ᠰᠢᠯᠢᠳᠡᠭ ᠤᠯᠠᠮᠵᠢᠯᠠᠯᠲᠤ ᠰᠣᠶᠣᠯ ᠤᠨ ᠬᠥᠮᠦᠵᠢᠯ ᠢ ᠴᠢᠩᠭᠠᠳᠬᠠᠶ᠎ᠠ
ᠨᠡᠶᠢᠲᠡᠯᠡᠭᠰᠡᠨ ᠴᠠᠭ᠄
2022/10/20
      ᠥᠨᠢ ᠤᠳᠠᠭᠠᠨ ᠤᠯᠠᠮᠵᠢᠯᠠᠯ ᠲᠠᠢ᠂ ᠳᠡᠯᠭᠡᠷ ᠪᠠᠶᠠᠨ ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠳᠤ ᠭᠦᠨ ᠵᠤᠵᠠᠭᠠᠨ ᠦᠵᠡᠯ ᠰᠠᠨᠠᠭ᠎ᠠ ᠶᠢᠨ ᠣᠶᠢᠯᠠᠭᠠᠭᠳᠠᠬᠤᠨ᠂ ᠦᠷᠳᠡᠭ ᠤᠨ ᠦᠵᠡᠯᠲᠡ ᠪᠠ ᠦᠨᠳᠦᠰᠦᠲᠡᠨ ᠤ ᠵᠣᠷᠢᠭ ᠰᠠᠨᠠᠭ᠎ᠠ ᠠᠭᠤᠯᠤᠭᠳᠠᠵᠤ ᠪᠠᠶᠢᠳᠠᠭ ᠠᠴᠠ ᠲᠡᠭᠦᠨ ᠢ ᠰᠤᠷᠴᠤ ᠤᠯᠠᠮᠵᠢᠯᠠᠬᠤ ᠨᠢ ᠪᠢᠳᠡᠨ ᠤ ᠰᠣᠶᠣᠯ ᠤᠨ ᠢᠲᠡᠭᠡᠯ ᠢᠶᠠᠨ ᠪᠠᠲᠤᠳᠬᠠᠵᠤ᠂ ᠪᠦᠬᠦᠯᠢ ᠴᠣᠭᠴᠠ ᠶᠢᠨ ᠬᠡᠪ ᠴᠢᠨᠠᠷ ᠢᠶᠠᠨ ᠳᠡᠭᠡᠭᠰᠢᠯᠡᠭᠦᠯᠵᠦ᠂ ᠨᠡᠶᠢᠭᠡᠮ ᠤᠨ ᠬᠥᠭᠵᠢᠯᠲᠡ᠂ ᠨᠡᠶᠢᠭᠡᠮ ᠤᠨ ᠡᠶ᠎ᠡ ᠵᠣᠬᠢᠴᠠᠯ ᠢ ᠠᠬᠢᠭᠤᠯᠬᠤ ᠳᠤ ᠮᠠᠰᠢ ᠢᠳᠡᠪᠬᠢ ᠦᠢᠯᠡᠳᠦᠯ ᠦᠵᠡᠭᠦᠯᠳᠡᠭ᠃ᠡᠶᠢᠨ ᠬᠦ  ᠤᠯᠤᠰ ᠣᠷᠣᠨ ᠤ ᠢᠷᠡᠭᠡᠳᠦᠢ ᠪᠣᠯᠤᠭᠰᠠᠨ ᠵᠠᠯᠠᠭᠤᠴᠤᠳ ᠪᠠᠭᠠᠴᠤᠳ ᠲᠠᠭᠠᠨ ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠤᠨ ᠬᠥᠮᠦᠵᠢᠯ ᠢ ᠭᠦᠨᠵᠡᠭᠡᠢ ᠥᠷᠨᠢᠭᠦᠯᠵᠦ᠂ ᠲᠡᠳᠡᠨ ᠤ ᠬᠠᠷᠠᠬᠠᠨ ᠪᠠᠭ᠎ᠠ ᠠᠴᠠ ᠪᠠᠨ ᠵᠥᠪ ᠶᠢᠷᠲᠢᠨᠴᠦ ᠶᠢᠨ ᠦᠵᠡᠯᠲᠡ᠂ ᠠᠮᠢᠳᠤᠷᠠᠬᠤᠢ ᠶᠢᠨ ᠦᠵᠡᠯᠲᠡ᠂ ᠦᠷᠳᠡᠭ ᠤᠨ ᠦᠵᠡᠯᠲᠡ ᠲᠠᠢ ᠬᠥᠮᠥᠵᠢᠬᠦ ᠪᠠ ᠰᠠᠶᠢᠨ ᠰᠠᠶᠢᠬᠠᠨ ᠦᠵᠡᠯ ᠰᠠᠨᠠᠭ᠎ᠠ ᠬᠡᠪ ᠪᠣᠯᠪᠠᠰᠤᠷᠠᠯ ᠢ ᠪᠦᠷᠢᠯᠳᠦᠭᠦᠯᠬᠦ᠂ ᠨᠡᠶᠢᠭᠡᠮ ᠵᠢᠷᠤᠮ ᠤᠨ ᠭᠤᠣᠯᠯᠠᠭᠴᠢ ᠦᠷᠳᠡᠭ ᠤᠨ ᠦᠵᠡᠯᠲᠡ ᠶᠢ ᠪᠣᠳᠠᠲᠠᠢ ᠳᠤ ᠦᠢᠯᠡᠳᠦᠯᠭᠡᠵᠢᠭᠦᠯᠬᠦ ᠶᠢ ᠠᠬᠢᠭᠤᠯᠪᠠᠯ ᠵᠣᠬᠢᠨ᠎ᠠ᠃     ᠰᠢᠯᠢᠳᠡᠭ ᠤᠯᠠᠮᠵᠢᠯᠠᠯᠲᠤ ᠰᠣᠶᠣᠯ ᠢᠶᠠᠨ ᠵᠠᠯᠠᠭᠤᠴᠤᠳ ᠪᠠᠭᠠᠴᠤᠳ ᠲᠤ ᠰᠠᠶᠢᠲᠤᠷ ᠤᠯᠠᠮᠵᠢᠯᠠᠬᠤ ᠳᠤ ᠳᠡᠳᠡᠨ ᠤ ᠨᠠᠰᠤᠨ ᠤ ᠣᠨᠴᠠᠯᠢᠭ ᠲᠤ ᠲᠣᠬᠢᠷᠠᠭᠤᠯᠵᠤ ᠥᠪᠯᠡᠨ ᠤᠯᠠᠮᠵᠢᠯᠠᠭᠤᠯᠬᠤ ᠲᠣᠳᠣᠷᠬᠠᠢ ᠬᠠᠷᠠᠯᠲᠠ ᠲᠣᠭᠲᠠᠭᠠᠵᠤ᠂ ᠥᠪᠯᠡᠨ ᠤᠯᠠᠮᠵᠢᠯᠠᠬᠤ ᠠᠷᠭ᠎ᠠ ᠵᠠᠮ ᠤᠨ ᠲᠠᠯ᠎ᠠ ᠪᠠᠷ ᠤᠯᠠᠨ ᠶᠠᠩᠵᠤ ᠶᠢᠨ ᠠᠮᠢᠳᠤᠯᠢᠭ ᠭᠡᠯᠪᠡᠷᠢ  ᠶᠢ ᠰᠦᠪᠡᠭᠴᠢᠯᠡᠵᠦ ᠪᠣᠯᠣᠨ᠎ᠠ᠃ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠬᠴᠢᠳ ᠲᠤ ᠠᠪᠴᠤ ᠬᠡᠯᠡᠪᠡᠯ ᠰᠤᠷᠭᠠᠭᠤᠯᠢ ᠶᠢᠨ ᠳᠤᠷ᠎ᠠ ᠰᠣᠨᠢᠷᠬᠠᠯᠳᠤ ᠬᠢᠴᠢᠶᠡᠯ ᠨᠡᠭᠡᠭᠡᠬᠦ ᠳᠡᠭᠡᠨ ᠰᠤᠷᠭᠠᠭᠤᠯᠢ ᠪᠠ ᠰᠤᠷᠤᠬᠴᠢ ᠶᠢᠨ ᠪᠣᠳᠠᠲᠤ ᠪᠠᠶᠢᠳᠠᠯ ᠠᠴᠠ ᠪᠠᠨ ᠡᠭᠦᠰᠴᠦ ᠤᠯᠠᠮᠵᠢᠯᠠᠯᠲᠤ ᠶᠣᠰᠣ ᠰᠤᠷᠲᠠᠬᠤᠨ᠂ ᠵᠠᠩ ᠵᠠᠩᠰᠢᠯ᠂ ᠤᠷᠠᠨ ᠪᠢᠴᠢᠯᠭᠡ᠂ ᠳᠠᠭᠤᠤ ᠤᠷᠠᠯᠢᠭ᠂ ᠭᠠᠷ ᠤᠷᠠᠯᠠᠯ᠂ ᠳᠤᠮᠳᠠᠳᠤ ᠶᠢᠨ ᠰᠣᠩᠭᠤᠳᠠᠭ ᠰᠢᠯᠦᠭ ᠵᠣᠬᠢᠶᠠᠯ ᠤᠨ ᠰᠣᠨᠢᠷᠬᠠᠯ ᠮᠡᠲᠦ ᠶᠢᠨ ᠤᠯᠠᠨ ᠡᠰᠢᠲᠦ ᠤᠯᠠᠮᠵᠢᠯᠠᠯᠲᠤ ᠰᠣᠶᠣᠯ ᠤᠨ ᠠᠭᠤᠯᠭ᠎ᠠ ᠶᠢ ᠪᠠᠶᠠᠯᠢᠭᠵᠢᠭᠤᠯᠵᠤ᠂ ᠰᠤᠷᠤᠯᠴᠠᠪᠠᠯ ᠵᠣᠬᠢᠬᠤ ᠲᠣᠭᠲᠠᠭᠰᠠᠨ ᠴᠠᠭ ᠢ ᠪᠠᠲᠤᠯᠠᠵᠤ ᠪᠣᠯᠣᠨ᠎ᠠ᠃ ᠰᠤᠷᠭᠠᠭᠤᠯᠢ ᠶᠢᠨ ᠡᠳᠦᠷ ᠳᠤᠳᠤᠮ ᠤᠨ ᠵᠢᠭᠠᠨ ᠰᠤᠷᠭᠠᠯᠲᠠ ᠳᠤ ᠪᠠᠭᠰᠢ ᠨᠠᠷ ᠰᠢᠯᠢᠳᠡᠭ ᠤᠯᠠᠮᠵᠢᠯᠠᠯᠲᠤ ᠰᠣᠶᠣᠯ ᠤᠨ ᠬᠥᠮᠦᠵᠢᠯ ᠤᠨ ᠦᠢᠯᠡᠳᠦᠯᠭᠡᠵᠢᠭᠦᠯᠦᠭᠴᠢ ᠪᠣᠯᠵᠤ᠂ ᠬᠡᠯᠡ ᠪᠢᠴᠢᠭ᠂ ᠲᠡᠦᠬᠡ᠂ ᠶᠣᠰᠣ ᠰᠤᠷᠲᠠᠬᠤᠨ ᠪᠠ ᠬᠠᠤᠯᠢ ᠪᠠᠷ ᠵᠠᠰᠠᠬᠤᠢ᠂ ᠤᠷᠠᠯᠢᠭ ᠪᠠ ᠲᠠᠮᠢᠷ ᠤᠨ ᠬᠢᠴᠢᠶᠡᠯ ᠳᠡᠭᠡᠨ ᠰᠢᠯᠢᠳᠡᠭ ᠤᠯᠠᠮᠵᠢᠯᠠᠯᠲᠤ ᠰᠣᠶᠣᠯ ᠤᠨ ᠬᠥᠮᠦᠵᠢᠯ ᠢ ᠠᠭᠤᠰᠬᠠᠵᠤ᠂ ᠰᠤᠷᠤᠬᠴᠢᠳ ᠲᠠᠭᠠᠨ ᠰᠢᠯᠢᠳᠡᠭ ᠰᠣᠶᠣᠯ ᠤᠨ ᠤᠭᠢ ᠰᠢᠮ᠎ᠡ ᠶᠢ ᠬᠦᠷᠲᠡᠭᠡᠵᠦ ᠪᠣᠯᠣᠨ᠎ᠠ᠃ ᠰᠤᠷᠭᠠᠭᠤᠯᠢ ᠨᠢ ᠪᠠᠰᠠ ᠦᠢᠯᠡᠳᠦᠯᠭᠡ ᠶᠢᠨ ᠬᠢᠴᠢᠶᠡᠯ ᠢ ᠢᠯᠡᠭᠦᠬᠡᠨ ᠲᠥᠰᠥᠪᠯᠡᠵᠦ᠂ ᠰᠤᠷᠭᠠᠭᠤᠯᠢ  ᠶᠢᠨ ᠰᠣᠶᠣᠯ ᠤᠨ ᠨᠠᠶᠢᠷ᠂ ᠮᠡᠳᠡᠯᠭᠡ ᠶᠢᠨ ᠤᠷᠤᠯᠳᠤᠭᠠᠨ᠂ ᠤᠷᠠᠨ ᠰᠠᠶᠢᠬᠠᠨ ᠤ ᠳᠤᠬᠯᠠᠯᠳᠠ᠂ ᠲᠠᠮᠢᠷ ᠤᠨ ᠬᠥᠳᠡᠯᠭᠡᠭᠡᠨ ᠮᠡᠲᠦ ᠶᠢᠨ ᠡᠯ᠎ᠡ ᠵᠦᠢᠯ ᠤᠨ ᠭᠤᠣᠯ ᠰᠡᠳᠦᠪᠲᠦ ᠬᠥᠳᠡᠯᠭᠡᠭᠡᠨ ᠡᠷᠭᠢᠯᠡᠭᠦ ᠳᠡᠭᠡᠨ ᠰᠢᠯᠢᠳᠡᠭ ᠤᠯᠠᠮᠵᠢᠯᠠᠯᠲᠤ ᠰᠣᠶᠣᠯ ᠤᠨ ᠬᠥᠮᠦᠵᠢᠯ ᠢ ᠠᠭᠤᠰᠬᠠᠵᠤ᠂ ᠰᠤᠷᠤᠬᠴᠢᠳ ᠤᠨ ᠣᠷᠤᠯᠴᠠᠯᠭ᠎ᠠ ᠶᠢ ᠲᠠᠶᠢᠴᠢᠯᠠᠵᠤ᠂ ᠤᠯᠠᠮᠵᠢᠯᠠᠯᠲᠤ ᠰᠣᠶᠣᠯ ᠢ ᠰᠤᠷᠤᠯᠴᠠᠨ ᠤᠯᠠᠮᠵᠢᠯᠠᠬᠤ ᠤᠷᠮ᠎ᠠ ᠪᠠᠬ᠎ᠠ ᠶᠢ ᠨᠢ ᠬᠥᠭᠵᠢᠭᠡᠵᠦ ᠪᠣᠯᠣᠨ᠎ᠠ᠃    ᠶᠡᠭᠡ ᠳᠡᠭᠡᠳᠦ ᠰᠤᠷᠭᠠᠭᠤᠯᠢ ᠨᠢ ᠣᠶᠤᠲᠠᠳ ᠲᠤ ᠰᠢᠯᠢᠳᠡᠭ ᠤᠯᠠᠮᠵᠢᠯᠠᠯᠲᠤ ᠰᠣᠶᠣᠯ ᠤᠨ ᠬᠥᠮᠦᠵᠢᠯ ᠬᠦᠷᠲᠡᠭᠡᠬᠦ ᠳᠡᠭᠡᠨ ᠰᠢᠨ᠎ᠡ ᠶᠢ ᠡᠭᠦᠳᠭᠦ ᠪᠠ ᠦᠢᠯᠡᠳᠦᠯᠭᠡ  ᠶᠢᠨ ᠠᠵᠢᠯᠯᠠᠭ᠎ᠠ ᠳᠤ ᠣᠷᠤᠯᠴᠠᠬᠤ ᠶᠢ ᠴᠢᠬᠤᠯᠠᠴᠢᠯᠠᠵᠤ ᠠᠮᠢᠳᠤᠯᠢᠭ ᠪᠣᠳᠠᠲᠠᠢ ᠬᠥᠮᠦᠵᠢᠯ ᠬᠦᠷᠲᠡᠭᠡᠬᠦ ᠶᠢ ᠴᠢᠬᠤᠯᠠᠴᠢᠯᠠᠵᠤ ᠪᠣᠯᠣᠨ᠎ᠠ᠃ ᠵᠢᠱᠢᠶᠡᠯᠡᠪᠡᠯ ᠥᠪᠥᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠦᠨᠳᠦᠰᠦᠲᠡᠨ ᠤ ᠪᠦᠯᠬᠦᠮᠳᠡᠯ ᠳᠠᠪᠰᠢᠯᠳᠠ ᠶᠢᠨ ᠵᠢᠱᠢᠶ᠎ᠡ ᠦᠵᠡᠭᠦᠯᠭᠦ ᠠᠩᠭᠢ ᠶᠢᠨ 56 ᠣᠶᠤᠲᠠᠨ ᠣᠷᠴᠢᠮᠬᠠᠨ ᠥᠪᠥᠷ ᠮᠣᠩᠭᠤᠯ ᠤᠨ ᠲᠡᠦᠬᠡᠨ ᠳᠤᠷᠠᠰᠬᠠᠯᠲᠤ ᠵᠦᠢᠯᠡᠰ ᠢ ᠣᠷᠣᠯᠠᠨ ᠥᠭᠦᠯᠡᠵᠦ ᠲᠠᠨᠢᠯᠴᠠᠭᠤᠯᠬᠤ ᠠᠵᠢᠯᠯᠠᠭ᠎ᠠ ᠳᠤ ᠣᠷᠣᠯᠴᠠᠭᠠᠳ ᠬᠥᠮᠥᠨ ᠪᠦᠭᠦᠨ ᠮᠠᠰᠢ ᠶᠡᠭᠡ ᠣᠯᠣᠯᠲᠠ ᠲᠥᠷᠥᠭᠳᠡᠯ ᠲᠠᠢ ᠪᠣᠯᠤᠭᠰᠠᠨ ᠶᠤᠮ᠃ ᠲᠡᠦᠬᠡ ᠶᠢᠨ ᠳᠤᠷᠠᠰᠬᠠᠯᠲᠤ ᠵᠦᠢᠯᠡᠰ ᠢ ᠲᠣᠭᠠᠴᠢᠯᠠᠭᠤᠯᠤᠨ ᠲᠠᠨᠢᠯᠴᠠᠭᠤᠯᠬᠤ ᠠᠵᠢᠯᠯᠠᠭ᠎ᠠ ᠨᠢ ᠵᠠᠯᠠᠭᠤᠴᠤᠳ ᠤᠨ ᠭᠥᠯᠢᠶᠡᠨ ᠠᠪᠬᠤ ᠳᠤᠷ᠎ᠠ ᠰᠣᠨᠢᠷᠬᠠᠯ ᠳᠤ ᠨᠡᠶᠢᠴᠡᠭᠰᠡᠨ ᠠᠴᠠ ᠵᠠᠯᠠᠭᠤᠴᠤᠳ ᠲᠤ ᠶᠡᠭᠡ ᠪᠠᠷ  ᠬᠦᠷᠢᠶᠡᠯᠡᠭᠳᠡᠵᠦ ᠲᠤᠰᠬᠠᠯ ᠰᠠᠶᠢᠲᠠᠢ ᠪᠠᠶᠢᠵᠤ᠂ ᠰᠤᠷᠤᠬᠴᠢᠳ ᠲᠤ ᠳᠤᠮᠳᠠᠳᠤ ᠶᠢᠨ ᠤᠯᠠᠮᠵᠢᠯᠠᠯᠲᠤ ᠰᠣᠶᠣᠯ᠂ ᠳᠤᠮᠳᠠᠳᠤ ᠶᠢᠨ ᠪᠣᠯᠪᠠᠰᠤᠨ ᠢ ᠣᠶᠢᠯᠠᠭᠠᠭᠤᠯᠬᠤ ᠠᠮᠢᠳᠤᠯᠢᠭ ᠬᠥᠮᠦᠵᠢᠯ ᠬᠦᠷᠲᠡᠭᠡᠵᠦ ᠴᠢᠳᠠᠭᠰᠠᠨ ᠪᠠᠶᠢᠨ᠎ᠠ᠃     ᠵᠠᠯᠠᠭᠤᠴᠤᠳ ᠪᠠᠭᠠᠴᠤᠳ ᠲᠤ ᠰᠢᠯᠢᠳᠡᠭ ᠤᠯᠠᠮᠵᠢᠯᠠᠯᠲᠤ ᠰᠣᠶᠣᠯ ᠤᠨ ᠬᠥᠮᠦᠵᠢᠯ ᠬᠦᠷᠲᠡᠭᠡᠬᠦ ᠳᠡᠭᠡᠨ ᠪᠠᠰᠠ ᠦᠢᠯᠡᠳᠦᠯᠭᠡ ᠶᠢ ᠴᠢᠬᠤᠯᠠᠴᠢᠯᠠᠭᠰᠠᠨ ᠬᠤᠶᠠᠳᠠᠭᠢ ᠬᠢᠴᠢᠶᠡᠯ ᠤᠨ ᠲᠠᠩᠬᠢᠮ ᠢ ᠨᠡᠭᠡᠭᠡᠵᠦ ᠪᠣᠯᠣᠨ᠎ᠠ᠃ ᠰᠤᠷᠤᠬᠴᠢᠳ ᠢ ᠰᠣᠶᠣᠯ ᠤᠨ ᠦᠯᠡᠳᠡᠭᠳᠡᠯ᠂ ᠬᠠᠭᠤᠴᠢ ᠪᠠᠭᠤᠷᠢ᠂ ᠮᠦᠽᠧᠢ᠂ ᠲᠡᠦᠬᠡᠲᠦ ᠬᠥᠮᠥᠰ ᠤᠨ ᠬᠠᠭᠤᠴᠢᠨ ᠰᠠᠭᠤᠴᠠ ᠮᠡᠲᠦ ᠭᠠᠵᠠᠷ ᠢᠶᠠᠷ ᠰᠤᠳᠤᠯᠤᠨ ᠰᠤᠷᠤᠯᠴᠠᠭᠤᠯᠵᠤ᠂ ᠰᠤᠷᠤᠬᠴᠢᠳ ᠲᠤ ᠦᠨᠡᠨ ᠪᠣᠳᠠᠲᠤ ᠠᠬᠤᠢ ᠪᠠᠶᠢᠳᠠᠯ ᠠᠴᠠ ᠲᠡᠦᠬᠡ ᠰᠣᠶᠣᠯ ᠢ ᠣᠶᠢᠯᠠᠭᠠᠭᠤᠯᠵᠤ᠂ ᠠᠮᠢᠳᠤᠯᠢᠭ ᠦᠢᠯᠡᠳᠦᠯᠭᠡ ᠪᠠᠷ ᠳᠠᠮᠵᠢᠭᠤᠯᠤᠨ᠂ ᠰᠢᠯᠢᠳᠡᠭ ᠤᠯᠠᠮᠵᠢᠯᠠᠯᠲᠤ ᠰᠣᠶᠣᠯ ᠤᠨ ᠲᠤᠬᠠᠢ ᠣᠶᠢᠯᠠᠭᠠᠯᠲᠠ ᠪᠠ ᠮᠡᠳᠡᠷᠡᠮᠵᠢ ᠶᠢ ᠨᠢ ᠭᠦᠨᠵᠡᠭᠡᠶᠢᠷᠡᠭᠦᠯᠵᠦ ᠪᠣᠯᠣᠨ᠎ᠠ᠃    ᠰᠢᠯᠢᠳᠡᠭ ᠤᠯᠠᠮᠵᠢᠯᠠᠯᠲᠤ ᠰᠣᠶᠣᠯ ᠨᠢ ᠬᠥᠮᠥᠨ ᠪᠤᠯᠬᠤ ᠶᠢᠨ ᠶᠣᠰᠣ ᠤᠴᠢᠷ ᠢ ᠤᠬᠠᠭᠠᠷᠠᠭᠤᠯᠵᠤ᠂ ᠤᠶᠤᠨ ᠢ ᠨᠡᠭᠡᠭᠡᠨ ᠤᠷᠤᠭᠰᠢ ᠳᠠᠪᠰᠢᠬᠤ ᠬᠦᠴᠦᠨ ᠴᠢᠳᠠᠯ ᠣᠯᠭᠤᠳᠠᠭ ᠪᠣᠯᠬᠤᠷ ᠵᠠᠯᠠᠭᠤᠴᠤᠳ ᠪᠠᠭᠠᠴᠤᠳ ᠲᠠᠭᠠᠨ ᠰᠢᠯᠢᠳᠡᠭ ᠤᠯᠠᠮᠵᠢᠯᠠᠯᠲᠤ ᠰᠣᠶᠣᠯ ᠢᠶᠠᠨ ᠰᠠᠶᠢᠲᠤᠷ ᠬᠦᠷᠲᠡᠭᠡᠵᠦ ᠶᠠᠪᠤᠶ᠎ᠠ᠃ 
ᠢᠷᠡᠯᠲᠡ᠄ ᠳᠣᠮᠳᠠᠳᠣ ᠣᠯᠣᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ