ᠨᠢᠯᠬ᠎ᠠ ᠲᠥᠯ ᠤᠨ ᠰᠢᠩᠭᠡᠭᠡᠯᠲᠡ ᠶᠢᠨ ᠭᠡᠮ ᠢ ᠰᠡᠷᠭᠡᠶᠢᠯᠡᠨ ᠵᠠᠰᠠᠬᠤ
ᠨᠡᠶᠢᠲᠡᠯᠡᠭᠰᠡᠨ ᠴᠠᠭ᠄
2022/10/25
      ᠨᠢᠯᠬ᠎ᠠ ᠲᠥᠯ ᠤᠨ ᠰᠢᠩᠭᠡᠭᠡᠯᠲᠡ ᠶᠢᠨ ᠭᠡᠮ ᠪᠣᠯ ᠨᠢᠯᠬ᠎ᠠ ᠲᠥᠯ ᠡᠬᠡ ᠶᠢᠨ ᠰᠦ᠋ ᠪᠠᠨ ᠬᠥᠬᠦᠭᠰᠡᠨ ᠤ ᠳᠠᠷᠠᠭ᠎ᠠ ᠳᠠᠭᠠᠷᠠᠵᠤ ᠪᠡᠭᠡᠷᠡᠭᠰᠡᠨ ᠪᠤᠶᠤ ᠬᠦᠢᠲᠡᠨ  ᠨᠣᠶᠢᠲᠠᠨ ᠭᠠᠵᠠᠷ ᠲᠤ ᠤᠳᠠᠭᠠᠨ ᠬᠡᠪᠲᠡᠭᠰᠡᠨ ᠠᠴᠠ ᠪᠣᠯᠵᠤ ᠡᠭᠦᠰᠳᠡᠭ᠃            ᠰᠢᠨᠵᠢ ᠪᠠᠶᠢᠳᠠᠯ᠄ ᠴᠠᠶᠢᠪᠳᠤᠷ ᠥᠩᠭᠡᠲᠡᠢ ᠪᠠᠷ ᠰᠢᠩᠭᠡᠨ ᠪᠠᠭᠠᠵᠤ᠂ ᠪᠠᠭᠠᠰᠤᠨ ᠳᠣᠲᠣᠷ᠎ᠠ ᠨᠢ ᠰᠦᠨ ᠤ ᠪᠥᠭᠡᠮᠨᠡᠷᠡᠯ ᠬᠠᠷᠠᠭᠳᠠᠳᠠᠭ᠃ ᠪᠠᠭᠠᠰᠤ  ᠠᠯᠳᠠᠵᠤ ᠡᠬᠡ ᠪᠠᠨ ᠭᠦᠬᠦᠬᠦ ᠦᠭᠡᠢ ᠲᠠᠰᠤᠷᠠᠯᠳᠠ ᠦᠭᠡᠢ ᠮᠠᠶᠢᠯᠠᠵᠤ ᠪᠠᠶᠢᠪᠠᠯ ᠰᠢᠩᠭᠡᠭᠡᠯᠲᠡ ᠶᠢᠨ ᠭᠡᠮ ᠤᠨ ᠢᠯᠡᠷᠡᠯ ᠮᠥᠨ᠃            ᠡᠮᠴᠢᠯᠡᠨ ᠵᠠᠰᠠᠬᠤ ᠠᠷᠭ᠎ᠠ᠄ ᠭᠡᠮᠨᠡᠭᠰᠡᠨ ᠲᠥᠯ ᠢᠶᠠᠨ ᠳᠤᠯᠠᠭᠠᠨ ᠭᠠᠵᠠᠷ ᠬᠡᠪᠲᠡᠭᠦᠯᠵᠦ᠂ ᠢᠰᠬᠦᠯᠡᠩ ᠠᠭᠠᠷᠤᠤᠯ ᠱᠥᠭᠦᠷᠮᠡᠭ ᠢ ᠲᠠᠯᠬᠠᠳᠤᠵᠤ  ᠪᠤᠴᠠᠯᠤᠭᠰᠠᠨ ᠤᠰᠤᠨ ᠳᠤ ᠵᠢᠭᠤᠷᠠᠵᠤ ᠢᠳᠡᠭᠦᠯᠦᠨ᠎ᠡ᠃ ᠠᠶᠢᠷᠠᠭ ᠤᠨ ᠰᠢᠷ᠎ᠠ ᠲᠣᠰᠣ ᠪᠤᠶᠤ ᠴᠠᠭ᠎ᠠ ᠪᠠ ᠬᠠᠷ᠎ᠠ ᠠᠷᠢᠬᠢ ᠶᠢ ᠪᠤᠷᠠᠮ ᠲᠠᠢ ᠬᠤᠯᠢᠵᠤ ᠡᠳᠦᠷ ᠲᠤ  ᠤᠯᠠᠨ ᠤᠳᠠᠭ᠎ᠠ ᠬᠤᠪᠢᠶᠠᠵᠤ ᠤᠤᠭᠤᠯᠭᠠᠨ᠎ᠠ᠃  
ᠢᠷᠡᠯᠲᠡ᠄ ᠤᠷᠳᠤᠰ ᠤᠨ ᠮᠤᠩᠭᠤᠯ ᠭᠡᠯᠡᠨ ᠤ ᠰᠤᠨᠢᠨ ᠮᠡᠳᠡᠭᠡᠨ ᠤ ᠰᠦᠯᠵᠢᠶ᠎ᠡ