠᠯᠢᠭ ᠢᠶᠠᠨ ᠬᠠᠳᠠᠭᠠᠯᠠᠵᠤ᠂ ᠬᠠᠬᠢᠷ ᠬᠦᠢᠲᠡᠨ ᠡᠪᠦᠯ ᠤᠨ ᠤᠯᠠᠷᠢᠯ ᠳᠤ ᠠᠩ ᠭᠦᠷᠦᠭᠡ ᠠᠩᠨᠠᠬᠤ ᠠᠴᠠ ᠭᠠᠳᠠᠨ᠎ᠠ᠂ ᠮᠥᠰᠥᠨ ᠳᠡᠭᠡᠷᠡᠬᠢ ᠠᠷᠭᠠᠢ ᠨᠠᠭᠠᠳᠤᠮ ᠪᠣᠯ ᠪᠡᠶ᠎ᠡ ᠪᠠᠨ ᠴᠢᠭᠢᠷᠠᠭᠵᠢᠭᠤᠯᠬᠤ ᠬᠠᠮᠤᠭ ᠤᠨ ᠰᠠᠶᠢᠨ ᠲᠠᠮᠢᠷ ᠤᠨ ᠬᠥᠳᠡᠯᠭᠡᠭᠡᠨ ᠪᠣᠯᠵᠤ ᠪᠠᠶᠢᠪᠠ᠃ ᠭᠡᠪᠡᠴᠦ ᠣᠳᠣ ᠦᠶ᠎ᠡ ᠶᠢᠨ ᠰᠠᠭᠤᠷᠢᠰᠢᠯ ᠠᠮᠢᠳᠤᠷᠠᠯ ᠤᠨ ᠣᠨᠴᠠᠯᠢᠭ ᠨᠢ ᠤᠰᠤᠨ ᠤ ᠲᠤᠩᠭᠠᠯᠠᠭ ᠡᠪᠡᠰᠦᠨ ᠤ ᠰᠣᠷᠭᠤᠭ ᠢ ᠳᠠᠭᠠᠵᠦ ᠮᠠᠯᠵᠢᠳᠠᠭ ᠨᠡᠭᠦᠳᠡᠯ ᠠᠮᠢᠳᠤᠷᠠᠯ ᠲᠠᠢ ᠬᠠᠷᠢᠴᠠᠭᠤᠯᠪᠠᠯ᠂ ᠨᠠᠭᠤᠷ ᠲᠣᠭᠤᠷᠢᠮ ᠪᠠ ᠭᠤᠣᠯ ᠮᠥᠷᠡᠨ ᠠᠴᠠ ᠬᠠᠷᠢᠴᠠᠩᠭᠤᠢ ᠬᠤᠯᠠᠳᠠᠭᠰᠠᠨ ᠰᠢᠭ᠋ ᠪᠣᠯᠵᠠᠢ᠃ ᠡᠳᠡᠭᠡᠷ ᠨᠢ ᠪᠤᠰᠤᠳᠴᠢ ᠲᠠᠯ᠎ᠠ ᠠᠴᠠ ᠮᠥᠰᠥᠨ ᠳᠡᠭᠡᠷᠡᠬᠢ ᠠᠷᠭᠠᠢ ᠨᠠᠭᠠᠳᠤᠮ ᠤᠨ ᠪᠠᠶᠢᠩᠭᠤ ᠶᠢᠨ ᠴᠢᠨᠠᠷᠲᠠᠢ ᠵᠣᠬᠢᠶᠠᠨ ᠪᠠᠶᠢᠭᠤᠯᠤᠭᠳᠠᠬᠤ ᠶᠢ ᠬᠠᠷᠰᠢᠯᠠᠬᠤ ᠬᠦᠴᠦᠨ ᠵᠦᠢᠯ ᠪᠣᠯᠤᠭᠰᠠᠨ ᠪᠠᠶᠢᠨ᠎ᠠ᠃ ᠰᠠᠭᠤᠷᠢᠰᠢᠯ ᠠᠮᠢᠳᠤᠷᠠᠯ ᠤᠨ ᠣᠨᠴᠠᠯᠢᠭ ᠲᠤ ᠲᠣᠬᠢᠷᠠᠭᠰᠠᠨ ᠡᠯ᠎ᠡ ᠵᠦᠢᠯ ᠤᠨ ᠪᠥᠮᠪᠦᠭᠡ ᠶᠢᠨ ᠲᠥᠷᠥᠯ ᠪᠠ ᠰᠢᠲᠠᠷ᠎ᠠ ᠶᠢᠨ ᠲᠥᠷᠥᠯ ᠵᠦᠢᠯ ᠨᠢ ᠤᠳᠠᠭᠠᠨ ᠳᠠᠭᠠᠨ ᠨᠡᠩ ᠤᠯᠠᠨ ᠬᠥᠮᠥᠰ ᠢ ᠲᠠᠲᠠᠬᠤ ᠪᠣᠯᠪᠠ᠃ ᠬᠤᠶᠠᠷ ᠲᠤ᠂ ᠬᠤᠳᠠ ᠪᠠᠯᠭᠠᠰᠤᠵᠢᠯᠲᠠ ᠶᠢᠨ ᠨᠥᠯᠥᠭᠡ ᠠᠴᠠ ᠪᠣᠯᠤᠭᠰᠠᠨ ᠪᠠᠶᠢᠨ᠎ᠠ᠃ ᠤᠲᠤ ᠬᠤᠲᠠ ᠣᠷᠣᠭᠰᠠᠨ ᠮᠣᠩᠭᠤᠯᠴᠤᠳ ᠤᠨ ᠲᠤᠭ᠎ᠠ ᠬᠡᠮᠵᠢᠶ᠎ᠡ ᠶᠢᠨ ᠨᠡᠮᠡᠭᠳᠡᠯ ᠪᠠ ᠣᠷᠴᠢᠨ ᠲᠣᠭᠤᠷᠢᠨ ᠤ ᠨᠥᠯᠥᠭᠡᠯᠡᠯ ᠠᠴᠠ ᠪᠣᠯᠵᠤ᠂ ᠨᠡᠩ ᠤᠯᠠᠨ ᠬᠥᠮᠥᠰ ᠤᠨ ᠮᠥᠰᠥᠨ ᠳᠡᠭᠡᠷᠡᠬᠢ ᠠᠷᠭᠠᠢ ᠨᠠᠭᠠᠳᠤᠮ ᠤᠨ ᠬᠥᠳᠡᠯᠭᠡᠭᠡᠨ ᠳᠤ ᠣᠷᠤᠯᠴᠠᠬᠤ ᠪᠣᠯᠣᠮᠵᠢ ᠶᠢ ᠪᠠᠭ᠎ᠠ ᠪᠣᠯᠭᠠᠵᠠᠢ᠃ ᠬᠤᠲᠠ ᠪᠠᠯᠭᠠᠰᠤᠵᠢᠯᠲᠠ᠂ ᠨᠡᠶᠢᠭᠡᠮ ᠠᠵᠤ ᠠᠬᠤᠢ ᠶᠢᠨ ᠬᠥᠭᠵᠢᠯᠲᠡ ᠵᠡᠷᠭᠡ ᠶᠡᠭᠡ ᠲᠠᠯ᠎ᠠ ᠶᠢᠨ ᠰᠢᠯᠲᠠᠭᠠᠨ᠂ ᠠᠷᠭᠠᠢ ᠨᠠᠭᠠᠳᠤᠮ ᠢ ᠣᠶᠢᠯᠠᠭᠠᠬᠤ᠂ ᠠᠷᠭᠠᠢ ᠨᠠᠭᠠᠳᠤᠮ ᠤᠨ ᠳᠦᠷᠢᠮ ᠭᠤᠷᠢᠮ ᠢ ᠮᠡᠳᠡᠭᠦ ᠬᠥᠮᠥᠰ ᠴᠥᠭᠡᠷᠡᠭᠰᠡᠨ ᠵᠡᠷᠭᠡ ᠪᠤᠰᠤᠳᠴᠢ ᠰᠢᠯᠲᠠᠭᠠᠨ ᠠᠴᠠ ᠪᠣᠯᠵᠤ᠂ ᠦᠨᠳᠦᠰᠦᠲᠡᠨ ᠤ ᠪᠡᠶ᠎ᠡ ᠶᠢᠨ ᠲᠠᠮᠢᠷ ᠤᠨ ᠰᠣᠶᠣᠯ ᠤᠨ ᠥᠪ ᠪᠣᠯᠤᠭᠰᠠᠨ ᠮᠥᠰᠥᠨ ᠳᠡᠭᠡᠷᠡᠬᠢ ᠠᠷᠭᠠᠢ ᠨᠠᠭᠠᠳᠤᠮ ᠨᠢ ᠤᠰᠠᠳᠬᠤ ᠠᠶᠤᠯ ᠳᠤ ᠲᠤᠯᠭᠠᠷᠠᠪᠠ᠃ 
default2020-05-13-16675c47b3-2aa3-428b-b076-6a3021ccdf6d.jpg
     ᠡᠨᠡ ᠬᠦ ᠬᠤᠪᠣᠷ ᠴᠤᠬᠠᠭ ᠦᠨᠳᠦᠰᠦᠲᠡᠨ ᠤ ᠮᠥᠰᠥᠨ ᠳᠡᠭᠡᠷᠡᠬᠢ ᠲᠠᠮᠢᠷ ᠤᠨ ᠬᠥᠳᠡᠯᠭᠡᠭᠡᠨ ᠤ ᠥᠪ ᠰᠣᠶᠣᠯ ᠢᠶᠠᠨ ᠤᠯᠠᠮ ᠰᠠᠶᠢᠲᠤᠷ ᠤᠯᠠᠮᠵᠢᠯᠠᠨ ᠬᠥᠭᠵᠢᠭᠦᠯᠬᠦ ᠶᠢᠨ ᠲᠥᠯᠥᠭᠡ᠂ ᠠᠷᠤ ᠬᠤᠷᠴᠢᠨ ᠬᠤᠰᠢᠭᠤ ᠨᠢ 2007 ᠣᠨ ᠳᠤ᠂ ᠮᠥᠰᠥᠨ ᠳᠡᠭᠡᠷᠡᠬᠢ ᠠᠷᠭᠠᠢ ᠨᠠᠭᠠᠳᠤᠮ ᠢᠶᠠᠨ ᠥᠪᠡᠷᠲᠡᠭᠡᠨ ᠵᠠᠰᠠᠬᠤ ᠣᠷᠣᠨ ᠤ ᠲᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠨᠡᠷᠡᠰ ᠢᠶᠠᠷ ᠪᠦᠷᠢᠳᠬᠡᠭᠦᠯᠵᠦ᠂ ᠬᠠᠨᠰᠦ᠋ᠮ᠎ᠠ ᠰᠤᠮᠤ ᠶᠢᠨ ᠠᠮᠠᠰᠠᠷ ᠭᠠᠴᠠᠭ᠎ᠠ ᠳᠤ ᠪᠠᠰᠠ ︽ᠥᠪᠡᠷᠲᠡᠭᠡᠨ ᠵᠠᠰᠠᠬᠤ ᠣᠷᠣᠨ ᠤ ᠲᠡᠰ ᠤᠨ ᠪᠣᠳᠠᠰ ᠤᠨ ᠪᠤᠰᠤ ᠰᠣᠶᠣᠯ ᠤᠨ ᠥᠪ - ᠠᠷᠭᠠᠢ ᠨᠠᠭᠠᠳᠤᠮ ᠢ ᠤᠯᠠᠮᠵᠢᠯᠠᠨ ᠬᠠᠮᠠᠭᠠᠯᠠᠬᠤ ᠰᠠᠭᠤᠷᠢᠨ ᠭᠠᠵᠠᠷ︾ ᠎ ᠤᠨ ᠫᠠᠶᠢᠰᠠ ᠡᠯᠭᠦᠵᠦ᠂ ᠵᠢᠯ ᠪᠦᠷᠢ ᠠᠷᠭᠠᠢ ᠨᠠᠭᠠᠳᠤᠮ ᠢ ᠵᠣᠬᠢᠶᠠᠨ ᠪᠠᠶᠢᠭᠤᠯᠵᠤ᠂ ᠬᠡᠦᠬᠡᠳ ᠪᠠᠭᠠᠴᠤᠳ ᠢ ᠢᠯᠡᠭᠦᠬᠡᠨ ᠣᠷᠣᠯᠴᠠᠭᠤᠯᠵᠤ᠂ ᠠᠷᠭᠠᠢ ᠨᠠᠭᠠᠳᠤᠮ ᠤᠨ ᠶᠣᠰᠣ ᠭᠤᠷᠢᠮ ᠢ ᠤᠯᠠᠮᠵᠢᠯᠠᠨ᠂ ᠨᠡᠩ ᠤᠯᠠᠨ ᠬᠥᠮᠥᠰ ᠲᠤ ᠠᠷᠭᠠᠢ ᠨᠠᠭᠠᠳᠤᠮ ᠢ ᠲᠠᠨᠢᠭᠤᠯᠤᠨ᠂ ᠲᠡᠲᠡᠨᠤᠰ ᠢ ᠠᠷᠭᠠᠢ ᠨᠠᠭᠠᠳᠤᠮ ᠳᠤ ᠢᠯᠡᠭᠦᠬᠡᠨ ᠣᠷᠤᠯᠴᠠᠬᠤ ᠶᠢ ᠨᠢ ᠵᠣᠷᠢᠭᠵᠢᠭᠤᠯᠵᠤ᠂ ᠠᠷᠭᠠᠢ ᠨᠠᠭᠠᠳᠤᠮ ᠢᠶᠠᠨ ᠤᠯᠠᠮ ᠴᠠᠭᠠᠰᠢᠳᠠ ᠬᠥᠭᠵᠢᠭᠦᠯᠵᠦ ᠪᠤᠢ᠃ ᠣᠶᠢᠯᠠᠭᠠᠭᠰᠠᠨ ᠢᠶᠠᠷ᠂ ᠤᠲᠤ ᠠᠷᠤ ᠬᠤᠷᠴᠢᠨ ᠬᠤᠰᠢᠭᠤ ᠨᠢ ᠠᠷᠭᠠᠢ ᠨᠠᠭᠠᠳᠤᠮ ᠢᠶᠠᠨ ᠶᠠᠭ ᠰᠠᠶᠢᠬᠠᠨ ᠤᠯᠤᠰ ᠤᠨ ᠲᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠲᠦᠷᠦᠯ ᠵᠦᠢᠯ ᠢᠶᠠᠷ ᠪᠦᠷᠢᠳᠬᠡᠭᠦᠯᠬᠦ ᠪᠠᠷ ᠮᠡᠳᠡᠭᠦᠯᠦᠭᠡᠳ ᠪᠠᠶᠢᠨ᠎ᠠ᠃      ︽ᠲᠤᠰᠬᠠᠢ ᠮᠡᠷᠭᠡᠵᠢᠯᠲᠡᠨ ᠢᠶᠠᠷ ᠵᠢᠯᠣᠭᠤᠳᠤᠭᠤᠯᠤᠭᠰᠠᠨ᠂ ᠠᠷᠤ ᠬᠤᠷᠴᠢᠨ ᠬᠤᠰᠢᠭᠤᠨ ᠤ ᠭᠤᠣᠯ ᠤᠳᠤᠷᠢᠳᠤᠯᠭ᠎ᠠ ᠪᠠᠷ ᠳᠤᠭᠤᠶᠢᠯᠠᠩ ᠤᠨ ᠳᠠᠷᠤᠭ᠎ᠠ ᠪᠤᠯᠭᠠᠬᠰᠠᠨ᠂ ᠠᠷᠤ ᠬᠤᠷᠴᠢᠨ ᠬᠤᠰᠢᠭᠤᠨ ᠤ ᠮᠥᠰᠥᠨ ᠳᠡᠭᠡᠷᠡᠬᠢ ᠠᠷᠭᠠᠢ ᠨᠠᠭᠠᠳᠤᠮ ᠤᠨ ᠪᠡᠶ᠎ᠡ ᠶᠢᠨ ᠲᠠᠮᠢᠷ ᠤᠨ ᠬᠥᠳᠡᠯᠭᠡᠭᠡᠨ ᠤ ᠦᠨᠳᠦᠰᠦᠲᠡᠨ ᠤ ᠪᠡᠶ᠎ᠡ ᠶᠢᠨ ᠲᠠᠮᠢᠷ ᠤᠨ ᠰᠣᠶᠣᠯ ᠤᠨ ᠥᠪ ᠢ ᠬᠠᠮᠠᠭᠠᠯᠠᠬᠤ ᠤᠳᠤᠷᠢᠳᠬᠤ ᠳᠤᠭᠤᠶᠢᠯᠠᠩ ᠪᠠ ᠠᠷᠤ ᠬᠤᠷᠴᠢᠨ ᠬᠤᠰᠢᠭᠤ ᠶᠢᠨ ᠰᠣᠶᠣᠯ ᠪᠡᠶ᠎ᠡ ᠶᠢᠨ ᠲᠠᠮᠢᠷ ᠷᠠᠳᠢᠣ᠋ ᠲᠧᠯᠸᠢᠰ ᠤᠨ ᠲᠣᠪᠴᠢᠶ᠎ᠠ ᠶᠢᠨ ᠬᠤᠪᠢᠳᠠᠨ ᠬᠠᠮᠢᠶᠠᠷᠬᠤ ᠤᠳᠤᠷᠢᠳᠤᠯᠭ᠎ᠠ ᠪᠠᠷ ᠬᠠᠷᠢᠭᠤᠴᠠᠯᠭᠠᠲᠠᠨ ᠪᠤᠯᠭᠠᠬᠰᠠᠨ ᠠᠷᠤ ᠬᠤᠷᠴᠢᠨ ᠬᠤᠰᠢᠭᠤᠨ ᠤ ᠮᠥᠰᠥᠨ ᠳᠡᠭᠡᠷᠡᠬᠢ ᠠᠷᠭᠠᠢ ᠨᠠᠭᠠᠳᠤᠮ ᠤᠨ ᠦᠨᠳᠦᠰᠦᠲᠡᠨ ᠤ ᠪᠡᠶ᠎ᠡ ᠶᠢᠨ ᠲᠠᠮᠢᠷ ᠤᠨ ᠰᠣᠶᠣᠯ ᠤᠨ ᠥᠪ ᠢ ᠬᠠᠮᠠᠭᠠᠯᠠᠬᠤ ᠠᠵᠢᠯ ᠤᠨ ᠠᠯᠪᠠᠨ ᠭᠡᠷ ᠢ ᠪᠠᠶᠢᠭᠤᠯᠵᠤ᠂ ᠰᠣᠶᠣᠯ ᠤᠨ ᠥᠪ ᠢ ᠠᠭᠤᠳᠠᠯᠬᠤ᠂ ᠠᠪᠤᠷᠠᠨ ᠬᠠᠮᠠᠭᠠᠯᠠᠬᠤ᠂ ᠬᠥᠭᠵᠢᠭᠦᠯᠬᠦ ᠠᠵᠢᠯ ᠢ ᠰᠢᠰᠲ᠋ᠧᠮᠵᠢᠭᠦᠯᠦᠨ ᠵᠣᠬᠢᠶᠠᠨ ᠪᠠᠶᠢᠭᠤᠯᠪᠠᠯ ᠵᠣᠬᠢᠨ᠎ᠠ︾ ᠭᠡᠵᠦ ᠪᠥᠬᠡᠪᠠᠭᠠᠲᠤᠷ ᠠᠷᠭᠠᠢ ᠨᠠᠭᠠᠳᠤᠮ ᠢ ᠬᠡᠷᠬᠢᠨ ᠤᠯᠠᠮᠵᠢᠯᠠᠵᠤ ᠬᠥᠭᠵᠢᠭᠦᠯᠬᠦ ᠲᠤᠬᠠᠢ ᠥᠪᠡᠷ ᠤᠨ ᠰᠠᠨᠠᠯ ᠪᠤᠲᠤᠯ ᠪᠠ ᠬᠤᠵᠢᠮ ᠤᠨ ᠠᠵᠢᠯ ᠤᠨ ᠲᠥᠯᠥᠪᠯᠡᠭᠡ ᠪᠠᠨ ᠰᠤᠷᠪᠤᠯᠵᠢᠯᠠᠬᠴᠢ ᠳᠤ ᠶᠠᠷᠢᠵᠤ ᠪᠢᠯᠡ᠃ ᠠᠷᠭᠠᠢ ᠬᠠᠷᠪᠤᠭᠠᠴᠢ ᠶᠢ ᠬᠥᠮᠥᠵᠢᠭᠦᠯᠬᠦ᠂ ᠠᠷᠭᠠᠢ ᠬᠢᠬᠦ ᠠᠷᠭ᠎ᠠ ᠮᠠᠶ᠋ᠢᠭ ᠢ ᠥᠪᠯᠡᠨ ᠤᠯᠠᠮᠵᠢᠯᠠᠬᠤ᠂ ᠮᠥᠰᠥᠨ ᠳᠡᠭᠡᠷᠡᠬᠢ ᠠᠷᠭᠠᠢ ᠨᠠᠭᠠᠳᠤᠮ ᠤᠨ ᠪᠡᠶ᠎ᠡ ᠶᠢᠨ ᠲᠠᠮᠢᠷ ᠤᠨ ᠬᠥᠳᠡᠯᠭᠡᠭᠡᠨ ᠤ ᠡᠯ᠎ᠡ ᠵᠦᠶ᠋ᠯ ᠤᠨ ᠳᠦᠷᠢᠮ ᠵᠡᠷᠭᠡ ᠶᠢ ᠤᠯᠠᠮ ᠴᠠᠭᠠᠰᠢᠳᠠ ᠳᠦᠷᠢᠮᠵᠢᠭᠦᠯᠬᠦ ᠵᠡᠷᠭᠡ ᠪᠣᠯ ᠬᠤᠵᠢᠮ ᠬᠤᠶᠢᠰᠢᠳᠠ ᠠᠯᠬᠤᠮ ᠬᠤᠪᠢᠶᠠᠵᠤ᠂ ᠲᠥᠷᠥᠯᠵᠢᠭᠦᠯᠦᠨ ᠭᠦᠢᠴᠡᠳᠬᠡᠬᠦ ᠴᠢᠬᠤᠯᠠᠲᠠᠢ ᠠᠵᠢᠯ ᠤᠳ ᠪᠣᠯᠣᠨ᠎ᠠ᠃      ︵ᠲᠤᠰ ᠵᠣᠬᠢᠶᠠᠯ ᠤᠨ ᠭᠡᠷᠡᠯ ᠵᠢᠷᠤᠭ ᠢ ᠠᠷᠤ ᠬᠤᠷᠴᠢᠨ ᠬᠤᠰᠢᠭᠤ ᠶᠢᠨ ᠰᠣᠶᠣᠯ ᠪᠡᠶ᠎ᠡ ᠶᠢᠨ ᠲᠠᠮᠢᠷ ᠷᠠᠳᠢᠣ᠋ ᠲᠧᠯᠸᠢᠰ ᠲᠣᠪᠴᠢᠶ᠎ᠠ ᠶᠢᠨ ᠪᠥᠬᠡᠪᠠᠭᠠᠲᠤᠷ ᠬᠠᠩᠭᠠᠪᠠ︶ 
ᠢᠷᠡᠯᠲᠡ᠄ ᠳᠣᠮᠳᠠᠳᠣ ᠣᠯᠣᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ