ᠡᠵᠡᠨ᠎ᠡ ᠶᠢᠨ ᠠᠮᠢᠨ ᠵᠢᠷᠦᠬᠡ - ᠡᠴᠢᠨ᠎ᠡ ᠭᠠᠶᠢᠬᠠᠮᠰᠢᠭᠲᠤ ᠰᠤᠪᠨᠠᠭᠤᠷ
ᠨᠡᠶᠢᠲᠡᠯᠡᠭᠰᠡᠨ ᠴᠠᠭ᠄
2022/10/21
ᠵᠣᠬᠢᠶᠠᠭᠴᠢ᠄ ᠨᠠᠪᠴᠢ ᠰᠠᠷᠠᠭᠤᠯᠬᠠᠨ ᠠᠯᠤᠰ ᠶᠢᠰᠦᠨ᠎ᠡᠨᠠᠶᠢᠷᠠᠭᠤᠯᠤᠭᠴᠢ ᠶᠢᠨ ᠦᠭᠡ᠄   ︽ᠬᠥᠬᠡᠮᠳᠦᠭ ᠨᠣᠭᠤᠭᠠᠨ ᠠᠭᠤᠯᠠ ᠤᠰᠤ ᠪᠣᠯ ᠠᠯᠲᠠ ᠮᠥᠩᠭᠦᠨ ᠠᠭᠤᠯᠠ ᠮᠥᠨ︾ ᠭᠡᠳᠡᠭ ᠢ ᠦᠢᠯᠡᠳᠦᠯᠭᠡᠵᠢᠭᠦᠯᠦᠨ᠂ ᠲᠤᠮᠳᠠᠳᠤ ᠶᠢᠨ ᠪᠣᠯᠪᠠᠰᠤᠨ ᠢ ᠬᠠᠶᠢᠨ᠂ ᠤᠶᠤᠨ ᠰᠠᠨᠠᠭᠠᠨ ᠤ  ᠬᠠᠮᠲᠤ ᠶᠢᠨ ᠭᠡᠷ ᠣᠷᠣᠨ ᠢᠶᠠᠨ ᠴᠣᠭᠴᠠᠯᠠᠬᠤ ᠤᠴᠢᠷ ᠵᠣᠷᠢᠯᠭ᠎ᠠ ᠲᠠᠢ ᠥᠪᠥᠷ ᠮᠣᠩᠭᠤᠯ ᠤᠨ ᠡᠳᠦᠷ ᠤᠨ ᠰᠣᠨᠢᠨ ᠤ ᠣᠨᠴᠠ ᠤᠬᠠᠭᠠᠯᠠᠯ ︽ᠨᠠᠭᠤᠷ ᠪᠦᠷᠢᠳᠦ ᠶᠢᠨ ᠠᠶᠠᠯᠠᠯ︾ᠰᠢᠷᠢᠰ ᠨᠡᠶᠢᠲᠡᠯᠡᠯ ᠢᠶᠠᠨ ᠡᠷᠬᠢᠮ ᠲᠠ ᠪᠦᠭᠦᠨ ᠳᠤ ᠭᠦᠷᠭᠡᠭᠦ ᠳᠤ ᠪᠡᠯᠡᠬᠡᠨ ᠪᠣᠯᠵᠤ ᠪᠠᠶᠢᠭ᠎ᠠ ᠨᠢ ᠡᠨᠡ ᠪᠢᠯᠡ᠃   ᠬᠤᠷᠢ ᠰᠢᠬᠠᠮ ᠰᠤᠷᠪᠤᠯᠵᠢᠯᠠᠬᠴᠢᠳ ᠮᠠᠩᠨᠤᠭ ᠲᠠᠯ᠎ᠠ ᠰᠢᠵᠢᠷᠳᠡᠨ᠂ ᠤᠷᠤᠰᠬᠠᠯ ᠤᠰᠤ ᠲᠤᠨᠤᠷᠠᠭᠰᠠᠨ ᠨᠠᠭᠤᠷ ᠪᠦᠷᠢᠳᠦ ᠶᠢ  ᠬᠠᠶᠢᠨ᠂ ᠨᠣᠮᠢᠨ ᠨᠣᠭᠤᠭᠠᠨ ᠠᠭᠤᠯᠠ ᠤᠰᠤ ᠪᠠᠷ ᠢᠶᠠᠨ  ᠪᠠᠭ᠋ᠠᠳᠤᠵᠤ᠂ ᠪᠠᠳᠠᠢ ᠶᠢᠨ ᠵᠢᠷᠠᠨ ᠤ ᠭᠦᠨ ᠠᠴᠠ ᠬᠥᠯᠥᠨ ᠪᠤᠶᠢᠷ ᠤᠨ ᠲᠠᠯ᠎ᠠ ᠨᠤᠲᠤᠭ ᠭᠦᠷᠳᠡᠯ᠎ᠡ 3300 ᠰᠢᠬᠠᠮ ᠺᠢᠯᠣᠮᠧᠲᠷ ᠠᠶᠠᠯᠠᠨ᠂ ᠭᠤᠴᠢ ᠰᠢᠬᠠᠮ ᠬᠥᠮᠥᠨ ᠢ ᠰᠤᠷᠪᠤᠯᠵᠢᠯᠠᠨ᠂ ᠰᠤᠪᠨᠠᠭᠤᠷ᠂ ᠤᠯᠠᠭᠠᠨᠰᠤᠬᠠᠢ᠂ ᠲᠠᠭ᠎ᠠ ᠶᠢᠨ ᠨᠠᠭᠤᠷ᠂ ᠬᠠᠷᠠᠤ᠋ᠰᠤ ᠨᠠᠭᠤᠷ᠂ ᠬᠥᠯᠥᠨ ᠨᠠᠭᠤᠷ ᠢᠶᠠᠷ ᠨᠢᠭᠡᠨ ᠵᠤᠨ ᠤ ᠠᠶᠠᠯᠠᠯ ᠬᠢᠵᠦ᠂ ᠡᠬᠡ ᠪᠠᠶᠢᠭᠠᠯᠢ ᠶᠢᠨ ᠨᠢᠭᠡᠨ ᠭᠠᠶᠢᠬᠠᠮᠰᠢᠭ᠂ ᠠᠮᠢ ᠠᠬᠤᠢ ᠶᠢᠨ ᠨᠢᠭᠡᠨ ᠲᠤᠤᠯᠢᠰ᠂ ᠬᠥᠮᠥᠨ ᠲᠥᠷᠥᠯᠬᠢᠲᠡᠨ ᠤ ᠨᠢᠭᠡᠨ ᠪᠣᠯᠪᠠᠰᠤᠨ ᠢ ᠪᠡᠶ᠎ᠡ ᠰᠡᠳᠬᠢᠯ ᠢᠶᠠᠷ ᠢᠶᠠᠨ ᠮᠡᠳᠡᠷᠡᠨ᠂ ᠬᠤᠯᠤᠰᠤᠨ ᠦᠵᠦᠭ ᠬᠠᠭᠤᠳᠠᠰᠤ ᠴᠠᠭᠠᠰᠤᠨ᠎ᠠ ᠪᠢᠴᠢᠵᠦ ᠲᠡᠮᠳᠡᠭᠯᠡᠵᠦ᠂ ᠰᠣᠨᠢᠨ ᠳᠡᠭᠡᠷ᠎ᠡ ᠪᠠᠨ ᠨᠡᠶᠢᠲᠡᠯᠡᠬᠦ ᠶᠢᠨ ᠬᠠᠮᠲᠤ ᠰᠢᠨ᠎ᠡ ᠵᠠᠭᠤᠴᠢᠯᠠᠭᠤᠷ ᠲᠤ ᠰᠢᠨ᠎ᠡ ᠲᠢᠭ ᠭᠡᠯᠪᠡᠷᠢ ᠪᠠᠷ ᠤᠷᠳᠤ ᠡᠪᠬᠡᠮᠡᠯ ᠡᠰᠬᠡᠨ᠂ ᠸᠢᠳᠢᠤ᠋  ᠪᠢᠴᠢᠯᠭᠡ ᠨᠠᠶᠢᠷᠠᠭᠤᠯᠵᠤ᠂ ᠰᠢᠨ᠎ᠡ ᠴᠡᠭ ᠬᠠᠨᠳᠤᠯᠭ᠎ᠠ ᠪᠠᠷ ᠡᠷᠬᠢᠮ  ᠤᠩᠰᠢᠬᠴᠢ᠂ ᠡᠷᠬᠢᠮᠰᠦᠭ ᠦᠵᠡᠭᠴᠢᠳ ᠲᠤ  ᠪᠠᠨ 9 ᠰᠠᠷ᠎ᠠ ᠶᠢᠨ 28  ᠤ ᠡᠳᠦᠷ  ᠠᠴᠠ ᠡᠬᠢᠯᠡᠨ ᠲᠠᠪᠤᠨ ᠨᠡᠶᠢᠲᠡᠯᠡᠯ ᠢ ᠡᠷᠭᠦᠨ ᠪᠠᠷᠢᠬᠤ ᠪᠣᠯᠣᠨ᠎ᠠ᠃ ᠲᠠᠭᠠᠯᠠᠨ ᠪᠣᠯᠭᠠᠮᠤ︕    ᠨᠠᠮᠤᠷ ᠤᠨ ᠬᠤᠩᠭᠤᠷ ᠰᠠᠯᠬᠢᠨ ᠳᠤ ᠨᠠᠭᠤᠷ ᠤᠨ ᠬᠥᠪᠡᠭᠡᠨ᠎ᠡ ᠬᠤᠯᠤᠰᠤ ᠵᠡᠭᠡᠰᠦ ᠬᠠᠯᠢᠭᠤᠷᠠᠨ᠂ ᠬᠡᠭᠡᠷ᠎ᠡ ᠶᠢᠨ ᠰᠢᠪᠠᠭᠤᠳ ᠲᠣᠯᠢ ᠰᠢᠭ᠋ ᠮᠡᠯᠮᠡᠯᠵᠡᠨ ᠬᠤᠨᠢᠶᠠᠰᠤᠯᠠᠬᠤ ᠨᠠᠭᠤᠷ ᠤᠨ ᠳᠡᠭᠡᠭᠦᠷ ᠬᠠᠯᠢᠨ ᠨᠢᠰᠴᠦ᠂ ᠨᠠᠭᠤᠷ ᠤᠨ ᠤᠰᠤᠨ ᠳᠤ ᠵᠢᠭᠠᠰᠤ ᠵᠢᠷᠠᠭᠠᠬᠠᠢ ᠢᠷᠠᠭᠠᠯᠳᠤᠨ᠂ ᠭᠠᠯᠠᠭᠤ ᠨᠤᠭᠤᠰᠤ ᠱᠤᠩᠪᠠᠨ ᠴᠡᠩᠭᠡᠯᠳᠦᠵᠦ ᠶᠡᠭᠡ ᠭᠤᠪᠢ ᠶᠢᠨ ᠭᠦᠨ ᠳᠤ ᠠᠮᠢ ᠠᠮᠢᠵᠢᠷᠠᠯ ᠤᠨ ᠡᠭᠡᠰᠢᠭ ᠬᠠᠩᠭᠢᠨᠠᠭᠤᠯᠤᠨ ᠴᠡᠯᠡᠶᠢᠨ ᠴᠡᠩᠬᠡᠷᠲᠦᠨ᠎ᠡ᠃ ᠡᠨᠡ ᠪᠣᠯ ᠡᠵᠡᠨ᠎ᠡ ᠨᠤᠲᠤᠭ ᠤᠨ ᠠᠮᠢᠨ ᠵᠢᠷᠦᠬᠡ - ᠰᠤᠪᠨᠠᠭᠤᠷ᠃ ᠶᠡᠭᠡ ᠭᠤᠪᠢ ᠶᠢᠨ ᠳᠤᠮᠳᠠ ᠡᠬᠡ ᠪᠠᠶᠢᠭᠠᠯᠢ ᠶᠢᠨ ᠨᠢᠭᠡᠨ ᠭᠠᠶᠢᠬᠠᠮᠰᠢᠭ ᠪᠣᠯᠵᠤ ᠪᠦᠷᠢᠯᠳᠦᠭᠰᠡᠨ ᠰᠤᠪᠨᠠᠭᠤᠷ ᠪᠤᠭᠤᠷᠤᠯ ᠲᠡᠦᠬᠡ ᠬᠦᠦᠷᠨᠢᠵᠦ ᠣᠶᠢᠯᠤᠨ ᠴᠡᠩᠬᠡᠷᠯᠡᠨ᠂ ᠲᠠᠯᠠᠢ ᠶᠡᠭᠡ ᠪᠤᠶᠠᠨ ᠢᠶᠠᠷ ᠢᠶᠠᠨ ᠬᠥᠮᠥᠨ ᠠᠷᠠᠳ ᠢᠶᠠᠨ ᠡᠯᠢᠭᠡᠨ ᠳᠡᠭᠡᠨ ᠪᠥᠭᠡᠴᠡᠶᠢᠯᠡᠵᠦ ᠲᠠᠶᠢᠪᠤᠩ ᠵᠢᠷᠭᠠᠯ ᠢ ᠡᠳ᠋ᠯᠡᠭᠦᠯᠦᠭᠰᠡᠭᠡᠷ᠃
6379998041579856281500187.jpg
     ᠡᠯᠡᠰᠦᠨ ᠴᠦᠯ ᠳᠤ ᠪᠦᠷᠢᠯᠳᠦᠭᠰᠡᠨ ᠡᠬᠡ ᠪᠠᠶᠢᠭᠠᠯᠢ ᠶᠢᠨ ᠨᠢᠭᠡᠨ ᠭᠠᠶᠢᠬᠠᠮᠰᠢᠭ     ᠰᠤᠪᠨᠠᠭᠤᠷ ᠪᠠᠳᠠᠢ ᠶᠢᠨ ᠵᠢᠷᠠᠨ ᠤ ᠡᠯᠡᠰᠦ ᠶᠢᠨ ᠪᠠᠷᠠᠭᠤᠨ ᠬᠤᠶᠢᠲᠤ ᠬᠡᠰᠡᠭ ᠢ ᠬᠥᠪᠡᠭᠡᠳᠡᠵᠦ ᠪᠠᠶᠢᠷᠢᠯᠠᠳᠠᠭ᠃ ᠡᠵᠡᠨ᠎ᠡ ᠬᠤᠰᠢᠭᠤᠨ ᠤ ᠲᠥᠪ ᠳᠠᠯᠠᠶᠢᠬᠦ᠋ᠪ  ᠠᠴᠠ ᠵᠡᠭᠦᠨ ᠬᠤᠶᠢᠰᠢ ᠪᠠᠨ 50 ᠺᠢᠯᠣᠮᠧᠲᠷ ᠵᠠᠶᠢᠲᠠᠢ ᠪᠠᠶᠢᠵᠤ᠂ ᠮᠠᠨ ᠤ ᠤᠯᠤᠰ ᠤᠨ ᠬᠤᠶᠠᠳᠤᠭᠠᠷ ᠶᠡᠭᠡ ᠳᠣᠲᠣᠭᠠᠳᠤ ᠬᠠᠭᠤᠷᠠᠢ ᠶᠢᠨ ᠭᠤᠣᠯ - ᠬᠠᠷ᠎ᠠ ᠭᠤᠣᠯ ᠤᠨ ᠳᠣᠣᠷᠠᠳᠤ ᠤᠷᠤᠰᠬᠠᠯ ᠤᠨ ᠠᠳᠠᠭ ᠲᠤ ᠪᠦᠷᠢᠯᠳᠦᠭᠰᠡᠨ ᠨᠠᠭᠤᠷ ᠠᠵᠢ᠃ᠰᠤᠪᠨᠠᠭᠤᠷ ᠭᠡᠵᠦ ᠬᠠᠯᠢᠭᠤ ᠲᠠᠢ ᠨᠠᠭᠤᠷ ᠴᠦᠭᠦᠷᠦᠮ ᠭᠡᠮᠡᠭᠦ ᠤᠳᠬ᠎ᠠ ᠲᠠᠢ ᠭᠡᠵᠦ ᠲᠠᠶᠢᠯᠪᠤᠷᠢᠯᠠᠵᠤ ᠪᠤᠢ᠃ ᠨᠤᠲᠤᠭ ᠨᠤᠲᠤᠭ ᠤᠨ ᠬᠢᠨ ᠥᠪᠡᠷ ᠥᠪᠡᠷ ᠤᠨ ᠢᠶᠠᠨ ᠦᠯᠢᠭᠡᠷ ᠳᠤᠮᠤᠭ ᠲᠠᠢ᠃ ᠰᠤᠪᠨᠠᠭᠤᠷ ᠤᠨ ᠲᠤᠬᠠᠢ ᠦᠯᠢᠭᠡᠷ ᠳᠤᠮᠤᠭ ᠴᠤ ᠤᠯᠠᠨ ᠶᠤᠮ᠃ ᠪᠣᠮᠪᠤ ᠶᠢᠨ ᠰᠤᠷᠭᠠᠯᠲᠠᠨ ᠯᠣᠣᠽᠢ ᠦᠳᠡᠯᠦᠭᠡ ᠨᠠᠰᠤᠨ ᠳᠠᠭᠠᠨ  ᠨᠢᠭᠡᠨ ᠡᠳᠦᠷ ᠬᠠᠷ᠎ᠠ ᠦᠬᠡᠷ ᠤᠨᠤᠵᠤ᠂ ᠨᠡᠶᠢᠰᠯᠡᠯ ᠬᠤᠳᠠ ᠯᠦᠧᠧᠶᠠᠩ ᠠᠴᠠ ᠠᠶᠠᠷᠯᠠᠨ ᠰᠠᠯᠵᠤ ᠪᠠᠷᠠᠭᠤᠨ᠎ᠠ ᠶᠢ ᠵᠣᠷᠢᠵᠤ ᠮᠣᠷᠳᠠᠯ᠎ᠠ᠃ ᠨᠢᠭᠡᠨ ᠡᠳᠦᠷ ᠲᠡᠷᠡ ᠬᠠᠨ ᠭᠦ᠋ ᠭᠤᠸᠠᠨ ᠭᠡᠳᠡᠭ ᠪᠣᠭᠤᠮᠲᠠ ᠳᠤ ᠭᠦᠷᠪᠡ᠃ ᠪᠣᠭᠤᠮᠲᠠ ᠶᠢ ᠰᠠᠬᠢᠭᠰᠠᠨ ᠨᠣᠶᠠᠨ ᠶᠢᠩ ᠱᠢ ᠭᠡᠳᠡᠭ ᠬᠥᠮᠥᠨ ᠯᠣᠣᠽᠢ ᠶᠢᠨ ᠦᠵᠡᠯ ᠰᠠᠨᠠᠭ᠎ᠠ ᠶᠢᠨ ᠰᠤᠷᠭᠠᠯ ᠠᠭᠤᠯᠭ᠎ᠠ  ᠪᠠᠨ ᠦᠰᠦᠭ ᠪᠢᠴᠢᠭ ᠪᠣᠯᠭᠠᠨ ᠦᠯᠡᠳᠡᠭᠡᠨ ᠦᠭᠭᠦ ᠶᠢ ᠭᠤᠶᠤᠴᠢᠯᠠᠪᠠ᠃ ᠢᠩᠭᠢᠭᠡᠳ ᠯᠣᠣᠽᠢ ᠶᠢᠨ ︽ᠶᠣᠰᠣ ᠡᠷᠳᠡᠮ ᠤᠨ ᠨᠣᠮ︾ ᠪᠢᠴᠢᠭᠳᠡᠨ ᠦᠯᠡᠳᠡᠵᠡᠢ᠃ ᠲᠡᠨᠳᠡ  ᠠᠴᠠ  ᠯᠣᠣᠽᠢ ᠦᠬᠡᠷ ᠢᠶᠠᠨ ᠤᠨᠤᠵᠤ ᠪᠠᠷᠠᠭᠤᠨᠰᠢ ᠶᠠᠪᠤᠵᠠᠢ᠃ ᠯᠣᠣᠽᠢ ᠰᠤᠪᠨᠠᠭᠤᠷ ᠤᠨ ᠭᠦᠪᠡᠭᠡ ᠳᠤ ᠬᠦᠷᠴᠦ ᠢᠷᠡᠭᠡᠳ ᠭᠤᠶᠤ ᠦᠵᠡᠮᠵᠢ ᠶᠢ ᠪᠠᠭ᠋ᠠᠷᠤᠨ ᠠᠳᠡ ᠰᠠᠬᠢᠭᠤᠯᠤᠭᠰᠠᠨ ᠪᠣᠯᠤᠭᠰᠠᠨ ᠭᠡᠮᠡᠭᠦ ᠳᠤᠮᠤᠭ ᠦᠯᠢᠭᠡᠷ ᠲᠠᠢ᠃    ᠲᠠᠩ ᠤᠯᠤᠰ ᠤᠨ ᠠᠯᠳᠠᠷᠲᠤ ᠰᠢᠯᠦᠭᠴᠢ ᠸᠠᠩ ᠸᠧᠢ᠄︽ᠭᠠᠭᠴᠠ ᠲᠡᠷᠭᠡ ᠪᠠᠷ ᠬᠢᠯᠢ ᠶᠢ ᠡᠷᠭᠢᠷ᠎ᠡ ᠡᠴᠢᠷᠦᠨ / ᠭᠠᠰᠢᠭᠤᠨ ᠨᠠᠭᠤᠷ - ᠬᠠᠷᠢᠶᠠᠲᠤ ᠤᠯᠤᠰ ᠢᠶᠠᠷ ᠥᠩᠭᠡᠷᠡᠪᠡ / ᠪᠥᠮᠪᠥᠷᠢᠬᠦ ᠬᠠᠮᠬᠤᠤᠯ ᠬᠠᠨ ᠤ ᠬᠢᠯᠢ ᠠᠴᠠ ᠭᠠᠷᠬᠤᠶ᠎ᠠ / ᠪᠤᠴᠠᠬᠤ ᠭᠠᠯᠠᠭᠤ ᠾᠦᠩᠨᠦ ᠶᠢᠨ ᠲᠡᠭᠷᠢ ᠳᠤᠷ ᠣᠷᠣᠪᠠ︾ ᠭᠡᠵᠦ ᠰᠤᠪᠨᠠᠭᠤᠷ ᠤᠨ ᠲᠤᠬᠠᠢ ᠰᠢᠯᠦᠭᠯᠡᠭᠰᠡᠨ ᠪᠠᠶᠢᠳᠠᠭ᠃ ᠠᠷᠠᠳ ᠤᠨ ᠳᠤᠮᠳᠠ ᠪᠠᠰᠠ ᠭᠠᠰᠢᠭᠤᠨ ᠨᠠᠭᠤᠷ ᠲᠤ ︽ᠬᠤᠣᠷᠲᠤ ᠮᠣᠭᠠᠢ ᠶᠢᠨ ᠬᠤᠣᠷ ᠤᠷᠤᠰᠤᠨ ᠣᠷᠣᠭᠰᠠᠨ︾᠂ ︽ᠱᠤᠯᠤᠮ ᠰᠢᠭᠡᠰᠦ  ᠪᠠᠨ ᠰᠠᠷᠢᠭᠰᠠᠨ︾ ᠠᠴᠠ ᠭᠠᠰᠢᠭᠤᠨ ᠪᠣᠯᠤᠭᠰᠠᠨ ᠭᠡᠵᠦ ᠬᠠᠭᠤᠴᠢᠯᠠᠳᠠᠭ᠃ᠰᠤᠪᠨᠠᠭᠤᠷ ᠪᠣᠯ ᠬᠠᠷ᠎ᠠ ᠭᠤᠣᠯ᠂ ᠡᠵᠡᠨ᠎ᠡ ᠭᠤᠣᠯ ᠤᠨ ᠴᠢᠳᠬᠤᠯᠠᠩ᠃ ᠮᠥᠩᠬᠡ ᠴᠠᠰᠤᠲᠤ ᠶᠢᠨ ᠬᠠᠶᠢᠷᠬᠠᠨ ᠬᠥᠬᠡᠨᠠᠭᠤᠷ ᠤᠨ ᠴᠢ ᠯᠢᠶᠠᠨ ᠱᠠᠨ ᠠᠭᠤᠯᠠᠨ ᠠᠴᠠ ᠡᠬᠢ  ᠲᠠᠢ ᠬᠠᠷ᠎ᠠ ᠭᠤᠣᠯ ᠭᠡᠵᠦ ᠬᠥᠬᠡᠨᠠᠭᠤᠷ᠂ ᠭᠠᠨᠰᠤ᠂ ᠥᠪᠥᠷ ᠮᠣᠩᠭᠤᠯ ᠭᠤᠷᠪᠠᠨ ᠮᠤᠵᠢ ᠣᠷᠣᠨ ᠢᠶᠠᠷ ᠤᠷᠤᠰᠤᠨ ᠥᠩᠭᠡᠷᠡᠵᠦ᠂ ᠠᠭᠤᠯᠠ ᠨᠢᠷᠤᠭᠤ᠂ ᠭᠤᠤ ᠬᠠᠪᠴᠢᠯ᠂ ᠭᠤᠪᠢ ᠴᠦᠯ ᠢ ᠤᠮᠳᠠᠯᠠᠨ ᠤᠷᠤᠰᠤᠭᠰᠠᠭᠠᠷ 1000 ᠰᠢᠬᠠᠮ ᠺᠢᠯᠣᠮᠧᠲᠷ ᠤᠨ ᠠᠶᠠᠨ ᠤ ᠦᠵᠦᠭᠦᠷ ᠲᠤ ᠡᠵᠡᠨ᠎ᠡ ᠶᠢᠨ ᠰᠤᠪᠨᠠᠭᠤᠷ ᠪᠠ ᠭᠠᠰᠢᠭᠤᠨ ᠨᠠᠭᠤᠷ ᠲᠤ ᠴᠢᠳᠬᠤᠳᠠᠭ ᠪᠠᠶᠢᠵᠠᠢ᠃
6379998065168325129861328.jpg
      ︽ᠬᠠᠷ᠎ᠠ ᠭᠤᠣᠯ ᠤᠨ ᠳᠣᠣᠷᠠᠳᠤ ᠤᠷᠤᠰᠬᠠᠯ ᠢ ᠮᠠᠨᠠᠶᠢᠬᠢᠨ ᠡᠵᠡᠨ᠎ᠡ ᠭᠤᠣᠯ ᠭᠡᠳᠡᠭ᠃ ᠡᠵᠡᠨ᠎ᠡ ᠭᠤᠣᠯ ᠨᠢ ᠡᠵᠡᠨ᠎ᠡ ᠶᠢᠨ ᠬᠢᠯᠢ ᠳᠤ ᠮᠥᠷᠡᠨ ᠭᠤᠣᠯ ︵ᠮᠣᠷᠢᠨ ᠭᠤᠣᠯ︶ ᠪᠠ ᠡᠮᠦᠨ᠎ᠡ ᠭᠤᠣᠯ ︵ᠵᠡᠭᠦᠨ ᠭᠤᠣᠯ︶ ᠭᠡᠵᠦ ᠬᠤᠶᠠᠷ ᠤᠷᠤᠰᠬᠠᠯ ᠪᠣᠯᠵᠤ ᠰᠠᠯᠪᠤᠷᠢᠯᠠᠨ ᠤᠷᠤᠰᠴᠤ᠂ ᠮᠥᠷᠡᠨ ᠭᠤᠣᠯ ᠨᠢ ᠲᠡᠭᠢᠨ ᠴᠣᠨᠵᠢ ᠶᠢᠨ ᠭᠤᠣᠯ᠂ ᠯᠦᠩᠽᠢ ᠶᠢᠨ ᠭᠤᠣᠯ ᠬᠡᠮᠡᠨ ᠰᠠᠯᠪᠤᠷᠢᠯᠠᠨ ᠤᠷᠤᠰᠴᠤ᠂ ᠡᠮᠦᠨ᠎ᠡ ᠭᠤᠣᠯ ᠨᠢ ᠤᠷᠤᠰᠬᠠᠯ ᠳᠠᠭᠠᠤ ᠪᠠᠨ ᠣᠪᠣᠭ᠎ᠠ ᠶᠢᠨ ᠭᠤᠣᠯ᠂ ᠬᠥᠭᠰᠢᠨ ᠭᠤᠣᠯ᠂ ᠬᠠᠷ᠎ᠠ ᠰᠤᠬᠠᠢ ᠶᠢᠨ ᠭᠤᠣᠯ᠂ ᠥᠨᠳᠥᠷ ᠡᠯᠡᠰᠦᠨ ᠤ ᠭᠤᠣᠯ᠂ ᠰᠡᠭᠡᠷ ᠤᠨ ᠲᠣᠣᠷᠠᠢ ᠶᠢᠨ ᠭᠤᠣᠯ᠂ ᠵᠤᠤᠬ᠎ᠠ ᠶᠢᠨ ᠭᠤᠣᠯ᠂ ᠮᠤᠨᠤᠩ ᠤᠨ ᠭᠤᠣᠯ ᠁ ᠬᠡᠮᠡᠨ ᠨᠡᠶᠢᠳᠡ 29 ᠭᠤᠣᠯ ᠪᠣᠯᠵᠤ ᠰᠠᠯᠪᠤᠷᠢᠯᠠᠨ᠂ ᠬᠥᠮᠥᠨ ᠤ ᠮᠠᠬᠠᠪᠤᠳ ᠤᠨ ᠴᠢᠰᠤᠨ ᠰᠤᠳᠠᠰᠤ ᠭᠡᠮᠡᠷ ᠤᠯᠠᠨ ᠤᠳᠠᠭ᠎ᠠ ᠰᠠᠯᠵᠤ ᠨᠡᠶᠢᠯᠡᠨ ᠤᠷᠤᠰᠴᠤ᠂ ᠭᠤᠪᠢ ᠴᠦᠯ ᠤᠨ ᠲᠣᠣᠷᠠᠢ ᠰᠤᠬᠠᠢ ᠵᠢᠭᠳᠡ ᠵᠠᠭ ᠤᠨ ᠤᠢ ᠶᠢ ᠤᠮᠳᠠᠯᠠᠨ ᠤᠮᠳᠠᠯᠠᠭᠰᠠᠭᠠᠷ ᠰᠤᠪᠨᠠᠭᠤᠷ ᠪᠠ ᠭᠠᠰᠢᠭᠤᠨ ᠨᠠᠭᠤᠷ ᠲᠤ ᠴᠢᠳᠬᠤᠵᠤ ᠡᠵᠡᠨ᠎ᠡ ᠶᠢᠨ ᠨᠣᠭᠤᠭᠠᠨ ᠪᠦᠷᠢᠳᠦ ᠶᠢ ᠪᠦᠷᠢᠯᠳᠦᠭᠦᠯᠵᠡᠢ︾ᠭᠡᠵᠦ ᠨᠤᠲᠤᠭ ᠤᠨ ᠲᠡᠦᠬᠡ ᠰᠣᠶᠣᠯ ᠢᠶᠠᠨ ᠡᠮᠬᠢᠳᠬᠡᠨ ᠰᠤᠳᠤᠯᠵᠤ ᠢᠷᠡᠭᠰᠡᠨ ᠡᠵᠡᠨ᠎ᠡ ᠬᠤᠰᠢᠭᠤᠨ ᠤ ᠲᠡᠦᠬᠡ ᠰᠣᠶᠣᠯ ᠤᠨ ᠰᠤᠳᠤᠯᠭᠠᠨ ᠤ ᠬᠤᠷᠠᠯ ᠤᠨ ᠳᠠᠷᠤᠭ᠎ᠠ ᠭᠠᠯᠰᠠᠩᠫᠣᠩᠰᠤᠭ ᠲᠠᠨᠢᠯᠴᠠᠭᠤᠯᠤᠯ᠎ᠠ᠃
6379998070560731967901202.jpg
                    ᠭᠠᠯᠰᠠᠩᠫᠣᠩᠰᠤᠭ      ᠰᠤᠪᠨᠠᠭᠤᠷ ᠤᠨ ᠲᠡᠦᠬᠡ ᠶᠢ ᠮᠥᠷᠳᠡᠪᠡᠯ᠂ ᠨᠡᠶᠢᠳᠡ ᠶᠢᠨ ᠣᠨ ᠲᠣᠭᠠᠯᠠᠯ ᠠᠴᠠ ᠡᠮᠦᠨ᠎ᠡ ᠰᠤᠪᠨᠠᠭᠤᠷ ᠤᠨ ᠲᠠᠯᠠᠪᠠᠢ 2600 ᠲᠡᠭᠰᠢ ᠳᠥᠷᠪᠡᠯᠵᠢᠨ ᠺᠢᠯᠣᠮᠧᠲᠷ  ᠲᠤ ᠬᠦᠷᠴᠦ᠂ ᠴᠢᠨ ᠬᠠᠨ ᠤ ᠦᠶ᠎ᠡ ᠳᠤ 720 ᠲᠡᠭᠰᠢ ᠳᠥᠷᠪᠡᠯᠵᠢᠨ ᠺᠢᠯᠣᠮᠧᠲᠷ ᠲᠤ ᠬᠦᠷᠴᠦ ᠪᠠᠶᠢᠵᠠᠢ ᠁᠃ ᠣᠶᠢᠷ᠎ᠠ ᠦᠶ᠎ᠡ ᠳᠤ ᠬᠦᠷᠴᠦ ᠢᠷᠡᠪᠡᠯ᠂ ᠰᠤᠪᠨᠠᠭᠤᠷ ᠤᠨ ᠲᠤᠬᠠᠢ 3 ᠤᠳᠠᠭ᠎ᠠ ᠶᠢᠨ ᠲᠡᠮᠳᠡᠭᠯᠡᠯ ᠲᠠᠢ᠄ ᠳᠡᠭᠡᠷ᠎ᠡ ᠵᠠᠭᠤᠨ ᠤ ᠭᠤᠴᠢᠭᠠᠳ ᠣᠨ ᠤ ᠦᠶ᠎ᠡ ᠳᠤ ᠰᠤᠪᠨᠠᠭᠤᠷ ᠪᠠ ᠭᠠᠰᠢᠭᠤᠨ ᠨᠠᠭᠤᠷ ᠤᠨ ᠲᠠᠯᠠᠪᠠᠢ 300 ᠭᠠᠷᠤᠢ ᠲᠡᠭᠰᠢ ᠳᠥᠷᠪᠡᠯᠵᠢᠨ ᠺᠢᠯᠣᠮᠧᠲᠷ ᠲᠤ ᠬᠦᠷᠴᠦ ᠪᠠᠶᠢᠵᠠᠢ᠃ 1927 ᠣᠨ ᠤ ᠭᠧᠷᠮᠠᠨ᠂ ᠰᠸᠢᠰ᠂ ᠳᠤᠮᠳᠠᠳᠤ ᠤᠯᠤᠰ ᠤᠨ ᠬᠠᠭᠤᠴᠢ ᠰᠤᠳᠤᠯᠤᠭᠴᠢᠳ ᠤᠨ ᠠᠩᠭᠢ ᠶᠢᠨ ᠳᠦᠷᠰᠦ ᠰᠢᠩᠭᠡᠭᠡᠯᠲᠡ ᠶᠢᠨ ᠮᠠᠲ᠋ᠧᠷᠢᠶᠠᠯ ᠢ ᠦᠨᠳᠦᠰᠦᠯᠡᠪᠡᠯ᠂ ᠰᠤᠪᠨᠠᠭᠤᠷ ᠤᠨ ᠤᠰᠤ ᠨᠢ ᠭᠦᠨ ᠪᠥᠭᠡᠳ ᠨᠡᠯᠦᠭᠡᠷ ᠶᠡᠭᠡ ᠪᠠᠶᠢᠵᠠᠢ᠃ 1944 ᠣᠨ ᠳᠤ ᠲᠠᠷᠢᠶᠠᠯᠠᠩ ᠤᠨ ᠰᠢᠨᠵᠢᠯᠡᠬᠦ ᠤᠬᠠᠭᠠᠨᠲᠠᠨ ᠰᠤᠪᠨᠠᠭᠤᠷ ᠲᠤ ᠪᠠᠶᠢᠴᠠᠭᠠᠨ ᠰᠤᠳᠤᠯᠤᠯᠲᠠ ᠬᠢᠬᠦ ᠳᠡᠭᠡᠨ ︽ᠨᠠᠭᠤᠷ ᠤᠨ ᠤᠰᠤᠨ ᠳᠤ ᠤᠯᠠᠨ ᠵᠦᠢᠯ ᠤᠨ ᠵᠢᠭᠠᠰᠤ ᠵᠢᠷᠠᠭᠠᠬᠠᠢ ᠴᠣᠯᠭᠢᠨ᠂ ᠨᠠᠭᠤᠷ ᠤᠨ ᠤᠰᠤᠨ ᠳᠡᠭᠡᠭᠦᠷ ᠰᠢᠪᠠᠭᠤᠳ ᠰᠦᠷᠦᠭᠯᠡᠨ ᠬᠠᠯᠢᠨ ᠨᠢᠰᠦᠭᠡᠳ ᠡᠲᠡᠭᠡᠳ ᠭᠤᠶᠤ ᠦᠵᠡᠮᠵᠢ ᠶᠢ ᠪᠦᠷᠢᠯᠳᠦᠭᠦᠯᠵᠡᠢ᠃ ᠬᠤᠯᠤᠰᠤ ᠵᠡᠭᠡᠰᠦ ᠢᠭᠴᠤᠷᠠᠨ᠂ ᠲᠡᠮᠡᠭᠡ ᠲᠠᠢ ᠬᠥᠮᠥᠨ ᠬᠤᠯᠤᠰᠤᠨ ᠳᠤ ᠣᠷᠣᠪᠠᠯ ᠦᠵᠡᠭᠳᠡᠬᠦ ᠦᠭᠡᠢ ᠪᠣᠯᠣᠨ᠎ᠠ︾ ᠭᠡᠵᠦ ᠲᠡᠮᠳᠡᠭᠯᠡᠵᠡᠢ᠃ 1958 ᠣᠨ ᠤ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠪᠠᠶᠢᠴᠠᠭᠠᠨ ᠰᠤᠳᠤᠯᠤᠯᠲᠠ ᠳᠤ ᠭᠠᠰᠢᠭᠤᠨ ᠨᠠᠭᠤᠷ ᠤᠨ ᠲᠠᠯᠠᠪᠠᠢ 267 ᠲᠡᠭᠰᠢ ᠳᠥᠷᠪᠡᠯᠵᠢᠨ ᠺᠢᠯᠣᠮᠧᠲᠷ᠂ ᠰᠤᠪᠨᠠᠭᠤᠷ ᠤᠨ ᠲᠠᠯᠠᠪᠠᠢ 35.5 ᠲᠡᠭᠰᠢ ᠳᠥᠷᠪᠡᠯᠵᠢᠨ ᠺᠢᠯᠣᠮᠧᠲᠷ ᠪᠠᠶᠢᠵᠠᠢ᠃     ︽1961 ᠣᠨ ᠳᠤ ᠭᠠᠰᠢᠭᠤᠨ ᠨᠠᠭᠤᠷ ᠬᠠᠳᠠᠵᠤ᠂ 1992 ᠣᠨ ᠳᠤ ᠰᠤᠪᠨᠠᠭᠤᠷ ᠬᠠᠳᠠᠵᠠᠢ᠃ 2002 ᠣᠨ ᠳᠤ ᠰᠤᠪᠨᠠᠭᠤᠷ ᠲᠤ ᠤᠰᠤ ᠣᠷᠣᠭᠤᠯᠵᠤ᠂ ᠤᠳᠤ 40 ᠲᠡᠭᠰᠢ ᠳᠥᠷᠪᠡᠯᠵᠢᠨ ᠺᠢᠯᠣᠮᠧᠲᠷ ᠤᠰᠤᠨ ᠤ ᠬᠡᠮᠵᠢᠶ᠎ᠡ ᠶᠢ ᠪᠠᠲᠤᠯᠠᠵᠤ ᠪᠠᠶᠢᠨ᠎ᠠ︾ ᠬᠡᠮᠡᠨ ᠡᠵᠡᠨ᠎ᠡ ᠬᠤᠰᠢᠭᠤᠨ ᠤ ᠤᠰᠤᠨ ᠠᠰᠢᠭᠯᠠᠯᠲᠠ ᠶᠢᠨ ᠲᠣᠪᠴᠢᠶ᠎ᠠ ᠶᠢᠨ ᠳᠠᠷᠤᠭ᠎ᠠ᠂ ᠳᠡᠳ᠋ ᠬᠤᠰᠢᠭᠤᠨ  ᠳᠠᠷᠤᠭ᠎ᠠ ᠪᠠᠷ ᠠᠵᠢᠯᠯᠠᠵᠤ ᠪᠠᠶᠢᠭᠰᠠᠨ ᠠᠬᠠᠮᠠᠳ ᠺᠠᠳ᠋ᠷ ᠳ᠋ᠧᠩ ᠵᠢᠢ ᠶᠢᠦ ᠣᠨ ᠵᠢᠯ ᠤᠨ ᠲᠡᠷᠲᠡᠭᠡ ᠳᠠᠬᠢ ᠰᠤᠪᠨᠠᠭᠤᠷ ᠤᠨ ᠡᠷᠲᠡᠨ ᠡᠳᠦᠭᠡ ᠶᠢ ᠠᠯᠠᠭᠠᠨ ᠤ ᠵᠢᠷᠤᠭᠠᠰᠤ ᠪᠠᠨ ᠰᠢᠭ᠋ ᠲᠣᠳᠣᠬᠠᠨ ᠪᠠᠶᠢᠯ᠎ᠠ᠃
6379998081212237752008307.jpg
                         ᠳ᠋ᠧᠩ ᠵᠢᠢ ᠶᠢᠤ       ᠰᠤᠪᠨᠠᠭᠤᠷ ᠨᠢ ᠥᠪᠥᠷ ᠮᠣᠩᠭᠤᠯ ᠤᠨ ᠤᠮᠠᠷᠠᠲᠤ ᠶᠢᠨ ᠨᠣᠮᠢᠨ ᠨᠣᠭᠤᠭᠠᠨ ᠬᠠᠯᠬᠠᠪᠴᠢ ᠶᠢ ᠪᠠᠶᠢᠭᠤᠯᠬᠤ ᠳᠤ ᠴᠢᠬᠤᠯᠠ ᠠᠴᠢ ᠬᠤᠯᠪᠣᠭᠳᠠᠯ ᠲᠠᠢ᠃ ᠡᠵᠡᠨ᠎ᠡ ᠭᠤᠣᠯ ᠨᠢ ᠤᠷᠤᠰᠬᠠᠯ ᠳᠠᠭᠠᠤ ᠪᠠᠨ ᠪᠠᠶᠢᠭᠠᠯᠢᠯᠢᠭ ᠨᠣᠭᠤᠭᠠᠨ ᠤᠢ ᠶᠢᠨ ᠬᠠᠯᠬᠠᠪᠴᠢ ᠶᠢ ᠪᠦᠷᠢᠯᠳᠦᠭᠦᠯᠵᠦ᠂ ᠪᠠᠷᠠᠭᠤᠨ ᠬᠤᠶᠢᠲᠤ ᠶᠢᠨ ᠰᠠᠯᠬᠢᠨ ᠤ ᠢᠳᠡᠭᠳᠡᠯ ᠢ ᠬᠠᠯᠬᠠᠯᠠᠭᠰᠠᠨ ᠠᠴᠠ ᠭᠠᠩ ᠬᠠᠭᠤᠷᠠᠢ ᠭᠠᠵᠠᠷ ᠲᠤ ᠡᠨᠡ ᠬᠦ ᠨᠣᠭᠤᠭᠠᠨ ᠬᠠᠯᠬᠠᠪᠴᠢ ᠨᠢ ᠮᠠᠰᠢ ᠴᠢᠬᠤᠯᠠ ᠦᠢᠯᠡᠳᠦᠯ ᠢᠶᠠᠨ ᠦᠵᠡᠭᠦᠯᠦᠭᠰᠡᠭᠡᠷ ᠢᠷᠡᠵᠡᠢ᠃ ︽ᠯᠢᠨ ᠾᠧ ᠠᠴᠠ ᠬᠠᠮᠢ ᠬᠦᠷᠬᠦ ᠲᠡᠮᠦᠷ ᠵᠠᠮ᠂ ᠪᠡᠭᠡᠵᠢᠩ ᠠᠴᠠ ᠰᠢᠨᠵᠢᠶᠠᠩ ᠬᠦᠷᠬᠦ ᠲᠦᠷᠭᠡᠨ ᠤ ᠵᠠᠮ ᠡᠵᠡᠨ᠎ᠡ ᠪᠠᠷ ᠥᠩᠭᠡᠷᠡᠵᠦ ᠪᠤᠢ᠃ ᠵᠠᠮ ᠬᠠᠷᠢᠯᠴᠠᠭ᠎ᠠ ᠰᠠᠭᠠᠳ ᠦᠭᠡᠢ ᠨᠡᠪᠲᠡᠷᠡᠬᠦ ᠳᠤ ᠮᠥᠨ ᠴᠤ ᠰᠠᠶᠢᠨ ᠠᠮᠢ ᠠᠬᠤᠢ ᠶᠢᠨ ᠣᠷᠴᠢᠨ ᠪᠠᠶᠢᠬᠤ ᠬᠡᠷᠡᠭᠲᠡᠢ᠃ ᠡᠵᠡᠨ᠎ᠡ ᠨᠤᠲᠤᠭ ᠥᠪᠥᠷ ᠮᠣᠩᠭᠤᠯ ᠤᠨ ᠬᠠᠮᠤᠭ ᠤᠨ ᠪᠠᠷᠠᠭᠤᠨ ᠬᠡᠰᠡᠭ ᠲᠤ ᠪᠠᠶᠢᠷᠢᠯᠠᠳᠠᠭ᠃ ᠠᠳᠡᠬᠢ ᠠᠮᠢ ᠠᠬᠤᠢ ᠶᠢ ᠰᠠᠶᠢᠲᠤᠷ ᠬᠠᠮᠠᠭᠠᠯᠠᠵᠤ ᠪᠦᠲᠦᠭᠡᠨ ᠪᠠᠶᠢᠭᠤᠯᠬᠤ ᠨᠢ ᠪᠢᠳᠡᠨ ᠤ ᠦᠨᠳᠦᠰᠦᠲᠡᠨ ᠤ ᠪᠦᠯᠬᠦᠮᠳᠡᠯ ᠢ ᠠᠬᠢᠭᠤᠯᠬᠤ᠂ ᠬᠢᠯᠢ ᠬᠢᠵᠠᠭᠠᠷ ᠤᠨ ᠠᠮᠤᠷ ᠲᠣᠭᠲᠠᠭᠤᠨ ᠢ ᠪᠠᠬᠢᠵᠢᠭᠦᠯᠬᠦ ᠳᠤ ᠴᠢᠬᠤᠯᠠ ᠠᠴᠢ ᠬᠤᠯᠪᠣᠭᠳᠠᠯ ᠲᠠᠢ︾ ᠭᠡᠵᠦ ᠳ᠋ᠧᠩ ᠵᠢᠢ ᠶᠢᠦ ᠶᠠᠷᠢᠵᠤ ᠪᠠᠶᠢᠯ᠎ᠠ᠃    ︽ᠲᠣᠷᠭᠠᠨ ᠵᠠᠮ︾ ᠳᠡᠭᠡᠷ᠎ᠡ  ᠭᠡᠷᠡᠯᠳᠦᠭᠰᠡᠨ ᠬᠥᠮᠥᠨ ᠲᠥᠷᠥᠯᠬᠢᠲᠡᠨ ᠤ ᠨᠢᠭᠡᠨ ᠪᠣᠯᠪᠠᠰᠤᠨ    ᠨᠠᠭᠤᠷ ᠭᠤᠣᠯ ᠢᠶᠠᠨ ᠳᠠᠭᠠᠵᠤ ᠰᠣᠶᠣᠯ ᠪᠣᠯᠪᠠᠰᠤᠨ ᠪᠦᠷᠢᠯᠳᠦᠳᠡᠭ᠃ ᠦᠯᠢᠭᠡᠷ ᠲᠤᠮᠤᠭ ᠲᠠᠢ ᠰᠤᠪᠨᠠᠭᠤᠷ ᠤᠨ ᠲᠡᠦᠬᠡᠨ ᠤᠯᠪᠠᠭ᠎ᠠ ᠶᠢ ᠮᠥᠷᠳᠡᠪᠡᠯ᠂ ᠠᠳᠠᠯᠢ ᠪᠤᠰᠤ ᠲᠡᠦᠬᠡᠨ ᠴᠠᠭ ᠦᠶ᠎ᠡ ᠳᠤ ᠠᠳᠠᠯᠢ ᠪᠤᠰᠤ ᠶᠢᠨ ᠨᠡᠷᠡᠶᠢᠳᠦᠯ ᠲᠠᠢ ᠠᠵᠢ᠃ ᠾᠦᠩᠨᠦ ᠶᠢᠨ ᠦᠶ᠎ᠡ ᠳᠤ ᠲᠡᠭᠷᠢ ᠨᠠᠭᠤᠷ᠂ ᠬᠠᠨ ᠤᠯᠤᠰ ᠤᠨ ᠦᠶ᠎ᠡ ᠳᠤ ᠵᠢᠦᠢ ᠶᠠᠨ ᠽᠧ᠂ ᠸᠧᠢ ᠶᠢᠨ ᠤᠯᠤᠰ ᠤᠨ ᠦᠶ᠎ᠡ ᠳᠤ ᠪᠠᠷᠠᠭᠤᠨ ᠳᠠᠯᠠᠢ᠂ ᠲᠠᠩ ᠤᠯᠤᠰ ᠤᠨ ᠦᠶ᠎ᠡ ᠳᠤ ᠵᠢᠦᠢ ᠶᠠᠨ ᠬᠠᠢ᠂ ᠴᠢᠩ ᠤᠯᠤᠰ ᠤᠨ ᠰᠡᠭᠦᠯᠴᠢ ᠪᠠᠷ ᠭᠠᠰᠢᠭᠤᠨ ᠨᠠᠭᠤᠷ ᠰᠤᠪᠨᠠᠭᠤᠷ ︵ᠪᠤᠭᠤ ᠨᠠᠭᠤᠷ᠂ ᠰᠤᠭᠤ ᠨᠠᠭᠤᠷ︶ᠭᠡᠵᠦ ᠨᠡᠷᠡᠯᠡᠳᠡᠭ ᠪᠣᠯᠵᠠᠢ᠃    ᠭᠤᠪᠢ ᠶᠢᠨ ᠭᠦᠨ ᠳᠠᠬᠢ ᠨᠣᠭᠤᠭᠠᠨ ᠪᠦᠷᠢᠳᠦ ᠰᠤᠪᠨᠠᠭᠤᠷ ᠨᠢ ᠲᠡᠦᠬᠡᠨ ᠳᠤ ᠨᠢᠭᠡ ᠭᠠᠵᠠᠷ ᠤᠰᠤᠨ ᠤ ᠨᠡᠷ᠎ᠡ ᠲᠡᠳᠦᠢ ᠪᠢᠰᠢ ᠰᠣᠶᠣᠯ ᠤᠨ ᠪᠡᠯᠭᠡ ᠲᠡᠮᠳᠡᠭ ᠶᠤᠮ᠃ ᠬᠥᠮᠥᠨ ᠲᠥᠷᠥᠯᠬᠢᠲᠡᠨ ᠤ ᠡᠷᠲᠡᠨ ᠤ ᠰᠣᠶᠣᠯ ᠪᠣᠯᠪᠠᠰᠤᠨ ᠤᠯᠠ ᠮᠥᠷ ᠢᠶᠠᠨ ᠦᠯᠡᠳᠡᠭᠡᠵᠦ᠂ ᠵᠢᠦᠢ ᠶᠠᠨ ᠤ ᠪᠣᠯᠪᠠᠰᠤᠨ ᠠᠳᠡ ᠪᠦᠷᠢᠯᠳᠦᠵᠦ᠂ ᠳᠤᠮᠳᠠᠳᠤ ᠶᠢᠨ ᠦᠨᠳᠦᠰᠦᠲᠡᠨ ᠤ ᠰᠣᠶᠣᠯ ᠪᠣᠯᠪᠠᠰᠤᠨ ᠤ ᠡᠭᠦᠰᠦᠯ ᠤᠨ ᠭᠠᠵᠠᠷ ᠤᠨ ᠨᠢᠭᠡ ᠪᠣᠯᠪᠠ᠃ ᠲᠡᠦᠬᠡᠨ ᠲᠡᠮᠳᠡᠭᠯᠡᠯ ᠢ ᠦᠨᠳᠦᠰᠦᠯᠡᠪᠡᠯ᠂ ᠰᠤᠪᠨᠠᠭᠤᠷ ᠨᠢ ᠡᠷᠲᠡᠨ ᠳᠡᠭᠡᠨ ᠴᠡᠷᠢᠭ ᠤᠨ ᠶᠠᠪᠤᠳᠠᠯ ᠪᠠ ᠵᠠᠮ ᠬᠠᠷᠢᠯᠴᠠᠭ᠎ᠠ ᠶᠢᠨ ᠴᠢᠬᠤᠯᠠ ᠪᠣᠭᠤᠮᠲᠠ ᠪᠠᠶᠢᠭᠰᠠᠨ ᠶᠤᠮ᠃ ᠬᠠᠨ ᠤᠯᠤᠰ ᠤᠨ ᠦᠶ᠎ᠡ ᠳᠤ ᠬᠠᠨ ᠦ᠋ ᠳ᠋ᠢ ᠬᠠᠭᠠᠨ ᠾᠥᠸᠧ ᠴᠢᠦᠢ ᠪᠢᠩ ᠵᠠᠩᠵᠤᠨ ᠢᠶᠠᠷ ᠴᠡᠷᠢᠭ ᠳᠠᠶᠢᠴᠢᠯᠠᠭᠤᠯᠵᠤ ᠤᠮᠠᠷᠠᠰᠢ ᠪᠠᠶᠢᠯᠳᠤᠵᠤ᠂ ᠡᠾᠧᠰᠢ ᠶᠢᠨ ᠬᠤᠩᠭᠢᠯ ᠢ ᠬᠤᠷᠢᠶᠠᠨ ᠠᠪᠴᠤ᠂ ᠵᠢᠦᠢ ᠶᠠᠨ ᠬᠠᠢ ᠳᠤ ᠬᠢᠲᠠᠳ ᠦᠨᠳᠦᠰᠦᠲᠡᠨ ᠳᠤᠮᠳᠠ ᠣᠷᠣᠨ ᠠᠴᠠ ᠠᠩᠬ᠎ᠠ ᠢᠷᠡᠵᠦ ᠵᠢᠦᠢ ᠶᠠᠨ ᠰᠢᠶᠠᠨ ᠢ ᠪᠠᠶᠢᠭᠤᠯᠵᠤ᠂ ᠬᠢᠯᠢ ᠬᠢᠵᠠᠭᠠᠷ ᠢ ᠰᠠᠬᠢᠵᠤ ᠲᠠᠷᠢᠶᠠᠯᠠᠵᠤ ᠪᠠᠶᠢᠵᠠᠢ᠃ ᠲᠠᠩ ᠤᠯᠤᠰ ᠤᠨ ᠦᠶ᠎ᠡ ᠳᠤ ᠲᠦᠷᠺ ᠦᠨᠳᠦᠰᠦᠲᠡᠨ ᠠᠳᠡ ᠰᠠᠭᠤᠷᠢᠰᠢᠵᠤ᠂ ᠪᠠᠷᠠᠭᠤᠨ ᠰᠢᠶᠠ ᠤᠯᠤᠰ ᠬᠠᠷ᠎ᠠ ᠬᠤᠳᠠ ᠶᠢ ᠪᠠᠶᠢᠭᠤᠯᠵᠤ᠂ ᠶᠤᠸᠠᠨ ᠤᠯᠤᠰ ᠤᠨ ᠦᠶ᠎ᠡ ᠳᠤ ᠢᠵᠢᠨᠡᠢ ᠯᠤ᠋ ᠶᠡᠷᠦᠩᠬᠡᠢ ᠵᠠᠬᠢᠷᠤᠯᠲᠠ ᠶᠢᠨ ᠶᠠᠮᠤᠨ ᠪᠠᠶᠢᠭᠤᠯᠵᠤ᠂ ᠨᠠᠢᠮᠠᠨ ᠲᠣᠮᠣ ᠤᠯᠠᠭ᠎ᠠ ᠦᠷᠳᠡᠭᠡ ᠲᠠᠢ ᠪᠠᠶᠢᠵᠠᠢ᠃ ︿ᠮᠠᠷᠺᠤ ᠫᠣᠯᠣ ᠶᠢᠨ ᠵᠢᠭᠤᠯᠴᠢᠯᠠᠯ ᠤᠨ ᠲᠡᠮᠳᠡᠭᠯᠡᠯ﹀ ᠳᠤ ᠢᠵᠢᠨᠡᠢ  ᠶᠢ ᠳ᠋ᠠᠩᠰᠢᠶᠠᠩ ᠦᠭᠡ ᠬᠠᠷ᠎ᠠ ᠤᠰᠤ ᠭᠡᠰᠡᠨ ᠤᠳᠬ᠎ᠠ ᠲᠠᠢ ᠭᠡᠬᠦ ᠲᠡᠮᠳᠡᠭᠯᠡᠯ ᠪᠤᠢ᠃ ᠶᠤᠸᠠᠨ ᠤᠯᠤᠰ ᠤᠨ ᠰᠡᠭᠦᠯᠴᠢ ᠪᠠᠷ ᠪᠠᠭᠠᠲᠤᠷ ᠬᠠᠷ᠎ᠠ ᠵᠠᠩᠵᠤᠨ ᠬᠤᠳᠠ ᠠᠴᠠ ᠳᠤᠲᠠᠭᠠᠭᠰᠠᠨ ᠠᠴᠠ ᠨᠠᠭᠠᠰᠢ ᠴᠡᠷᠢᠭ ᠳᠠᠶᠢᠨ ᠤ ᠵᠠᠰᠠᠭ ᠵᠠᠬᠢᠷᠭᠠᠨ ᠤ ᠭᠠᠵᠠᠷ ᠤᠨ ᠦᠢᠯᠡᠳᠦᠯ ᠢᠶᠠᠨ ᠠᠯᠳᠠᠵᠤ ᠪᠠᠯᠠᠷ ᠴᠦᠯ ᠪᠣᠯᠵᠤ ᠬᠡᠳᠦᠨ ᠵᠠᠭᠤᠨ ᠵᠢᠯ ᠬᠠᠶᠠᠭᠳᠠᠵᠠᠢ᠃ 17 ᠳ᠋ᠤᠭᠠᠷ ᠵᠠᠭᠤᠨ ᠳᠤ ᠲᠣᠷᠭᠤᠳ ᠠᠶᠢᠮᠠᠭ ᠢᠵᠢᠯ ᠮᠥᠷᠡᠨ ᠤ ᠰᠠᠪᠠ ᠭᠠᠵᠠᠷ ᠠᠴᠠ ᠪᠤᠴᠠᠵᠤ ᠢᠷᠡᠵᠦ ᠰᠢᠨᠵᠢᠶᠠᠩ ᠠᠴᠠ ᠠᠳᠡ ᠢᠷᠡᠵᠦ ᠨᠤᠲᠤᠭᠯᠠᠵᠤ ᠬᠢᠯᠢ ᠬᠢᠵᠠᠭᠠᠷ ᠢᠶᠠᠨ ᠬᠠᠮᠠᠭᠠᠯᠠᠵᠤ ᠪᠠᠶᠢᠵᠠᠢ᠃ ᠳᠡᠭᠡᠭᠦ ᠪᠠᠷ ᠢᠶᠠᠨ ᠡᠵᠡᠨ᠎ᠡ ᠬᠤᠰᠢᠭᠤ ᠶᠢ ᠪᠠᠰᠠ ᠡᠵᠡᠨ᠎ᠡ ᠬᠠᠭᠤᠴᠢᠨ ᠲᠣᠷᠭᠤᠳ ᠬᠤᠰᠢᠭᠤ ᠭᠡᠵᠦ ᠨᠡᠷᠡᠯᠡᠳᠡᠭ ᠪᠠᠶᠢᠵᠠᠢ᠃    ᠰᠤᠪᠨᠠᠭᠤᠷ ᠣᠷᠣᠨ ᠪᠣᠯ ᠡᠷᠲᠡᠨ ᠳᠡᠭᠡᠨ ᠪᠠᠳᠠᠢ ᠶᠢᠨ ᠵᠢᠷᠠᠨ ᠤ ᠡᠯᠡᠰᠦᠨ ᠠᠴᠠ ᠭᠤᠪᠢ ᠶᠢᠨ ᠠᠷᠤ ᠳᠤ ᠨᠡᠪᠲᠡᠷᠡᠬᠦ ᠴᠢᠬᠤᠯᠠ ᠵᠠᠮ ᠪᠣᠯᠣᠨ᠎ᠠ᠃ ᠬᠠᠭᠤᠴᠢ ᠰᠤᠳᠤᠯᠤᠭᠴᠢᠳ ᠤᠨ ᠣᠯᠳᠠᠭᠰᠠᠨ ᠨᠡᠷᠡᠳᠤ ᠵᠢᠦᠢ ᠶᠠᠨ ᠤ ᠬᠤᠯᠤᠰᠤᠨ ᠪᠢᠴᠢᠭ᠂ ᠸᠠᠭᠠᠷ ᠱᠠᠭᠠᠵᠠᠩ ᠡᠳ᠋ᠯᠡᠯ᠂ ᠬᠤᠳᠠ ᠶᠢᠨ ᠪᠠᠭᠤᠷᠢ᠂ ᠰᠦᠮ᠎ᠡ ᠰᠤᠪᠤᠷᠭ᠎ᠠ ᠮᠡᠲᠦ ᠶᠢᠨ ᠬᠠᠭᠤᠴᠢ ᠦᠯᠡᠳᠡᠭᠳᠡᠯ ᠠᠴᠠ ᠠᠳᠡ ᠾᠦᠩᠨᠦ᠂ ᠰᠢᠶᠠᠨᠪᠢ᠂ ᠲᠦᠷᠺ᠂ ᠬᠢᠲᠠᠳ᠂ ᠲᠥᠪᠡᠳ᠂ ᠮᠣᠩᠭᠤᠯ᠂ ᠤᠶᠢᠭᠤᠷ ᠵᠡᠷᠭᠡ ᠤᠯᠠᠨ ᠴᠥᠭᠡᠨ ᠲᠣᠭᠠᠲᠤ ᠦᠨᠳᠦᠰᠦᠲᠡᠨ ᠣᠷᠣᠰᠢᠨ ᠰᠠᠭᠤᠵᠤ ᠠᠮᠢᠳᠤᠷᠠᠵᠤ ᠪᠠᠶᠢᠭᠰᠠᠨ ᠤᠯᠠ ᠮᠥᠷ ᠬᠠᠷᠠᠭᠳᠠᠨ᠎ᠠ᠃  ᠰᠤᠪᠨᠠᠭᠤᠷ ︵ᠵᠢᠦᠢ ᠶᠠᠨ ᠬᠤᠳᠠ︶ ᠨᠢ ᠤᠮᠠᠷᠠᠲᠤ ᠶᠢᠨ ᠨᠡᠭᠦᠳᠡᠯᠴᠢᠨ ᠦᠨᠳᠦᠰᠦᠲᠡᠨ ᠤ ᠡᠮᠦᠨᠡᠰᠢ ᠨᠡᠭᠦᠳᠡᠯᠯᠡᠬᠦ ᠳᠤ ᠵᠠᠪᠠᠯ ᠥᠩᠭᠡᠷᠡᠬᠦ ᠵᠠᠮ᠂ ᠬᠢᠯᠢ ᠶᠢᠨ ᠬᠠᠮᠠᠭᠠᠯᠠᠯᠲᠠ ᠶᠢᠨ ᠪᠣᠭᠤᠮᠲᠠ ᠪᠠᠶᠢᠭᠰᠠᠨ ᠪᠣᠯᠬᠤᠷ ᠡᠷᠲᠡᠨ ᠤ ᠴᠡᠷᠢᠭ ᠤᠨ ᠡᠷᠳᠡᠮᠲᠡᠳ ᠤᠨ ᠪᠤᠯᠢᠶᠠᠯᠳᠤᠨ ᠲᠡᠮᠡᠴᠡᠯᠳᠦᠳᠡᠭ ᠭᠠᠵᠠᠷ ᠪᠠᠶᠢᠵᠠᠢ᠃ ᠵᠠᠩ ᠴᠢᠶᠠᠨ ᠬᠤᠶᠠᠳᠠᠭᠢ ᠤᠳᠠᠭ᠎ᠠ ᠪᠠᠷᠠᠭᠤᠨ ᠬᠢᠵᠠᠭᠠᠷ ᠣᠷᠣᠨ ᠳᠤ ᠡᠯᠴᠢᠯᠡᠭᠦ  ᠳᠡᠭᠡᠨ ᠪᠣᠭᠤᠮᠲᠠ ᠶᠢ ᠳᠠᠪᠠᠵᠤ ᠵᠢᠦᠢ ᠶᠠᠨ ᠤ ᠡᠷᠲᠡᠨ ᠤ ᠵᠠᠮ  ᠪᠤᠯᠬᠤ ᠲᠠᠯ᠎ᠠ ᠨᠤᠲᠤᠭ ᠤᠨ ᠲᠣᠷᠭᠠᠨ ᠵᠠᠮ ᠢᠶᠠᠷ ᠥᠩᠭᠡᠷᠡᠵᠦ ᠪᠠᠶᠢᠭᠰᠠᠨ ᠠᠵᠢ᠃ ︽ᠵᠢᠦᠢ ᠶᠠᠨ ᠤ ᠡᠷᠲᠡᠨ ᠤ ᠵᠠᠮ ᠨᠢ ᠬᠠᠨ ᠤᠯᠤᠰ ᠪᠠ ᠳᠠᠩ ᠤᠯᠤᠰ ᠤᠨ ᠦᠶ᠎ᠡ ᠳᠤ︿ᠪᠣᠭᠤᠮᠲᠠ ᠶᠢᠨ ᠭᠠᠳᠠᠨᠠᠬᠢ ᠲᠣᠷᠭᠠᠨ ᠵᠠᠮ﹀ ᠤᠨ ᠨᠢᠭᠡ ᠬᠡᠰᠡᠭ ᠪᠠᠶᠢᠵᠤ᠂ ᠡᠷᠲᠡᠨ ᠳᠤ ᠳᠤᠮᠳᠠᠳᠤ ᠣᠷᠣᠨ ᠤ ᠬᠥᠮᠥᠰ ᠤᠨ ᠭᠤᠪᠢ  ᠶᠢᠨ ᠠᠷᠤ ᠳᠤ ᠨᠡᠪᠲᠡᠷᠡᠬᠦ ᠴᠢᠬᠤᠯᠠ ᠵᠠᠮ ᠪᠠᠶᠢᠵᠠᠢ︾ ᠭᠡᠵᠦ ᠭᠠᠯᠰᠠᠩᠫᠣᠩᠰᠤᠭ ᠨᠤᠲᠤᠭ ᠤᠨ ᠲᠡᠦᠬᠡ ᠰᠣᠶᠣᠯ ᠤᠨ ᠢᠶᠠᠨ ᠲᠤᠬᠠᠢ ᠤᠴᠢᠷᠯᠠᠵᠤ ᠶᠠᠷᠢᠯ᠎ᠠ᠃
6379998112206281408367627.jpg
      ᠵᠢᠦᠢ ᠶᠠᠨ ᠤ ᠬᠤᠯᠤᠰᠤᠨ ᠪᠢᠴᠢᠭ ᠲᠤ ᠲᠠᠷᠢᠶᠠᠯᠠᠬᠤ ᠰᠣᠶᠣᠯ ᠪᠠ ᠨᠡᠭᠦᠳᠡᠯ ᠮᠠᠯᠵᠢᠯ ᠤᠨ ᠰᠣᠶᠣᠯ ᠤᠨ ᠬᠠᠷᠢᠯᠴᠠᠨ ᠠᠭᠤᠰᠤᠯᠴᠠᠨ ᠨᠡᠪᠲᠡᠷᠡᠯᠴᠡᠵᠦ᠂ ᠤᠯᠠᠨ ᠦᠨᠳᠦᠰᠦᠲᠡᠨ ᠬᠠᠮᠲᠤ ᠪᠠᠷ ᠪᠠᠳᠠᠷᠠᠨ ᠬᠥᠭᠵᠢᠭᠰᠡᠨ ᠶᠡᠭᠡ ᠨᠢᠭᠡᠳᠦᠯ ᠤᠨ ᠴᠠᠭ ᠦᠶ᠎ᠡ ᠶᠢ ᠲᠡᠮᠳᠡᠭᠯᠡᠭᠰᠡᠨ ᠪᠠᠶᠢᠨ᠎ᠠ᠃ ︽ᠡᠷᠳᠡᠮᠲᠡᠳ ᠤᠨ ᠰᠤᠳᠤᠯᠭᠠᠨ ᠢ ᠦᠨᠳᠦᠰᠦᠯᠡᠪᠡᠯ ᠵᠢᠦᠢ ᠶᠠᠨ ᠤ ᠬᠤᠯᠤᠰᠤᠨ ᠪᠢᠴᠢᠭ ᠲᠤ ᠵᠢᠦᠢ ᠶᠠᠨ ᠣᠷᠣᠨ ᠤ ᠮᠠᠨᠳᠤᠯ ᠪᠠᠭᠤᠷᠠᠯ ᠢ ᠲᠡᠮᠳᠡᠭᠯᠡᠭᠰᠡᠨ ᠢᠶᠠᠷ ᠪᠠᠷᠠᠬᠤ ᠦᠭᠡᠢ ᠪᠠᠷᠠᠭᠤᠨ ᠬᠠᠨ ᠤ ᠳᠤᠮᠳᠠᠴᠢ ᠦᠶ᠎ᠡ ᠠᠴᠠ ᠵᠡᠭᠦᠨ ᠬᠠᠨ ᠤ ᠡᠬᠢᠨ ᠤ ᠦᠶ᠎ᠡ ᠪᠤᠯᠳᠠᠯᠡᠭᠢ ᠬᠠᠨ ᠤᠯᠤᠰ ᠤᠨ 270 ᠵᠢᠯ ᠤᠨ ᠲᠡᠦᠬᠡ ᠶᠢ ᠲᠡᠮᠳᠡᠭᠯᠡᠵᠦ᠂ ᠪᠠᠷᠠᠭᠤᠨ ᠬᠤᠶᠢᠲᠤ ᠶᠢᠨ ᠬᠢᠯᠢ ᠬᠢᠵᠠᠭᠠᠷ ᠤᠨ ᠴᠡᠷᠢᠭ ᠵᠠᠰᠠᠭ ᠤᠨ ᠠᠮᠢᠳᠤᠷᠠᠯ ᠤᠨ ᠨᠡᠪᠲᠡᠷᠬᠡᠢ ᠲᠣᠯᠢ ᠪᠤᠯᠬᠤ ᠶᠤᠮ᠃ ᠬᠤᠯᠤᠰᠤᠨ ᠪᠢᠴᠢᠭ ᠲᠤ ᠲᠡᠮᠳᠡᠭᠯᠡᠭᠳᠡᠭᠰᠡᠨ 2000 ᠵᠢᠯ ᠤᠨ ᠡᠮᠦᠨᠡᠬᠢ ᠠᠵᠤ ᠠᠬᠤᠢ ᠶᠢᠨ ᠲᠤᠬᠠᠢ ᠲᠡᠮᠳᠡᠭᠯᠡᠯ ᠦᠨᠳᠦᠰᠦᠲᠡᠨ ᠨᠦᠭᠦᠳ ᠤᠨ ᠠᠵᠤ ᠠᠬᠤᠢ ᠶᠢᠨ ᠲᠠᠯ᠎ᠠ ᠪᠠᠷ ᠬᠢ ᠶᠠᠪᠤᠯᠴᠠᠭ᠎ᠠ ᠶᠢ ᠲᠤᠰᠬᠠᠪᠠ᠃ 700 ᠭᠠᠷᠤᠢ ᠵᠢᠯ ᠤᠨ ᠡᠮᠦᠨᠡᠬᠢ ᠶᠤᠸᠠᠨ ᠤᠯᠤᠰ ᠤᠨ ᠦᠶ᠎ᠡ ᠶᠢᠨ ᠴᠠᠭᠠᠰᠤᠨ ᠪᠢᠴᠢᠭ ᠨᠢ ᠲᠤᠬᠠᠢ ᠶᠢᠨ ᠦᠶ᠎ᠡ ᠶᠢᠨ ᠴᠡᠷᠢᠭ ᠤᠨ ᠬᠡᠷᠡᠭᠯᠡᠭᠡᠨ ᠤ ᠠᠮᠤ ᠪᠤᠳᠠᠭᠠᠨ ᠤ ᠬᠤᠯᠪᠣᠭᠳᠠᠯ ᠪᠦᠬᠦᠢ ᠠᠭᠤᠯᠭ᠎ᠠ ᠶᠢ ᠲᠡᠮᠳᠡᠭᠯᠡᠭᠰᠡᠨ ᠪᠥᠭᠡᠳ ᠪᠢᠴᠢᠭ ᠢ ᠴᠥᠮ ᠬᠢᠲᠠᠳ ᠦᠰᠦᠭ ᠢᠶᠠᠷ ᠪᠢᠴᠢᠭᠰᠡᠨ ᠶᠤᠮ᠃ ᠠᠳᠡ ᠠᠴᠠ ᠪᠢᠳᠡ ᠰᠣᠶᠣᠯ ᠤᠨ ᠠᠭᠤᠰᠤᠯᠴᠠᠯ ᠢ ᠣᠯᠵᠤ ᠬᠠᠷᠠᠵᠤ ᠪᠣᠯᠣᠨ᠎ᠠ︾ ᠭᠡᠵᠦ ᠭᠠᠯᠰᠠᠩᠫᠣᠩᠰᠤᠭ ᠶᠠᠷᠢᠯ᠎ᠠ᠃      ᠣᠨ ᠵᠢᠯ ᠥᠩᠭᠡᠷᠡᠵᠦ ᠣᠷᠴᠢᠬᠤ ᠤᠯᠠᠷᠢᠯ ᠡᠭᠡᠯᠵᠢᠯᠡᠭᠰᠡᠭᠡᠷ ᠥᠨᠥᠳᠥᠷ ᠲᠤ ᠬᠦᠷᠴᠦ ᠢᠷᠡᠯ᠎ᠡ᠃ ᠡᠬᠡ ᠤᠯᠤᠰ ᠤᠨ ᠥᠷᠭᠡᠨ ᠠᠭᠤᠳᠠᠮ ᠬᠢᠯᠢ ᠬᠢᠵᠠᠭᠠᠷ ᠢ ᠦᠨᠳᠦᠰᠦᠲᠡᠨ ᠨᠦᠭᠦᠳ ᠤᠨ ᠠᠷᠠᠳ ᠲᠦᠮᠡᠨ ᠬᠠᠮᠲᠤ ᠪᠠᠷ ᠨᠡᠭᠡᠭᠡᠵᠦ᠂ ᠭᠦᠨ ᠵᠤᠵᠠᠭᠠᠨ ᠥᠪ ᠰᠣᠶᠣᠯ ᠢ ᠨᠢ ᠦᠨᠳᠦᠰᠦᠲᠡᠨ ᠨᠦᠭᠦᠳ ᠤᠨ ᠠᠷᠠᠳ ᠲᠦᠮᠡᠨ ᠬᠠᠮᠲᠤ  ᠪᠠᠷ ᠡᠭᠦᠳᠦᠨ ᠪᠦᠲᠦᠭᠡᠭᠰᠡᠨ ᠶᠤᠮ᠃ ᠥᠨᠢ ᠡᠷᠲᠡᠨ ᠤ ᠵᠢᠦᠢ ᠶᠠᠨ ᠤ ᠵᠠᠮ ᠨᠢ ᠥᠨᠥᠳᠥᠷ ᠡᠬᠡ ᠤᠯᠤᠰ ᠤᠨ︽ᠨᠢᠭᠡ ᠪᠦᠰᠡ ᠨᠢᠭᠡ ᠵᠠᠮ︾ ᠤᠨ ᠤᠷᠢᠶᠠᠯᠠᠭ᠎ᠠ ᠶᠢᠨ ᠪᠠᠷᠠᠭᠤᠨ ᠬᠢᠵᠠᠭᠠᠷ ᠳᠡᠰᠢ ᠦᠷᠭᠦᠯᠵᠢᠯᠡᠭᠰᠡᠨ ᠨᠢᠭᠡᠨ ᠴᠢᠬᠤᠯᠠ ᠱᠤᠭᠤᠮ ᠪᠣᠯᠵᠤ᠂ ᠥᠪᠥᠷ ᠮᠣᠩᠭᠤᠯ ᠬᠢᠭᠡᠳ ᠳᠣᠲᠣᠷ ᠭᠠᠵᠠᠷ ᠢ ᠨᠢᠭᠲᠠ ᠬᠤᠯᠪᠣᠵᠤ᠂ ᠦᠨᠳᠦᠰᠦᠲᠡᠨ ᠨᠦᠭᠦᠳ ᠤᠨ ᠪᠦᠯᠬᠦᠮᠳᠡ ᠳᠠᠪᠰᠢᠵᠤ ᠤᠷᠤᠭᠰᠢᠯᠠᠬᠤ ᠪᠠ ᠬᠠᠮᠲᠤ ᠪᠠᠷ ᠴᠡᠴᠡᠭᠯᠡᠨ ᠭᠦᠭᠵᠢᠭᠦ ᠶᠢᠨ ᠬᠤᠯᠪᠣᠭᠠᠰᠤ ᠬᠥᠭᠦᠷᠭᠡ ᠪᠣᠯᠣᠯ᠎ᠠ᠃     ᠪᠠᠳᠠᠢ ᠶᠢᠨ ᠵᠢᠷᠠᠨ ᠳᠤ ᠤᠶᠠᠩᠭᠠᠷᠠᠭᠰᠠᠨ ᠠᠮᠢ ᠠᠬᠤᠢ ᠶᠢᠨ ᠨᠢᠭᠡᠨ ᠲᠤᠤᠯᠢᠰ     ᠰᠤᠪᠨᠠᠭᠤᠷ ᠤᠨ ᠭᠦᠪᠡᠭᠡ ᠳᠠᠭᠠᠵᠤ ᠰᠤᠪᠨᠠᠭᠤᠷ ᠰᠤᠮᠤ ᠶᠢᠨ ᠴᠡᠭᠡ ᠭᠠᠴᠠᠭ᠎ᠠ ᠶᠢᠨ ᠮᠠᠯᠴᠢᠳ ᠠᠮᠢᠳᠤᠷᠠᠳᠠᠭ᠃ ᠴᠡᠭᠡ ᠭᠠᠴᠠᠭ᠎ᠠ ᠶᠢᠨ ᠨᠠᠶᠠᠨ ᠲᠠᠪᠤ ᠶᠢᠨ ᠥᠨᠳᠥᠷ ᠨᠠᠰᠤ ᠶᠢ ᠵᠣᠭᠤᠭᠯᠠᠵᠤ ᠶᠠᠪᠤᠭ᠎ᠠ ᠪᠠᠨᠳᠤᠤ ᠨᠠᠰᠤᠲᠠᠨ ᠪᠣᠯ ᠨᠠᠰᠤ ᠪᠠᠷ ᠢᠶᠠᠨ ᠨᠠᠭᠤᠷ ᠢᠶᠠᠨ ᠳᠠᠭᠠᠵᠤ ᠨᠡᠭᠦᠵᠦ ᠪᠠᠭᠤᠨ ᠲᠡᠮᠡᠭᠡ ᠮᠠᠯ ᠢᠶᠠᠨ ᠮᠠᠯᠵᠢᠭᠰᠠᠭᠠᠷ ᠢᠷᠡᠵᠡᠢ᠃ ᠨᠠᠰᠤᠲᠠᠨ ᠰᠤᠪᠨᠠᠭᠤᠷ ᠤᠨ ᠠᠮᠢ ᠠᠬᠤᠢ ᠶᠢᠨ ᠬᠤᠪᠢᠷᠠᠯᠲᠠ ᠶᠢ ᠦᠵᠡᠵᠦ ᠳᠤᠭᠤᠯᠵᠤ ᠢᠷᠡᠭᠰᠡᠨ ᠠᠮᠢᠳᠤ ᠲᠣᠯᠢ᠃︽ᠳᠥᠴᠢᠭᠡᠳ ᠣᠨ ᠤ ᠦᠶ᠎ᠡ ᠮᠢᠨᠤ ᠪᠠᠭ᠎ᠠ ᠪᠠᠶᠢᠬᠤ ᠳᠤ ᠠᠳᠡ ᠬᠤᠯᠤᠰᠤ ᠲᠣᠣᠷᠠᠢ ᠪᠢᠲᠡᠭᠦᠷᠡᠵᠦ᠂ ᠠᠷᠢᠶᠠᠲᠠᠨ ᠭᠥᠷᠥᠭᠡᠰᠦ ᠴᠤ ᠤᠯᠠᠨ᠃ ᠴᠠᠰᠤᠲᠤ ᠶᠢᠨ ᠥᠨᠳᠦᠷᠯᠢᠭ ᠤᠨ ᠤᠰᠤ ᠪᠠᠭᠤᠵᠤ᠂ ᠲᠦᠷᠪᠡᠨ ᠤᠯᠠᠷᠢᠯ ᠢᠶᠠᠷ ᠭᠤᠣᠯ ᠭᠤᠷᠤᠬ᠎ᠠ ᠤᠷᠤᠰᠴᠤ ᠯᠡ ᠭᠤᠪᠢ ᠨᠤᠲᠤᠭ ᠢ ᠮᠢᠨᠢ ᠤᠮᠳᠠᠯᠠᠵᠤ ᠪᠠᠶᠢᠭᠰᠠᠨ᠃ ᠰᠡᠭᠦᠯᠡᠷ ᠨᠢ ᠤᠯᠤᠰ ᠤᠨ ᠪᠦᠲᠦᠭᠡᠨ ᠪᠠᠶᠢᠭᠤᠯᠤᠯᠲᠠ ᠬᠢᠵᠦ᠂ ᠳᠡᠭᠡᠳᠦ ᠳᠤᠮᠳᠠᠳᠤ ᠤᠷᠤᠰᠬᠠᠯ ᠳᠤ ᠤᠰᠤᠨ ᠬᠠᠰᠢᠯᠭ᠎ᠠ ᠪᠠᠶᠢᠭᠤᠯᠵᠤ᠂ ᠤᠰᠤᠨ ᠤ ᠬᠠᠮᠢᠶᠠᠷᠤᠯᠲᠠ ᠬᠢᠵᠦ ᠡᠬᠢᠯᠡᠭᠰᠡᠨ ᠢᠶᠠᠷ ᠡᠵᠡᠨ᠎ᠡ ᠶᠢᠨ ᠭᠤᠣᠯ ᠭᠤᠷᠤᠬ᠎ᠠ ᠤᠷᠤᠰᠬᠠᠯ ᠳᠠᠰᠤᠷᠠᠵᠤ᠂ ᠰᠤᠪᠨᠠᠭᠤᠷ ᠲᠤ ᠤᠰᠤ ᠣᠷᠣᠬᠤ ᠪᠠᠨ ᠪᠠᠶᠢᠭᠰᠠᠨ ᠠᠴᠠ ᠬᠠᠳᠠᠵᠤ ᠰᠢᠷᠭᠢᠭᠦ ᠶᠢᠨ ᠠᠶᠤᠯ ᠳᠤ ᠲᠤᠯᠭᠠᠷᠠᠵᠠᠢ᠃ ᠰᠤᠪᠨᠠᠭᠤᠷ ᠤᠨ ᠬᠥᠪᠡᠭᠡᠨ  ᠳᠤ ᠰᠢᠪᠠᠭᠤ ᠵᠢᠷᠭᠢᠭᠡᠳ ᠬᠥᠮᠥᠨ ᠮᠠᠯ ᠤᠨᠲᠠᠵᠤ ᠠᠮᠠᠷᠠᠵᠤ ᠳᠡᠶᠢᠯᠭᠦ ᠦᠭᠡᠢ ᠪᠠᠶᠢᠭᠰᠠᠨ᠂ ᠨᠠᠭᠤᠷ ᠭᠤᠣᠯ ᠭᠤᠷᠤᠬ᠎ᠠ ᠬᠠᠳᠠᠵᠤ ᠰᠢᠷᠭᠢᠭᠰᠡᠨ ᠢᠶᠠᠷ  ᠥᠩ ᠰᠢᠮᠡᠯᠢᠭ ᠨᠤᠲᠤᠭ ᠡᠯᠡᠰᠦᠨ ᠰᠢᠭᠤᠷᠭ᠎ᠠ ᠶᠢᠨ ᠡᠭᠦᠰᠦᠯ ᠤᠨ ᠣᠷᠣᠨ ᠪᠣᠯᠵᠠᠢ︾ ᠭᠡᠵᠦ ᠪᠠᠨᠳᠤᠤ ᠨᠠᠰᠤᠲᠠᠨ ᠬᠠᠭᠤᠴᠢᠯᠠᠨ᠎ᠠ᠃   
         6379998097730456543174932.jpg
                                  ᠪᠠᠨᠳᠣᠣ                         20 ᠳ᠋ᠤᠭᠠᠷ ᠵᠠᠭᠤᠨ ᠤ ᠳᠤᠮᠳᠠᠴᠢ ᠪᠤᠯᠬᠤ ᠳᠤ᠂ ᠬᠠᠷ᠎ᠠ ᠭᠤᠣᠯ ᠤᠨ ᠰᠠᠪᠠ ᠭᠠᠵᠠᠷ ᠳᠠᠭᠠᠤ ᠳᠡᠭᠡᠳᠦ ᠤᠷᠤᠰᠬᠠᠯ ᠪᠠ ᠳᠤᠮᠳᠠᠳᠤ ᠤᠷᠤᠰᠬᠠᠯ ᠳᠤ ᠠᠵᠤ ᠦᠢᠯᠡᠳᠪᠦᠷᠢ ᠪᠠ ᠲᠠᠷᠢᠶᠠᠯᠠᠩ ᠳᠤ ᠬᠡᠷᠡᠭᠯᠡᠬᠦ ᠤᠰᠤᠨ ᠤ ᠬᠡᠮᠵᠢᠶ᠎ᠡ ᠶᠡᠭᠡᠳᠦᠭᠰᠡᠨ ᠠᠴᠠ ᠬᠠᠷ᠎ᠠ ᠭᠤᠣᠯ ᠤᠨ ᠳᠣᠣᠷᠠᠳᠤ ᠤᠷᠤᠰᠬᠠᠯ ᠪᠤᠯᠬᠤ ᠡᠵᠡᠨ᠎ᠡ ᠭᠤᠣᠯ ᠠᠭᠠᠵᠢᠮ ᠢᠶᠠᠷ ᠤᠷᠤᠰᠬᠠᠯ ᠳᠠᠰᠤᠷᠠᠵᠤ᠂ ᠡᠵᠡᠨ᠎ᠡ ᠶᠢᠨ ᠨᠣᠭᠤᠭᠠᠨ ᠪᠦᠷᠢᠳᠦ ᠳᠤ ᠬᠢᠮᠤᠷᠠᠯ ᠤᠴᠠᠷᠠᠭᠤᠯᠤᠭᠰᠠᠨ ᠪᠠᠶᠢᠨ᠎ᠠ᠃ ᠨᠠᠭᠤᠷ ᠭᠤᠣᠯ ᠬᠠᠳᠠᠵᠤ ᠰᠢᠷᠭᠢᠵᠦ᠂ ᠬᠤᠷ᠎ᠠ ᠪᠣᠷᠣᠭᠠᠨ ᠵᠢᠯ ᠠᠴᠠ ᠵᠢᠯ ᠬᠤᠮᠰᠠᠳᠠᠵᠤ᠂ ᠲᠣᠣᠷᠠᠢ ᠰᠤᠬᠠᠢ ᠶᠢᠨ ᠤᠢ ᠬᠠᠳᠠᠨ ᠬᠤᠪᠠᠭ᠋ᠠᠶᠢᠷᠠᠵᠤ᠂ ᠡᠪᠡᠰᠦ ᠪᠡᠯᠴᠢᠭᠡᠷ ᠲᠠᠴᠢᠷᠳᠠᠵᠤ᠂ ᠲᠡᠮᠡᠭᠡ ᠮᠠᠯ ᠲᠠᠷᠳᠠᠨ ᠰᠦᠢᠳᠴᠦ᠂ ᠡᠯᠡᠰᠦᠨ ᠰᠢᠭᠤᠷᠭ᠎ᠠ ᠵᠢᠯ ᠠᠴᠠ ᠵᠢᠯ ᠰᠢᠷᠦᠭᠦᠰᠴᠦ᠂ ᠠᠮᠢ ᠠᠬᠤᠢ ᠶᠢᠨ ᠡᠪᠳᠡᠭᠳᠡᠯ ᠬᠡᠴᠡᠭᠦᠳᠡᠯ ᠨᠢ ᠨᠡᠶᠢᠭᠡᠮ ᠳᠠᠶᠠᠭᠠᠷ ᠤᠨ ᠠᠩᠬᠠᠷᠤᠯ ᠢ ᠲᠠᠲᠠᠯ᠎ᠠ᠃     ᠲᠡᠦᠬᠡᠨ ᠳᠠᠬᠢ ᠲᠡᠶᠢᠮᠦ ᠨᠡᠯᠦᠭᠡᠷ ᠶᠡᠭᠡ ᠨᠠᠭᠤᠷ ᠬᠠᠳᠠᠵᠤ ᠰᠢᠷᠭᠢᠨ᠎ᠡ ᠭᠡᠭᠴᠢ ᠬᠥᠮᠥᠨ ᠬᠢᠭᠡᠳ ᠪᠠᠶᠢᠭᠠᠯᠢ ᠡᠶ᠎ᠡ ᠵᠣᠬᠢᠴᠠᠯ ᠢᠶᠠᠨ ᠠᠯᠳᠠᠵᠤ᠂ ᠠᠮᠢ ᠠᠬᠤᠢ ᠶᠢᠨ ᠪᠣᠯᠪᠠᠰᠤᠨ ᠤ ᠬᠥᠭᠵᠢᠯᠲᠡ ᠳᠤ ᠠᠪᠴᠢᠷᠠᠭᠰᠠᠨ ᠲᠣᠮᠣ ᠰᠢᠯᠭᠠᠯᠲᠠ ᠪᠢᠯᠡ᠃ ︽ᠡᠵᠡᠨ᠎ᠡ ᠶᠢᠨ ᠵᠠᠰᠠᠭ ᠤᠨ ᠣᠷᠳᠣᠨ ᠠᠰᠠᠭᠤᠳᠠᠯ ᠢ ᠳᠡᠭᠡᠭᠰᠢ ᠲᠤᠰᠬᠠᠬᠤ ᠵᠢᠴᠢ ᠨᠠᠮ ᠵᠠᠰᠠᠭ ᠠᠴᠠ ᠠᠰᠠᠭᠤᠳᠠᠯ ᠢ ᠬᠦᠨᠳᠦᠳᠬᠡᠨ ᠦᠵᠡᠵᠦ᠂ ᠬᠠᠳᠤᠨ ᠭᠤᠣᠯ ᠤᠨ ᠤᠰᠤᠨ ᠠᠰᠢᠭᠯᠠᠯᠲᠠ ᠶᠢᠨ ᠵᠥᠪᠯᠡᠯ ᠤᠨ ᠬᠠᠷ᠎ᠠ ᠭᠤᠣᠯ ᠤᠨ ᠤᠷᠤᠰᠬᠠᠯ ᠤᠨ ᠬᠠᠮᠢᠶᠠᠷᠤᠯᠲᠠ ᠶᠢᠨ ᠲᠣᠪᠴᠢᠶ᠎ᠠ ᠶᠢ ᠪᠠᠶᠢᠭᠤᠯᠤᠭᠰᠠᠨ᠂ ᠬᠠᠷ᠎ᠠ ᠭᠤᠣᠯ ᠤᠨ ᠭᠤᠣᠯ ᠤᠷᠤᠰᠬᠠᠯ ᠢ ︿ᠪᠦᠭᠦ ᠱᠤᠭᠤᠮ ᠢᠶᠠᠷ ᠬᠠᠭᠠᠵᠤ᠂ ᠲᠥᠪᠯᠡᠷᠡᠭᠦᠯᠦᠨ ᠳᠣᠷᠣᠭᠰᠢ ᠪᠠᠭᠤᠯᠭᠠᠵᠤ﹀ᠳᠣᠲᠣᠭᠠᠳᠤ ᠬᠠᠭᠤᠷᠠᠢ ᠶᠢᠨ ᠭᠤᠣᠯ ᠤᠨ ᠤᠰᠤ ᠶᠢ ᠨᠢᠭᠡᠳᠦᠯᠲᠡᠢ ᠲᠣᠬᠢᠷᠠᠭᠤᠯᠬᠤ ᠵᠡᠷᠭᠡ ᠠᠯᠢ ᠤᠯᠠᠨ ᠪᠣᠳᠠᠲᠤ ᠠᠷᠭ᠎ᠠ ᠬᠡᠮᠵᠢᠶ᠎ᠡ ᠠᠪᠴᠤ᠂ ᠬᠠᠳᠠᠵᠤ ᠰᠢᠷᠭᠢᠭᠰᠡᠨ ᠰᠤᠪᠨᠠᠭᠤᠷ ᠲᠤ ᠤᠯᠠᠷᠢᠯ ᠤᠨ ᠴᠢᠨᠠᠷᠲᠠᠢ ᠤᠰᠤ ᠤᠷᠤᠭᠤᠯᠬᠤ ᠪᠣᠯᠤᠭᠰᠠᠨ ᠪᠠᠶᠢᠨ᠎ᠠ︾ ᠭᠡᠵᠦ ᠳ᠋ᠧᠩ ᠵᠢᠢ ᠶᠢᠦ ᠲᠠᠨᠢᠯᠴᠠᠭᠤᠯᠤᠯ᠎ᠠ᠃     2002 ᠣᠨ ᠤ 7 ᠰᠠᠷ᠎ᠠ ᠶᠢᠨ 17 ᠤ ᠡᠳᠦᠷ ᠤᠨ 17 ᠴᠠᠭ 30 ᠮᠢᠨᠦ᠋ᠲ ᠲᠤ ᠰᠤᠪᠨᠠᠭᠤᠷ ᠲᠤ ᠤᠰᠤ ᠬᠦᠷᠴᠦ ᠢᠷᠡᠭᠰᠡᠨ ᠲᠡᠷᠡ ᠬᠦ  ᠲᠡᠦᠬᠡᠨ ᠬᠤᠷᠣᠮ ᠢ ᠳ᠋ᠧᠩ ᠵᠢᠢ ᠶᠢᠦ ᠬᠡᠵᠢᠶ᠎ᠡ ᠴᠤ ᠮᠠᠷᠲᠠᠵᠤ ᠴᠢᠳᠠᠬᠤ ᠦᠭᠡᠢ᠃ ︽ᠬᠠᠳᠠᠵᠤ ᠰᠢᠷᠭᠢᠭᠰᠡᠨ ᠰᠤᠪᠨᠠᠭᠤᠷ ᠳᠠᠭᠢᠨ ᠠᠮᠢᠯᠠᠭᠰᠠᠨ ᠨᠢ ᠨᠠᠮ ᠵᠠᠰᠠᠭ ᠠᠴᠠ ᠬᠦᠨᠳᠦᠳᠬᠡᠨ ᠦᠵᠡᠭᠰᠡᠨ ᠯᠦᠭᠡ ᠰᠠᠯᠵᠤ ᠪᠣᠯᠣᠰᠢ ᠦᠭᠡᠢ᠃ ᠲᠤᠬᠠᠢ ᠶᠢᠨ ᠦᠶ᠎ᠡ ᠶᠢᠨ ᠶᠡᠷᠦᠩᠬᠡᠢ ᠰᠠᠶᠢᠳ ᠵᠦ ᠷᠦᠩ ᠵᠢᠢ ᠤᠰᠤ ᠬᠤᠪᠢᠶᠠᠷᠢᠯᠠᠬᠤ ᠲᠤᠬᠠᠢ ᠤᠰᠤᠨ ᠠᠰᠢᠭᠯᠠᠯᠲᠠ ᠶᠢᠨ ᠶᠠᠮᠤᠨ ᠳᠤ ᠭᠡᠳᠦ ᠤᠳᠠᠭ᠎ᠠ ᠴᠣᠬᠤᠯᠠᠪᠤᠷᠢ ᠥᠭᠴᠦ ᠰᠤᠪᠨᠠᠭᠤᠷ ᠲᠤ ᠨᠣᠮᠢᠨ ᠴᠡᠩᠬᠡᠷ ᠤᠰᠤᠨ ᠳᠣᠯᠭᠢᠶᠠᠯᠠᠨ ᠬᠠᠯᠭᠢᠯᠠᠬᠤ ᠲᠤᠬᠠᠢ ᠬᠦᠰᠡᠯ ᠱᠠᠭᠠᠷᠳᠠᠯᠭ᠎ᠠ ᠲᠠᠯᠪᠢᠵᠤ ᠪᠠᠶᠢᠭᠰᠠᠨ︾ ᠭᠡᠵᠦ ᠪᠠᠶᠠᠷᠯᠠᠭᠤᠰᠢᠲᠠᠢ ᠮᠥᠴᠡ ᠪᠠᠨ ᠡᠷᠭᠢᠴᠡᠭᠦᠯᠦᠨ᠎ᠡ᠃ᠰᠤᠪᠨᠠᠭᠤᠷ ᠲᠤ ᠤᠰᠤ ᠢᠷᠡᠯ᠎ᠡ᠃ ᠤᠰᠤ ᠬᠠᠶᠢᠵᠤ ᠨᠡᠭᠦᠳᠡᠭ ᠮᠠᠯᠴᠢᠳ ᠨᠤᠲᠤᠭ ᠪᠤᠴᠠᠵᠤ ᠢᠷᠡᠯ᠎ᠡ᠃ ︽ᠡᠵᠡᠨ᠎ᠡ ᠭᠤᠣᠯ ᠤᠨ ᠤᠷᠤᠰᠬᠠᠯ ᠤᠰᠤ ᠲᠠᠢ ᠪᠣᠯᠤᠭᠰᠠᠨ  ᠠᠴᠠ ᠡᠵᠡᠭᠦᠢ ᠬᠠᠶᠠᠭᠰᠠᠨ ᠨᠤᠲᠤᠭ ᠢᠶᠠᠨ ᠤᠰᠤᠯᠠᠵᠤ ᠨᠣᠭᠤᠭᠠᠷᠠᠭᠤᠯᠵᠤ ᠠᠪᠤᠭᠰᠠᠨ ᠢᠶᠠᠷ ᠠᠷᠪᠠᠨ ᠵᠢᠯ ᠤᠨ ᠳᠠᠷᠠᠭ᠎ᠠ ᠪᠤᠴᠠᠵᠤ ᠢᠷᠡᠵᠦ ᠨᠤᠲᠤᠭᠯᠠᠭᠰᠠᠨ︾ ᠭᠡᠵᠦ  ᠪᠠᠨᠳᠤᠤ ᠨᠠᠰᠤᠲᠠᠨ ᠶᠠᠷᠢᠨ᠎ᠠ᠃ ᠰᠤᠪᠨᠠᠭᠤᠷ ᠤᠨ ᠪᠠᠷᠠᠭᠤᠨ ᠡᠮᠦᠨ᠎ᠡ ᠭᠦᠪᠡᠭᠡ ᠶᠢᠨ ᠪᠠᠵᠠᠷ ᠤᠨ ᠰᠤᠬᠠᠢ ᠳᠤ ᠨᠤᠲᠤᠭᠯᠠᠳᠠᠭ ᠮᠠᠯᠴᠢᠨ ᠬᠥᠭᠵᠢᠯᠲᠦ᠄ ︽ᠮᠠᠨ ᠤ ᠬᠢᠨ ᠤᠳᠤ 200 ᠰᠢᠬᠠᠮ ᠲᠡᠮᠡᠭᠡ᠂ 200 ᠭᠠᠷᠤᠢ ᠪᠤᠭ ᠮᠠᠯ ᠮᠠᠯᠵᠢᠳᠠᠭ᠃ ᠨᠠᠶᠠᠭᠠᠳ ᠣᠨ ᠳᠤ ᠭᠠᠩ ᠭᠠᠴᠢᠭ ᠪᠣᠯᠪᠠᠯ ᠪᠤᠰᠤᠳ ᠤᠨ ᠨᠤᠲᠤᠭ ᠲᠤ ᠨᠡᠭᠦᠵᠦ ᠮᠠᠯᠵᠢᠳᠠᠭ ᠪᠠᠶᠢᠭᠰᠠᠨ᠃ ᠰᠤᠪᠨᠠᠭᠤᠷ ᠲᠤ ᠤᠰᠤ ᠢᠷᠡᠭᠰᠡᠨ ᠠᠴᠠ ᠬᠤᠶᠢᠰᠢ ᠨᠡᠭᠦᠭᠦ ᠪᠠᠨ ᠪᠠᠶᠢᠭᠰᠠᠨ᠃ ᠲᠦᠷᠦᠭᠦᠦ ᠬᠤᠶᠠᠷ ᠵᠢᠯ ᠤᠰᠤ ᠶᠡᠬᠡᠲᠦᠭᠡᠳ ᠨᠤᠲᠤᠭ ᠲᠤ ᠤᠰᠤ ᠣᠷᠣᠭᠠᠳ ᠨᠤᠲᠤᠭᠯᠠᠵᠤ ᠴᠢᠳᠠᠭᠰᠠᠨ ᠦᠭᠡᠢ︾ ᠭᠡᠵᠦ ᠶᠠᠷᠢᠨ᠎ᠠ᠃ ᠮᠠᠯᠴᠢᠨ ᠤᠯᠠᠭᠠᠨᠬᠠᠳᠠ᠄ ︽ᠨᠠᠭᠤᠷ ᠬᠠᠳᠠᠵᠤ ᠰᠢᠷᠭᠢᠭᠡᠳ ᠭᠥᠯᠢᠢᠭᠰᠡᠨ ᠱᠠᠩᠳᠠ ᠪᠠᠶᠢᠭᠰᠠᠨ ᠦᠶ᠎ᠡ ᠳᠤ ᠡᠯᠡᠰᠦᠨ ᠰᠢᠭᠤᠷᠭ᠎ᠠ ᠠᠮᠠᠷᠬᠠᠨ ᠪᠣᠰᠳᠠᠭ᠃ ᠮᠠᠨ ᠤ ᠭᠠᠴᠠᠭ᠎ᠠ ᠲᠦᠷᠪᠡᠨ ᠵᠢᠯ ᠤᠰᠤᠨ ᠤ ᠪᠠᠷ᠎ᠠ ᠬᠠᠷᠠᠭᠰᠠᠨ ᠦᠭᠡᠢ ᠤᠳᠠᠭ᠎ᠠ ᠴᠤ ᠪᠤᠢ᠂ ᠬᠤᠳᠳᠤᠭ ᠤᠨ ᠤᠰᠤ ᠴᠤ ᠰᠢᠷᠭᠢᠵᠦ ᠬᠠᠲᠠᠭᠰᠠᠨ᠃ ᠮᠠᠯᠴᠢᠳ ᠤᠨ ᠭᠠᠳᠠᠨ᠎ᠠ ᠮᠠᠯ ᠤᠨ ᠮᠥᠷ ᠲᠠᠰᠤᠷᠠᠬᠤ ᠰᠢᠬᠠᠭᠰᠠᠨ᠃ ᠨᠠᠭᠤᠷ ᠤᠰᠤ ᠲᠠᠢ ᠪᠣᠯᠤᠭᠰᠠᠨ ᠠᠴᠠ ᠭᠤᠪᠢ ᠶᠢᠨ ᠪᠡᠯᠴᠢᠭᠡᠷ ᠰᠡᠷᠭᠦᠵᠦ᠂ ᠬᠤᠵᠢᠷ ᠲᠠᠢ ᠱᠠᠩᠳᠠ ᠬᠤᠯᠤᠰᠤ ᠵᠡᠭᠡᠰᠦ ᠨᠠᠶᠢᠭᠤᠭᠰᠠᠨ ᠰᠠᠶᠢᠬᠠᠨ ᠨᠤᠲᠤᠭ ᠪᠣᠯᠤᠭᠰᠠᠨ᠂ ᠲᠡᠮᠡᠭᠡ ᠮᠠᠯ ᠴᠤ ᠥᠨᠢᠷ ᠥᠰᠴᠦ ᠠᠮᠢᠳᠤᠷᠠᠯ ᠮᠢᠨᠢ ᠰᠠᠶᠢᠵᠢᠷᠠᠭᠰᠠᠨ︾ ᠭᠡᠵᠦ ᠶᠠᠷᠢᠨ᠎ᠠ᠃    
         6379998149616696402490078.jpg
                                  ᠬᠥᠭᠵᠢᠯᠳᠦ    ᠬᠠᠳᠠᠵᠤ ᠰᠢᠷᠭᠢᠭᠰᠡᠨ ᠰᠤᠪᠨᠠᠭᠤᠷ ᠳᠠᠭᠢᠨ ᠠᠮᠢᠯᠠᠯ ᠢᠶᠠᠨ ᠣᠯᠵᠤ᠂ ᠭᠤᠪᠢ ᠨᠤᠲᠤᠭ ᠢᠶᠠᠨ ᠤᠮᠳᠠᠯᠠᠵᠤ᠂ ᠬᠥᠮᠥᠨ ᠠᠷᠠᠳ ᠢᠶᠠᠨ ᠪᠠᠶᠠᠰᠬᠠᠯ᠎ᠠ᠃    ᠡᠵᠡᠨ᠎ᠡ ᠬᠤᠰᠢᠭᠤ ᠪᠣᠯ ᠤᠯᠤᠰ ᠤᠨ ᠭᠤᠣᠯᠳᠠᠯᠭ᠎ᠠ ᠲᠠᠢ ᠠᠮᠢ ᠠᠬᠤᠢ ᠶᠢᠨ ᠴᠢᠳᠠᠮᠵᠢᠲᠤ ᠣᠷᠣᠨ ᠪᠠ ᠤᠮᠠᠷᠠᠲᠤ ᠶᠢᠨ ᠴᠢᠬᠤᠯᠠ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠪᠣᠯᠣᠨ᠎ᠠ᠃    ᠰᠤᠪᠨᠠᠭᠤᠷ ᠨᠢ ᠡᠵᠡᠨ᠎ᠡ ᠶᠢᠨ ᠨᠣᠭᠤᠭᠠᠨ ᠪᠦᠷᠢᠳᠦ ᠶᠢᠨ ᠠᠮᠢ ᠠᠬᠤᠢ ᠶᠢᠨ ᠲᠡᠩᠴᠡᠭᠦᠷᠢ ᠶᠢ ᠪᠠᠲᠤᠯᠠᠬᠤ ᠳᠤ ᠲᠤᠶᠢᠯ ᠤᠨ ᠴᠢᠬᠤᠯᠠ ᠦᠢᠯᠡᠳᠦᠯ ᠲᠠᠢ ᠶᠤᠮ᠃ ᠣᠶᠢᠷ᠎ᠠ ᠶᠢᠨ ᠵᠢᠯ ᠳᠤ ᠬᠠᠷ᠎ᠠ ᠭᠤᠣᠯ ᠤᠨ ᠤᠰᠤᠨ ᠤ ᠡᠬᠢ ᠪᠠᠶᠠᠯᠢᠭ ᠢ ᠨᠢᠭᠡᠳᠦᠯᠲᠡᠢ ᠲᠣᠬᠢᠷᠠᠭᠤᠯᠤᠨ ᠬᠠᠮᠢᠶᠠᠷᠬᠤ ᠪᠠ ᠰᠠᠪᠠ ᠭᠠᠵᠠᠷ ᠢ ᠶᠡᠷᠦᠩᠬᠡᠶᠢᠯᠡᠨ ᠵᠠᠰᠠᠬᠤ ᠶᠢ ᠬᠡᠷᠡᠭᠵᠢᠭᠦᠯᠬᠦ ᠪᠠᠷ ᠳᠡᠮᠵᠢᠨ᠂ ᠰᠤᠪᠨᠠᠭᠤᠷ ᠤᠨ ᠤᠰᠤᠨ ᠤ ᠲᠠᠯᠠᠪᠠᠶ ᠶᠢ ᠦᠨᠳᠦᠰᠦᠨ ᠳᠡᠭᠡᠨ 40 ᠲᠡᠭᠰᠢ ᠳᠥᠷᠪᠡᠯᠵᠢᠨ ᠺᠢᠯᠣᠮᠧᠲᠷ ᠣᠷᠴᠢᠮ ᠪᠠᠶᠢᠯᠭᠠᠵᠤ᠂ ᠡᠵᠡᠨ᠎ᠡ ᠶᠢᠨ ᠨᠣᠭᠤᠭᠠᠨ ᠪᠦᠷᠢᠳᠦ ᠶᠢᠨ ᠠᠮᠢ ᠠᠬᠤᠢ ᠶᠢᠨ ᠮᠠᠭᠤᠳᠠᠬᠤ ᠬᠠᠨᠳᠤᠰᠢ ᠶᠢ ᠪᠦᠲᠦᠮᠵᠢᠲᠡᠶ ᠬᠤᠷᠢᠭᠯᠠᠵᠠᠢ᠃ ᠰᠤᠪᠨᠠᠭᠤᠷ ᠤᠨ ᠨᠤᠭᠤ ᠭᠠᠵᠠᠷ ᠤᠨ ᠶᠡᠷᠦᠩᠬᠡᠢ ᠲᠠᠯᠠᠪᠠᠶ 5881.87 ᠾᠧᠺᠲ᠋ᠠᠷ ᠬᠦᠷᠴᠦ᠂ ᠪᠦᠭᠦ ᠬᠤᠰᠢᠭᠤᠨ ᠤ ᠨᠤᠭᠤ ᠭᠠᠵᠠᠷ ᠤᠨ ᠶᠡᠷᠦᠩᠬᠡᠢ ᠲᠠᠯᠠᠪᠠᠶ ᠶᠢᠨ 13.17% ᠶᠢ ᠡᠵᠡᠯᠡᠪᠡ᠃ ᠡᠵᠡᠨ᠎ᠡ ᠶᠢᠨ ᠲᠣᠣᠷᠠᠢ ᠶᠢᠨ ᠣᠶ ᠢᠭᠴᠤᠷᠠᠵᠤ᠂  ᠤᠷᠭᠤᠮᠠᠯ ᠤᠨ ᠬᠤᠴᠢᠯᠭ᠎ᠠ ᠰᠡᠷᠭᠦᠵᠦ᠂ ᠠᠮᠢᠳᠤ ᠪᠣᠳᠠᠰ ᠤᠨ ᠲᠦᠷᠦᠯ ᠨᠡᠮᠡᠭᠳᠡᠨ᠂ ᠣᠷᠴᠢᠨ ᠲᠣᠭᠤᠷᠢᠨ ᠠᠭᠠᠵᠢᠮ ᠢᠶᠠᠷ ᠰᠠᠶᠢᠵᠢᠷᠠᠪᠠ᠃ 2018 ᠣᠨ ᠠᠴᠠ ᠨᠠᠭᠠᠰᠢ᠂ ᠬᠠᠷ᠎ᠠ ᠭᠤᠣᠯ ᠠᠴᠠ ᠨᠡᠶᠢᠲᠡ 34.66 ᠳ᠋ᠦᠩᠰᠢᠭᠤᠷ ᠪᠣᠰᠤᠭ᠎ᠠ ᠳᠥᠷᠪᠡᠯᠵᠢᠨ ᠮᠧᠲᠷ ᠤᠰᠤ ᠲᠠᠲᠠᠵᠤ᠂ ᠡᠵᠡᠨ᠎ᠡ ᠶᠢᠨ ᠨᠣᠭᠤᠭᠠᠨ ᠪᠦᠷᠢᠳᠦ ᠶᠢᠨ ᠵᠠᠬ᠎ᠠ ᠬᠢᠵᠠᠭᠠᠷ᠂ ᠬᠡᠪᠡᠷᠡᠭ ᠣᠷᠣᠨ ᠪᠠ ᠣᠯᠠᠨ ᠵᠢᠯ ᠤᠰᠤᠯᠠᠭᠠᠳᠤᠢ ᠣᠷᠣᠨ ᠳᠤ ᠪᠦᠲᠦᠮᠵᠢᠲᠡᠶ ᠤᠰᠤᠯᠠᠯᠲᠠ ᠬᠢᠵᠦ᠂ ᠨᠣᠭᠤᠭᠠᠨ ᠪᠦᠷᠢᠳᠦ ᠶᠢᠨ ᠲᠠᠯᠠᠪᠠᠶ 200 ᠰᠢᠬᠠᠮ ᠲᠡᠭᠰᠢ ᠳᠥᠷᠪᠡᠯᠵᠢᠨ ᠺᠢᠯᠣᠮᠧᠲᠷ ᠨᠡᠮᠡᠭᠳᠡᠨ᠂ 3328 ᠲᠡᠭᠰᠢ ᠳᠥᠷᠪᠡᠯᠵᠢᠨ ᠺᠢᠯᠣᠮᠧᠲᠷ ᠲᠤ ᠲᠣᠭᠲᠠᠪᠤᠷᠢᠵᠢᠭᠰᠠᠨ ᠪᠠᠶᠢᠨ᠎ᠠ᠃    ︽ᠰᠤᠪᠨᠠᠭᠤᠷ 20 ᠵᠢᠯ ᠳᠠᠷᠠᠭᠠᠯᠠᠨ ᠤᠰᠤ ᠲᠠᠢ ᠪᠣᠯᠬᠤᠷ ᠣᠳᠣᠬᠠᠨ ᠳᠤ ᠰᠢᠪᠠᠭᠤᠨ ᠤ ᠲᠦᠷᠦᠯ 128 ᠲᠦᠷᠦᠯ ᠪᠣᠯᠵᠤ ᠨᠡᠮᠡᠭᠳᠡᠨ᠂ ᠡᠭᠦᠨ ᠤ ᠳᠣᠲᠣᠷ᠎ᠠ ᠤᠯᠤᠰ ᠤᠨ ᠨᠢᠭᠡᠳᠦᠭᠡᠷ ᠳᠡᠰ ᠤᠨ ᠬᠠᠮᠠᠭᠠᠯᠠᠯᠲᠠ ᠳᠤ ᠪᠠᠶᠢᠭ᠎ᠠ ᠰᠢᠪᠠᠭᠤᠨ ᠤ ᠲᠥᠷᠥᠯ 10᠂ ᠤᠯᠤᠰ ᠤᠨ ᠬᠤᠶᠠᠳᠤᠭᠠᠷ ᠳᠡᠰ ᠤᠨ ᠬᠠᠮᠠᠭᠠᠯᠠᠯᠲᠠ ᠳᠤ ᠪᠠᠶᠢᠭ᠎ᠠ ᠰᠢᠪᠠᠭᠤᠨ ᠤ ᠲᠥᠷᠥᠯ 26 ᠪᠤᠢ᠃ ᠬᠠᠷ᠎ᠠ ᠥᠷᠪᠢᠯᠳᠡᠢ᠂ ᠴᠠᠬᠤᠯᠠᠢ᠂ ᠴᠠᠭᠠᠨ ᠰᠡᠭᠦᠯᠲᠦ ᠵᠠᠭᠠᠯᠢ ᠵᠡᠷᠭᠡ ᠤᠯᠤᠰ ᠤᠨ ᠨᠢᠭᠡᠳᠦᠭᠡᠷ ᠳᠡᠰ ᠤᠨ ᠬᠠᠮᠠᠭᠠᠯᠠᠯᠲᠠ ᠶᠢᠨ ᠰᠢᠪᠠᠭᠤᠨ ᠤ ᠲᠦᠷᠦᠯ ᠴᠦ ᠪᠤᠢ᠃ ᠵᠢᠯ ᠳᠤ ᠬᠡᠳᠦᠨ ᠲᠦᠮᠡᠨ ᠨᠡᠭᠦᠳᠡᠯ ᠤᠨ ᠰᠢᠪᠠᠭᠤ ᠰᠤᠪᠨᠠᠭᠤᠷ ᠲᠤ ᠢᠷᠡᠵᠦ ᠠᠮᠠᠷᠠᠳᠠᠭ ᠪᠣᠯᠵᠠᠢ︾ ᠭᠡᠵᠦ ᠡᠵᠡᠨ᠎ᠡ ᠬᠤᠰᠢᠭᠤᠨ ᠤ ᠰᠤᠪᠨᠠᠭᠤᠷ ᠤᠨ ᠨᠠᠮᠤᠭ ᠭᠠᠵᠠᠷ ᠢ ᠬᠠᠮᠠᠭᠠᠯᠠᠬᠤ ᠲᠥᠪ ᠤᠨ ᠠᠵᠢᠯᠲᠠᠨ ᠳ᠋ᠦᠩ ᠰᠢᠤᠸᠠᠢ ᠵᠢᠶᠦ᠋ᠨ ᠶᠠᠷᠢᠵᠤ ᠪᠠᠶᠢᠯ᠎ᠠ᠃    ᠰᠢᠷᠭᠠᠯ ᠨᠠᠮᠤᠷ ᠰᠠᠭᠠᠲᠠᠬᠤ ᠪᠠᠷ ᠡᠵᠡᠨ᠎ᠡ ᠨᠢ ᠵᠢᠭᠤᠯᠴᠢᠯᠠᠯ ᠤᠨ ᠬᠥᠭᠵᠢᠶᠡᠨᠲᠦ ᠤᠯᠠᠷᠢᠯ ᠢᠶᠠᠨ ᠤᠭᠲᠤᠳᠠᠭ᠃ ᠠᠮᠢ ᠠᠬᠤᠢ ᠰᠠᠶᠢᠵᠢᠷᠠᠬᠤ ᠶᠢ ᠳᠠᠭᠠᠯᠳᠤᠨ᠂ ᠡᠵᠡᠨ᠎ᠡ ᠬᠤᠰᠢᠭᠤ ᠠᠮᠢ ᠠᠬᠤᠢ ᠶᠢᠨ ᠵᠢᠭᠤᠯᠴᠢᠯᠠᠯ ᠤᠨ ᠡᠬᠢ ᠪᠠᠶᠠᠯᠢᠭ ᠢᠶᠠᠨ ᠪᠦᠳᠦᠮᠵᠢ ᠲᠠᠢ ᠨᠡᠭᠡᠭᠡᠵᠦ᠂ ᠰᠣᠶᠣᠯ ᠵᠢᠭᠤᠯᠴᠢᠯᠠᠯ ᠢ ᠠᠭᠤᠰᠤᠯᠴᠠᠭᠤᠯᠤᠨ ᠬᠥᠭᠵᠢᠭᠦᠯᠦᠭᠰᠡᠨ ᠠᠴᠠ ᠵᠢᠭᠤᠯᠴᠢᠯᠠᠬᠰᠠᠳ ᠵᠢᠯ ᠠᠴᠠ ᠵᠢᠯ ᠣᠯᠠᠰᠢᠷᠠᠨ᠎ᠠ᠃ ᠳᠡᠯᠡᠬᠡᠢ ᠶᠢᠨ ᠭᠤᠷᠪᠠᠨ ᠶᠡᠭᠡ ᠲᠣᠣᠷᠠᠢ ᠶᠢᠨ ᠤᠢ ᠶᠢᠨ ᠨᠢᠭᠡ ᠪᠤᠯᠬᠤ ᠡᠵᠡᠨ᠎ᠡ ᠶᠢᠨ ᠭᠠᠶᠢᠬᠠᠮᠰᠢᠭᠲᠤ ᠲᠣᠣᠷᠠᠢ ᠶᠢᠨ ᠤᠢ ᠶᠢᠨ ᠠᠮᠢ ᠠᠬᠤᠢ ᠶᠢᠨ ᠵᠢᠭᠤᠯᠴᠢᠯᠠᠯ᠂ ᠡᠷᠲᠡᠨ ᠤ ᠲᠣᠷᠭᠠᠨ ᠵᠠᠮ ᠳᠠᠭᠠᠤ ᠪᠦᠷᠢᠨ ᠪᠦᠲᠦᠨ ᠦᠯᠡᠳᠡᠭᠰᠡᠨ ᠬᠠᠷ᠎ᠠ ᠬᠤᠳᠠ ᠶᠢᠨ ᠪᠠᠭᠤᠷᠢ᠂ ᠰᠤᠪᠨᠠᠭᠤᠷ ᠤᠨ ᠨᠠᠷᠠᠨ ᠮᠠᠨᠳᠤᠬᠤ ᠁  ᠵᠢᠭᠤᠯᠴᠢᠯᠠᠯ ᠤᠨ ᠦᠢᠯᠡᠰ ᠭᠦᠭᠵᠢᠭᠦ ᠶᠢ ᠳᠠᠭᠠᠯᠳᠤᠨ ᠮᠠᠯᠴᠢᠨ ᠲᠠᠷᠢᠶᠠᠴᠢᠨ ᠵᠢᠭᠤᠯᠴᠢᠯᠠᠯ ᠤᠨ ᠦᠢᠯᠡᠰ ᠲᠤ ᠤᠷᠤᠯᠴᠠᠵᠤ ᠤᠷᠤᠯᠭ᠎ᠠ ᠪᠠᠨ ᠨᠡᠮᠡᠭᠳᠡᠭᠦᠯᠦᠨ᠎ᠡ᠃︽ᠰᠤᠪᠨᠠᠭᠤᠷ ᠦᠵᠡᠮᠵᠢ ᠶᠢᠨ ᠣᠷᠣᠨ ᠨᠢ ᠴᠡᠭᠡ ᠭᠠᠴᠠᠭ᠎ᠠ ᠶᠢᠨ ᠨᠤᠲᠤᠭ ᠪᠡᠯᠴᠢᠭᠡᠷ ᠤᠨ ᠳᠤᠮᠳᠠ ᠪᠠᠶᠢᠷᠢᠯᠠᠳᠠᠭ ᠢᠶᠠᠷ ᠮᠠᠨ ᠤ ᠴᠡᠭᠡ ᠭᠠᠴᠠᠭ᠎ᠠ ᠶᠢᠨ ᠮᠠᠯᠴᠢᠳ ᠰᠤᠪᠨᠠᠭᠤᠷ ᠤᠨ ᠦᠵᠡᠮᠵᠢ ᠶᠢᠨ ᠣᠷᠣᠨ ᠳᠤ ᠭᠠᠵᠠᠷ ᠨᠤᠲᠤᠭ ᠢᠶᠠᠷ ᠢᠶᠠᠨ ᠬᠤᠪᠢ ᠣᠷᠣᠵᠤ ᠤᠷᠤᠯᠭ᠎ᠠ ᠣᠯᠳᠠᠭ︾ ᠭᠡᠵᠦ ᠮᠠᠯᠴᠢᠨ ᠤᠯᠠᠭᠠᠨᠬᠠᠳᠠ ᠶᠠᠷᠢᠵᠤ ᠪᠠᠶᠢᠯ᠎ᠠ᠃    
6379998161827811048294038.jpg
           ᠣᠯᠠᠭᠠᠨᠬᠠᠳᠠ     ︽ᠬᠥᠬᠡᠮᠳᠦᠭ ᠨᠣᠭᠤᠭᠠᠨ ᠠᠭᠤᠯᠠ ᠤᠰᠤ ᠪᠣᠯ ᠠᠯᠲᠠ ᠮᠥᠩᠭᠦᠨ ᠠᠭᠤᠯᠠ ᠮᠥᠨ︾᠃ ᠠᠮᠢᠵᠢᠷᠠᠯ ᠪᠢᠯᠬᠠᠭᠰᠠᠨ ᠰᠤᠪᠨᠠᠭᠤᠷ ᠡᠰᠡᠨᠢᠯ ᠠᠷᠢᠭᠤᠨ ᠰᠢᠮ᠎ᠡ ᠪᠠᠷ  ᠢᠶᠠᠨ ᠡᠵᠡᠨ᠎ᠡ ᠶᠢᠨ ᠨᠣᠭᠤᠭᠠᠨ ᠪᠦᠷᠢᠳᠦ ᠶᠢ ᠤᠮᠳᠠᠯᠠᠨ᠂ ᠭᠤᠪᠢ ᠶᠢᠨ ᠭᠦᠨ ᠳᠠᠬᠢ ᠬᠡᠷᠡᠯᠳᠦ ᠰᠤᠪᠤᠳ ᠤᠨ ᠠᠯᠳᠠᠷ ᠳᠤᠮᠤᠭ ᠢ ᠪᠢᠴᠢᠭᠯᠡᠭᠰᠡᠭᠡᠷ᠃
6379998165989627288710709.jpg
 
ᠢᠷᠡᠯᠲᠡ᠄ ᠳᠣᠮᠳᠠᠳᠣ ᠣᠯᠣᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ