ᠶᠢᠰᠦᠨ ᠰᠠᠷ᠎ᠠ
ᠨᠡᠶᠢᠲᠡᠯᠡᠭᠰᠡᠨ ᠴᠠᠭ᠄
2022/10/20
    ᠵᠤᠬᠢᠶᠠᠭᠴᠢ᠄  ᠭᠠ᠊  ᠪᠦᠳᠦᠭᠡᠭᠴᠢᠨᠠᠮᠤᠷ ᠲᠠᠢ ᠬᠠᠮᠲᠤ ᠳᠠᠭᠤᠯᠠᠵᠤ ᠢᠷᠡᠭᠰᠡᠨ ᠶᠢᠰᠦᠨ ᠰᠠᠷ᠎ᠠᠨᠠᠷᠠ ᠲᠠᠢ ᠬᠠᠮᠲᠤ ᠰᠢᠷᠭᠠᠯᠲᠤᠵᠤ ᠢᠷᠡᠭᠰᠡᠨ ᠶᠢᠰᠦᠨ ᠰᠠᠷ᠎ᠠᠠᠶᠢᠯ ᠤᠳ ᠢ ᠠᠵᠢᠯ ᠳᠤ ᠶᠠᠭᠠᠷᠠᠭᠤᠯᠵᠤ ᠢᠷᠡᠭᠰᠡᠨ ᠶᠢᠰᠦᠨ ᠰᠠᠷ᠎ᠠᠠᠶᠢᠷᠠᠭ ᠴᠡᠭᠡ ᠶᠢ ᠱᠤᠤᠭᠢᠭᠤᠯᠵᠤ ᠢᠷᠡᠭᠰᠡᠨ ᠶᠢᠰᠦᠨ ᠰᠠᠷ᠎ᠠᠠᠭᠤᠯᠠᠰ ᠤᠨ ᠲᠣᠯᠣᠭᠠᠢ ᠰᠣᠯᠣᠩᠭᠠᠷᠠᠭᠤᠯᠵᠤ ᠢᠷᠡᠭᠰᠡᠨ ᠶᠢᠰᠦᠨ ᠰᠠᠷ᠎ᠠᠤᠰᠤᠨ ᠤ ᠥᠩᠭᠡ ᠭᠦᠨᠰᠢᠭᠦᠯᠵᠤ ᠢᠷᠡᠭᠰᠡᠨ ᠶᠢᠰᠦᠨ ᠰᠠᠷ᠎ᠠᠪᠣᠯᠪᠠᠰᠤᠷᠠᠭᠰᠠᠨ ᠡᠪᠡᠰᠦ ᠨᠠᠶᠢᠭᠤᠯᠵᠦ ᠢᠷᠡᠭᠰᠡᠨ ᠶᠢᠰᠦᠨ ᠰᠠᠷ᠎ᠠᠪᠤᠭᠤᠷᠤᠯ ᠤᠳ ᠤᠨ ᠳᠤᠷᠠᠰᠤᠮᠵᠢ ᠲᠠᠢ ᠢᠷᠡᠭᠰᠡᠨ ᠶᠢᠰᠦᠨ ᠰᠠᠷ᠎ᠠᠠᠯᠢᠮᠠᠳᠤ ᠶᠢᠨ ᠬᠥᠲᠥᠯ ᠤᠨ ᠵᠢᠮᠢᠰ ᠢ ᠤᠯᠠᠶᠢᠯᠭᠠᠵᠤ ᠢᠷᠡᠭᠰᠡᠨ ᠶᠢᠰᠦᠨ ᠰᠠᠷ᠎ᠠᠠᠯᠲᠠᠢ ᠶᠢᠨ ᠮᠠᠩᠬᠠᠨ ᠤ ᠪᠤᠷᠭᠠᠰᠤ ᠶᠢ ᠰᠢᠷᠠᠯᠠᠭᠤᠯᠵᠤ ᠢᠷᠡᠭᠰᠡᠨ ᠶᠢᠰᠦᠨ ᠰᠠᠷ᠎ᠠᠠᠩᠭᠢᠷ ᠰᠢᠷᠭᠠᠯ ᠰᠠᠯᠬᠢ ᠶᠢ ᠬᠤᠩᠭᠤᠷᠯᠠᠭᠤᠯᠵᠤ ᠢᠷᠡᠭᠰᠡᠨ ᠶᠢᠰᠦᠨ ᠰᠠᠷ᠎ᠠᠠᠩᠬᠠᠨ ᠤ ᠨᠡᠭᠦᠳᠡᠯ ᠢ ᠡᠪᠦᠯᠵᠢᠶ᠎ᠡ ᠵᠦᠭ ᠬᠥᠲᠥᠯᠵᠦ ᠢᠷᠡᠭᠰᠡᠨ ᠶᠢᠰᠦᠨ ᠰᠠᠷ᠎ᠠᠨᠠᠪᠴᠢᠰ ᠤᠨ ᠥᠩᠭᠡ ᠠᠯᠠᠭᠯᠠᠭᠤᠯᠵᠤ ᠢᠷᠡᠭᠰᠡᠨ ᠶᠢᠰᠦᠨ ᠰᠠᠷ᠎ᠠᠨᠠᠷᠠᠨ ᠤ ᠪᠤᠳᠤᠭ ᠢ ᠬᠡᠭᠡᠷ᠎ᠡ ᠠᠰᠬᠠᠵᠤ ᠢᠷᠡᠭᠰᠡᠨ ᠶᠢᠰᠦᠨ ᠰᠠᠷ᠎ᠠᠨᠠᠶᠢᠷ ᠤᠨ ᠪᠦᠭᠡ ᠶᠢ ᠠᠯᠢᠰᠤ ᠲᠠᠢ ᠪᠠᠷᠢᠯᠳᠤᠭᠤᠯᠵᠤ ᠢᠷᠡᠭᠰᠡᠨ ᠶᠢᠰᠦᠨ ᠰᠠᠷ᠎ᠠᠨᠠᠭᠠᠳᠤᠮ ᠤᠨ ᠮᠣᠷᠢᠳ ᠢ ᠪᠡᠯᠴᠢᠭᠡᠷ ᠲᠤ ᠬᠤᠷᠯᠠᠭᠤᠯᠵᠤ ᠢᠷᠡᠭᠰᠡᠨ ᠶᠢᠰᠦᠨ ᠰᠠᠷ᠎ᠠᠲᠤᠰᠤᠨ ᠲᠠᠷᠭᠤ ᠪᠠᠷ ᠮᠠᠯ ᠤᠨ ᠬᠡᠰᠢᠭ ᠳᠡᠯᠭᠡᠷᠡᠭᠦᠯᠵᠦ ᠢᠷᠡᠭᠰᠡᠨ ᠶᠢᠰᠦᠨ ᠰᠠᠷ᠎ᠠᠲᠤᠩ ᠬᠤᠯᠠ ᠠᠴᠠ ᠰᠡᠷᠢᠭᠦᠨ ᠠᠮᠢᠰᠬᠤᠭ᠎ᠠ ᠰᠡᠩᠭᠢᠨᠡᠭᠦᠯᠵᠦ ᠢᠷᠡᠭᠰᠡᠨ ᠶᠢᠰᠦᠨ ᠰᠠᠷ᠎ᠠᠤᠷᠳᠤ ᠶᠢᠨ ᠳᠠᠭᠤᠤ ᠶᠢᠨ ᠤᠶᠠᠩᠭᠠᠨ ᠳᠤ ᠬᠥᠩᠭᠡᠨ ᠤᠶᠢᠳᠬᠠᠷᠮᠡᠳᠡᠷᠡᠭᠦᠯᠵᠦ ᠢᠷᠡᠭᠰᠡᠨ ᠶᠢᠰᠦᠨ ᠰᠠᠷ᠎ᠠᠣᠶᠤᠨᠪᠢᠯᠢᠭ᠌ ᠤᠨ ᠳᠠᠭᠤᠤ ᠲᠠᠢ ᠨᠠᠶᠢᠷ ᠤᠨ ᠵᠣᠭᠤᠭ ᠢᠦᠷᠭᠦᠯᠵᠢᠯᠡᠭᠦᠯᠵᠦ ᠢᠷᠡᠭᠰᠡᠨ ᠶᠢᠰᠦᠨ ᠰᠠᠷ᠎ᠠᠨᠠᠮᠤᠷ ᠠ᠋᠂ ᠨᠠᠮᠤᠷ ᠭᠡᠵᠦ ᠬᠡᠳᠦᠨ ᠰᠢᠯᠦᠭᠴᠢᠳ ᠢ ᠤᠶᠠᠷᠠᠭᠠᠵᠤ ᠢᠷᠡᠭᠰᠡᠨ ᠶᠢᠰᠦᠨ ᠰᠠᠷ᠎ᠠᠨᠠᠭᠠᠲᠤ ᠳᠠᠨᠵᠢᠨ ᠤ ᠬᠥᠬᠡ ᠲᠣᠭᠤᠷᠤᠤ ᠶᠢ ᠨᠡᠭᠦᠶᠦ ᠭᠡᠵᠦ ᠳᠡᠪᠳᠡᠷᠢᠭᠦᠯᠵᠦ ᠢᠷᠡᠭᠰᠡᠨ ᠶᠢᠰᠦᠨ ᠰᠠᠷ᠎ᠠᠨᠠᠮᠰᠠᠷᠠᠢ ᠡᠪᠦᠭᠡ ᠡᠷᠲᠡ ᠣᠷᠣᠢ ᠳᠠᠭᠠᠨ ᠵᠢᠩᠳᠡᠭᠦᠦ ᠪᠠᠶᠢᠨ᠎ᠠ ᠭᠡᠵᠦᠡᠮᠦᠰᠬᠡᠯ ᠢᠶᠠᠨ ᠵᠤᠵᠠᠭᠠᠯᠠᠭᠰᠠᠨ ᠶᠢᠰᠦᠨ ᠰᠠᠷ᠎ᠠᠨᠠᠩᠵᠢᠳᠮ᠎ᠠ ᠡᠮᠡᠭᠡ ᠶᠢ ᠨᠢᠯᠪᠤᠰᠤᠷᠠᠭᠤᠯᠵᠤ ᠭᠠᠭᠴᠠ ᠣᠮᠪᠣᠯᠣ ᠶᠢ ᠨᠢᠰᠤᠷᠭᠠᠭᠤᠯᠢ ᠳᠤ ᠠᠪᠠᠴᠢᠭᠰᠠᠨ ᠶᠢᠰᠦᠨ ᠰᠠᠷ᠎ᠠ 
ᠢᠷᠡᠯᠲᠡ᠄ ᠳᠣᠮᠳᠠᠳᠣ ᠣᠯᠣᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ