ᠤᠳᠪᠠᠯᠠ ᠴᠡᠴᠡᠭ ᠲᠡᠭᠦᠭᠰᠡᠨ ᠤᠴᠢᠷᠲᠠᠢ ᠰᠠᠶᠢᠬᠠᠨ ᠬᠢᠴᠢᠶᠡᠯ
ᠨᠡᠶᠢᠲᠡᠯᠡᠭᠰᠡᠨ ᠴᠠᠭ᠄
2022/10/20
       ︽ᠠᠵᠢᠯ ᠬᠢᠵᠦ ᠬᠥᠮᠥᠨ ᠪᠤᠯᠳᠠᠭ᠂ ᠠᠷᠠᠯ ᠳᠠᠪᠠᠵᠤ ᠭᠦᠯᠦᠭ ᠪᠤᠯᠳᠠᠭ︾  ᠭᠡᠳᠡᠭ ᠢᠶᠠᠷ ᠭᠦᠳᠡᠯᠮᠦᠷᠢ ᠪᠣᠯ ᠬᠥᠮᠥᠨ ᠤ ᠠᠮᠢᠳᠤᠷᠠᠯ ᠤᠨ ᠠᠩᠬᠠᠨ ᠤ ᠬᠢᠴᠢᠶᠡᠯ ᠪᠢᠯᠡ᠃ ᠡᠯᠪᠡᠭ ᠬᠤᠷᠢᠶᠠᠯᠲᠠ ᠶᠢᠨ ᠡᠭᠡᠰᠢᠭ ᠬᠠᠩᠭᠢᠨᠠᠭᠤᠯᠤᠭᠰᠠᠨ ᠠᠯᠳᠠᠨ ᠨᠠᠮᠤᠷ  ᠰᠤᠷᠤᠬᠴᠢᠳ ᠲᠤ ᠡᠬᠡ ᠪᠠᠶᠢᠭᠠᠯᠢ᠂ ᠨᠠᠮᠤᠷ  ᠤᠨ ᠥᠩᠭᠡ ᠦᠵᠡᠮᠵᠢ᠂ ᠡᠯᠪᠡᠭ ᠬᠤᠷᠢᠶᠠᠯᠲᠠ ᠶᠢᠨ ᠪᠠᠶᠠᠷ ᠪᠠᠭ᠋ᠠᠳᠤᠯ ᠢ ᠣᠶᠢᠯᠠᠭᠠᠭᠤᠯᠬᠤ ᠶᠢᠨ ᠲᠥᠯᠥᠭᠡ᠂ 9 ᠰᠠᠷ᠎ᠠ ᠶᠢᠨ ᠰᠡᠭᠦᠯᠴᠢ ᠪᠠᠷ ᠭᠦᠭᠡᠬᠤᠳᠠ ᠶᠢᠨ ᠲᠤᠷᠰᠢᠯᠲᠠ ᠶᠢᠨ ᠳᠤᠮᠳᠠᠳᠤ ᠰᠤᠷᠭᠠᠭᠤᠯᠢ ᠶᠢᠨ ᠭᠤᠸᠠᠩ ᠬᠤᠸᠠ ᠰᠤᠷᠭᠠᠭᠤᠯᠢ ᠶᠢᠨ ᠲᠣᠭᠤᠷᠢᠭ ᠤᠨ ᠬᠢᠨ ᠰᠤᠷᠤᠬᠴᠢᠳ ᠢᠶᠠᠨ ᠵᠣᠬᠢᠶᠠᠨ ᠪᠠᠶᠢᠭᠤᠯᠵᠤ᠂ ᠭᠦᠭᠡᠬᠤᠳᠠ ᠶᠢᠨ ᠰᠢᠨ᠎ᠡ ᠬᠤᠳᠠ ᠲᠣᠭᠤᠷᠢᠭ ᠤᠨ ᠪᠣᠷᠣᠬᠤᠰᠢᠭᠤ ᠪᠠᠯᠭᠠᠰᠤ ᠶᠢᠨ ᠳ᠋ᠠ ᠶᠣᠣ ᠳᠤᠰᠬᠤᠨ ᠤ ᠬᠠᠩᠵᠧᠦ ᠶᠢᠨ ᠴᠠᠭᠠᠨ ᠤᠳᠪᠠᠯᠠ ᠲᠠᠷᠢᠶᠠᠯᠠᠩ  ᠤᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠵᠢᠱᠢᠶ᠎ᠡ ᠦᠵᠡᠭᠦᠯᠭᠦ ᠬᠦᠷᠢᠶᠡᠯᠡᠩ ᠳᠤ ᠤᠳᠪᠠᠯᠠ ᠴᠡᠴᠡᠭ ᠳᠡᠭᠦᠭᠦ ᠭᠦᠳᠡᠯᠮᠦᠷᠢ ᠶᠢᠨ ᠬᠢᠴᠢᠶᠡᠯ ᠣᠷᠣᠭᠰᠠᠨ ᠪᠠᠶᠢᠯ᠎ᠠ᠃
     6380180056636048932384804.png
       ᠵᠢᠱᠢᠶ᠎ᠡ ᠦᠵᠡᠭᠦᠯᠭᠦ ᠬᠦᠷᠢᠶᠡᠯᠡᠩ ᠳᠤ ᠳᠠᠷᠢᠭᠰᠠᠨ 30 ᠭᠠᠷᠤᠢ ᠮᠦ ᠬᠠᠩᠵᠧᠦ ᠶᠢᠨ ᠴᠠᠭᠠᠨ ᠤᠳᠪᠠᠯᠠ ᠪᠤᠳᠠ ᠪᠤᠳᠠ ᠪᠠᠷ ᠰᠢᠷᠭᠠᠯᠲᠤᠨ ᠳᠡᠯᠭᠡᠷᠡᠵᠦ ᠠᠩᠬᠢᠯᠤᠮ᠎ᠠ ᠦᠨᠦᠷ ᠰᠡᠩᠭᠢᠨᠡᠭᠦᠯᠦᠨ᠎ᠡ᠃ ᠤᠳᠪᠠᠯᠠ ᠴᠡᠴᠡᠭ ᠳᠡᠭᠦᠭᠦ ᠭᠦᠳᠡᠯᠮᠦᠷᠢ ᠶᠢᠨ ᠬᠢᠴᠢᠶᠡᠯ ᠳᠤ ᠣᠷᠤᠯᠴᠠᠬᠤ ᠪᠠᠷ ᠢᠷᠡᠭᠰᠡᠨ ᠰᠤᠷᠤᠬᠴᠢᠳ ᠬᠤᠶᠠᠷ ᠭᠤᠷᠪᠠ  ᠪᠠᠷ ᠨᠢᠭᠡ ᠳᠤᠭᠤᠶᠢᠯᠠᠩ ᠪᠣᠯᠵᠤ ᠴᠡᠴᠡᠭ ᠳᠡᠭᠦᠭᠦ ᠪᠠᠭᠠᠵᠢ ᠬᠡᠷᠡᠭᠰᠡᠯ ᠢᠶᠠᠨ ᠪᠦᠷᠢᠳᠦᠭᠦᠯᠵᠦ ᠪᠠᠶᠠᠷ ᠭᠦᠷ ᠲᠠᠢ ᠠᠵᠢᠯᠯᠠᠵᠤ ᠡᠬᠢᠯᠡᠯ᠎ᠡ᠃ ᠴᠡᠴᠡᠭ ᠳᠡᠭᠦᠭᠦ ᠶᠢ ᠠᠩᠬ᠎ᠠ ᠰᠤᠷᠤᠬᠰᠠᠨ ᠳᠡᠳᠡ ᠨᠠᠷ ᠨᠠᠷᠢᠨ ᠬᠢᠨᠠᠮᠠᠭᠠᠢ ᠳᠡᠭᠦᠭᠦ ᠶᠢᠨ ᠬᠠᠮᠲᠤ ᠬᠤᠭᠤᠷᠣᠨᠳᠤ  ᠪᠠᠨ ᠪᠠᠶᠠᠷ ᠭᠦᠷ ᠲᠠᠢ ᠤᠷᠤᠯᠳᠤᠵᠠᠭᠠᠵᠤ ᠪᠠᠶᠢᠯ᠎ᠠ᠃ ᠵᠤᠯᠠᠢ ᠲᠥᠭᠡᠨᠡᠬᠦ ᠨᠠᠷᠠᠨ ᠳᠤ ᠬᠥᠯᠥᠰᠦ ᠠᠰᠬᠠᠷᠠᠭᠤᠯᠤᠨ ᠬᠥᠭᠵᠢᠯᠲᠡᠢ ᠬᠥᠳᠡᠯᠮᠦᠷᠢᠯᠡᠬᠦ ᠰᠤᠷᠤᠬᠴᠢᠳ ᠤᠳᠠᠯ ᠦᠭᠡᠢ ᠥᠪᠡᠷᠰᠡᠳ ᠤᠨ ᠳᠡᠭᠦᠵᠢᠯᠡᠭᠰᠡᠨ ᠰᠠᠭᠤᠯᠠᠭ᠎ᠠ ᠪᠠᠨ ᠳᠦᠭᠦᠷᠭᠡᠵᠦ ᠤᠭᠤᠲᠠᠨ  ᠳᠠᠭᠠᠨ ᠰᠠᠪᠠᠯᠠᠬᠤ ᠲᠡᠷᠡ ᠬᠦ   ᠭᠱᠠᠨ ᠳᠤ ᠴᠢᠷᠠᠢ ᠳᠦᠭᠦᠷᠡᠩ ᠪᠠᠶᠠᠷ ᠵᠢᠷᠭᠠᠯ ᠲᠣᠳᠣᠷᠠᠨ᠎ᠠ᠃ ᠡᠨᠡ ᠪᠣᠯ ᠳᠡᠳᠡᠨ ᠤ ᠰᠢᠷᠭᠠᠭᠤ ᠬᠠᠲᠠᠭᠤᠵᠢᠯᠲᠠᠢ ᠭᠦᠳᠡᠯᠮᠦᠷᠢ ᠪᠠᠷ  ᠢᠶᠠᠨ ᠰᠣᠯᠢᠭᠰᠠᠨ ᠭᠦᠳᠡᠯᠮᠦᠷᠢ ᠶᠢᠨ ᠦᠷ᠎ᠡ ᠪᠦᠲᠦᠭᠡᠯ᠂ ᠭᠦᠳᠡᠯᠮᠦᠷᠢ ᠶᠢᠨ ᠪᠠᠶᠠᠷ ᠵᠢᠷᠭᠠᠯ  ᠪᠣᠯᠣᠨ᠎ᠠ᠃     ᠲᠠᠷᠢᠶᠠᠨ ᠳᠤ ᠢᠷᠡᠵᠦ ᠴᠡᠴᠡᠭ ᠲᠡᠭᠦᠭᠰᠡᠨ ᠡᠨᠡ ᠤᠳᠠᠭ᠎ᠠ ᠶᠢᠨ ᠠᠮᠢᠳᠤᠯᠢᠭ ᠪᠣᠳᠠᠲᠠᠢ ᠭᠦᠳᠡᠯᠮᠦᠷᠢ ᠶᠢᠨ ᠬᠢᠴᠢᠶᠡᠯ ᠳᠤ ᠰᠢᠨ᠎ᠡ ᠬᠤᠲᠠ ᠲᠣᠭᠤᠷᠢᠭ ᠤᠨ ᠠᠮᠢᠳᠤ ᠪᠣᠳᠠᠰ ᠤᠨ ᠵᠢᠭᠠᠨ ᠰᠤᠳᠤᠯᠤᠭᠴᠢ ᠴᠢᠶᠣᠤ ᡁᠢ ᠴᠢᠶᠠᠩ᠂ ᠭᠤᠸᠠᠩ ᠬᠤᠸᠠ ᠰᠤᠷᠭᠠᠭᠤᠯᠢ ᠶᠢᠨ ᠲᠣᠭᠤᠷᠢᠭ ᠤᠨ ᠠᠮᠢᠳᠤ ᠪᠣᠳᠠᠰ ᠤᠨ ᠪᠠᠭᠰᠢ ᠯᠢᠨ ᠱᠤᠤ ᠮᠢᠨ ᠲᠤᠬᠠᠢ ᠶᠢᠨ ᠲᠠᠯᠠᠪᠠᠢ ᠳᠤ ᠰᠤᠷᠤᠬᠴᠢᠳ ᠢ ᠵᠢᠯᠣᠭᠤᠳᠤᠨ ᠤᠳᠪᠠᠯᠠ ᠴᠡᠴᠡᠭ ᠤᠨ ᠨᠠᠪᠴᠢ᠂ ᠴᠡᠴᠡᠭ᠂ ᠲᠣᠭᠤᠷᠴᠤᠭ ᠵᠡᠷᠭᠡ ᠶᠢ ᠨᠠᠷᠢᠯᠢᠭ ᠠᠵᠢᠭᠯᠠᠭᠤᠯᠬᠤ ᠶᠢᠨ ᠬᠠᠮᠲᠤ ᠰᠤᠷᠤᠬᠴᠢᠳ ᠲᠠᠢ ᠬᠠᠮᠲᠤ ᠴᠡᠴᠡᠭ ᠲᠡᠭᠦᠵᠦ᠂ ᠪᠠᠭᠰᠢ ᠰᠤᠷᠤᠬᠴᠢᠳ ᠬᠠᠮᠲᠤ ᠪᠠᠷ ᠰᠤᠷᠤᠯᠴᠠᠨ ᠬᠠᠮᠲᠤ ᠪᠠᠷ ᠬᠥᠳᠡᠯᠮᠦᠷᠢᠯᠡᠵᠦ ᠪᠠᠶᠢᠯ᠎ᠠ᠃    ᠤᠳᠪᠠᠯᠠ ᠶᠢᠨ ᠭᠡᠯᠪᠡᠷᠢ ᠳᠦᠷᠰᠦ ᠪᠠ ᠣᠨᠴᠠᠯᠢᠭ ᠰᠢᠨᠵᠢ᠂ ᠤᠳᠪᠠᠯᠠ ᠶᠢᠨ ᠹᠢᠽᠢᠣᠯᠣᠭᠢ ᠶᠢᠨ ᠠᠵᠢᠯᠯᠠᠭ᠎ᠠ ᠁ ᠰᠤᠷᠤᠬᠴᠢᠳ ᠴᠡᠴᠡᠭ ᠲᠡᠭᠦᠵᠦ ᠪᠠᠷᠠᠭᠰᠠᠨ ᠤ ᠳᠠᠷᠠᠭ᠎ᠠ᠂ ᠯᠢᠨ ᠱᠤᠤ ᠮᠢᠨ ᠪᠠᠭᠰᠢ ᠲᠠᠷᠢᠶᠠᠨ ᠵᠠᠬ᠎ᠠ ᠳᠤ ᠤᠳᠪᠠᠯᠠ ᠴᠡᠴᠡᠭ ᠤᠨ ᠲᠤᠬᠠᠢ ᠰᠤᠷᠤᠬᠴᠢᠳ ᠲᠤ  ᠨᠠᠷᠢᠯᠢᠭ ᠲᠠᠶᠢᠯᠪᠤᠷᠢᠯᠠᠵᠤ ᠦᠭᠭᠦ ᠶᠢᠨ ᠳᠠᠭᠠᠤ ᠬᠡᠯᠡᠭᠡᠢ ᠰᠠᠷᠠᠨ᠎ᠠ ᠴᠡᠴᠡᠭ᠂ ᠨᠡᠷᠡᠨ ᠬᠤᠸᠠᠷ᠂ ᠡᠷᠳᠡᠨᠢ ᠰᠢᠰᠢ ᠶᠢᠨ ᠲᠤᠬᠠᠢ ᠴᠸ ᠲᠠᠶᠢᠯᠪᠤᠷᠢᠯᠠᠵᠤ᠂ ᠰᠤᠷᠤᠬᠴᠢᠳ ᠤᠨ ᠬᠢᠴᠢᠶᠡᠯ ᠤᠨ ᠲᠠᠩᠬᠢᠮ ᠤᠨ ᠮᠡᠳᠡᠯᠭᠡ  ᠪᠠᠨ ᠪᠠᠲᠤᠳᠬᠠᠬᠤ ᠶᠢᠨ ᠵᠡᠷᠭᠡ ᠪᠠᠷ ᠬᠢᠴᠢᠶᠡᠯ ᠤᠨ ᠭᠠᠳᠠᠨᠠᠬᠢ ᠮᠡᠳᠡᠯᠭᠡ ᠶᠢ ᠡᠵᠡᠮᠰᠢᠬᠦ ᠶᠢ ᠠᠬᠢᠭᠤᠯᠵᠤ᠂ ᠰᠤᠷᠤᠬᠴᠢᠳ ᠤᠨ ᠰᠤᠳᠤᠯᠤᠨ ᠰᠦᠪᠡᠭᠴᠢᠯᠡᠬᠦ ᠳᠤᠷ᠎ᠠ ᠰᠣᠨᠢᠷᠬᠠᠯ ᠢ ᠬᠥᠭᠵᠢᠭᠡᠯ᠎ᠡ᠃     ᠲᠠᠷᠢᠶᠠᠨ ᠵᠠᠬ᠎ᠠ ᠳᠠᠬᠢ ᠬᠢᠴᠢᠶᠡᠯ ᠤᠨ ᠲᠠᠩᠬᠢᠮ ᠤᠨ ᠵᠢᠭᠠᠨ ᠰᠤᠷᠭᠠᠯᠲᠠ ᠨᠢ ᠵᠢᠭᠠᠨ ᠰᠤᠷᠭᠠᠯᠲᠠ ᠪᠠ ᠭᠦᠳᠡᠯᠮᠦᠷᠢ ᠦᠢᠯᠡᠳᠦᠯᠭᠡ ᠶᠢ ᠨᠢᠭᠲᠠ ᠤᠶᠠᠯᠳᠤᠭᠤᠯᠵᠤ᠂ ᠰᠤᠷᠤᠬᠴᠢᠳ ᠢ ᠦᠢᠯᠡᠳᠦᠯᠭᠡ ᠶᠢᠨ ᠳᠤᠮᠳᠠ ᠰᠦᠪᠡᠭᠴᠢᠯᠡᠯᠲᠡ ᠭᠢᠯᠭᠡᠵᠦ᠂ ᠰᠤᠷᠤᠯᠴᠠᠯᠭ᠎ᠠ ᠶᠢᠨ ᠳᠤᠮᠳᠠ ᠮᠡᠳᠡᠯᠭᠡ ᠡᠵᠡᠮᠰᠢᠭᠦᠯᠦᠯ᠎ᠡ᠃ ᠡᠶᠢᠨ ᠬᠦ ᠰᠢᠨ᠎ᠡ᠂ ᠠᠮᠢᠳᠤᠯᠢᠭ ᠵᠢᠭᠠᠨ ᠰᠤᠷᠭᠠᠯᠲᠠ ᠶᠢᠨ ᠠᠷᠭ᠎ᠠ ᠮᠠᠶ᠋ᠢᠭ ᠨᠢ ᠰᠤᠷᠤᠬᠴᠢᠳ ᠤᠨ ᠠᠩᠬᠠᠷᠤᠯ ᠢ ᠥᠪᠡᠷ ᠤᠨ ᠡᠷᠬᠡ ᠦᠭᠡᠢ ᠲᠠᠲᠠᠵᠤ᠂ ︽ᠪᠠᠭᠰᠢ ᠶᠢᠨ ᠶᠠᠷᠢᠭᠰᠠᠨ ᠢ ᠪᠦᠷ ᠣᠶᠢᠯᠠᠭᠠᠵᠤ ᠴᠡᠭᠡᠵᠢᠯᠡᠴᠢᠬᠡᠯ᠎ᠡ︾ ᠭᠡᠵᠦ ᠳᠡᠳᠡ ᠨᠠᠷ ᠰᠡᠮ ᠶᠠᠷᠢᠵᠠᠭᠠᠵᠤ ᠪᠠᠶᠢᠯ᠎ᠠ᠃ᠠᠬᠠᠮᠠᠳ ᠨᠠᠰᠤᠲᠠᠳ ᠢᠶᠠᠨ ᠠᠴᠢᠯᠠᠨ ᠬᠦᠨᠳᠦᠯᠡᠬᠦ ᠪᠣᠯ ᠳᠤᠮᠳᠠᠳᠤ ᠶᠢᠨ ᠦᠨᠳᠦᠰᠦᠲᠡᠨ ᠤ ᠤᠯᠠᠮᠵᠢᠯᠠᠯᠲᠤ ᠡᠷᠬᠢᠮ ᠰᠤᠷᠲᠠᠯ ᠪᠢᠯᠡ᠃ ᠬᠢᠴᠢᠶᠡᠯ  ᠤᠨ ᠳᠠᠷᠠᠭ᠎ᠠ ᠰᠤᠷᠭᠠᠭᠤᠯᠢ ᠠᠴᠠ ᠪᠠᠰᠠ ᠬᠡᠦᠬᠡᠳ ᠤᠳ ᠥᠪᠡᠷ ᠤᠨ ᠲᠡᠭᠦᠭᠰᠡᠨ ᠤᠳᠪᠠᠯᠠ ᠴᠡᠴᠡᠭ ᠢᠶᠠᠷ ᠢᠶᠠᠨ ᠡᠪᠦᠭᠡ ᠡᠮᠡᠭᠡ᠂ ᠠᠪᠤ ᠡᠵᠢ ᠳᠡᠭᠡᠨ ᠴᠠᠢ ᠴᠢᠯᠡᠵᠦ ᠦᠭᠭᠦ ᠳᠠᠰᠬᠠᠯ ᠦᠯᠡᠳᠡᠭᠡᠵᠦ᠂ ᠬᠡᠦᠬᠡᠳ ᠲᠤ ᠠᠴᠢ ᠬᠠᠷᠢᠭᠤᠯᠠᠬᠤ ᠬᠥᠮᠦᠵᠢᠯ ᠬᠦᠷᠲᠡᠭᠡᠵᠡᠢ᠃ ᠭᠡᠷ ᠤᠨ ᠠᠬᠠᠮᠠᠳ ᠨᠠᠷ ᠠᠴᠠ ᠡᠨᠡ ᠬᠦ ᠤᠨᠴᠠᠭᠠᠢ ᠳᠠᠰᠬᠠᠯ ᠨᠢ ᠬᠡᠦᠬᠡᠳ ᠤᠨ ᠬᠥᠮᠥᠵᠢᠵᠦ ᠲᠣᠮᠣᠭᠠᠵᠢᠬᠤ ᠳᠤ ᠮᠠᠰᠢ ᠤᠳᠬ᠎ᠠ ᠠᠭᠤᠯᠭ᠎ᠠ ᠲᠠᠢ ᠭᠡᠵᠦ ᠰᠡᠳᠬᠢᠯ ᠳᠣᠭᠳᠣᠯᠤᠨ ᠶᠠᠷᠢᠵᠤ ᠪᠠᠶᠢᠯ᠎ᠠ᠃     ᠭᠦᠳᠡᠯᠮᠦᠷᠢ ᠶᠢᠨ ᠰᠤᠷᠭᠠᠨ ᠬᠥᠮᠦᠵᠢᠯ ᠪᠣᠯ ᠨᠢᠭᠡᠨ ᠮᠥᠬᠦᠯᠢᠭ ᠦᠷ᠎ᠡ ᠰᠢᠭ ᠪᠠᠶᠢᠳᠠᠭ᠃ ᠡᠨᠡ ᠬᠦ ᠮᠥᠬᠦᠯᠢᠭ ᠦᠷ᠎ᠡ ᠨᠢ ᠬᠥᠷᠥᠰᠥ ᠰᠢᠷᠣᠢ᠂ ᠨᠡᠷᠡᠨ ᠤ ᠭᠡᠷᠡᠯ᠂ ᠬᠤᠷ᠎ᠠ ᠪᠣᠷᠤᠭ᠎ᠠ ᠶᠢᠨ ᠤᠮᠳᠠᠯᠠᠯ ᠢᠶᠠᠷ᠂ ᠨᠠᠷᠢᠯᠢᠭ ᠠᠷᠠᠴᠢᠯᠠᠵᠤ ᠳᠣᠳᠣᠮᠳᠠᠬᠤ ᠶᠢᠨ ᠡᠷᠬᠡ ᠪᠠᠷ ᠠᠭᠠᠵᠢᠮ ᠢᠶᠠᠷ ᠤᠶᠤᠨ ᠤ ᠴᠡᠴᠡᠭᠡᠰ ᠪᠣᠯᠵᠤ ᠳᠡᠯᠭᠡᠷᠡᠬᠦ ᠨᠢ ᠯᠠᠪᠲᠠᠢ᠃ 
ᠢᠷᠡᠯᠲᠡ᠄ ᠳᠣᠮᠳᠠᠳᠣ ᠣᠯᠣᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ