ᠮᠡᠷᠬᠡᠯ ᠬᠡᠤᠬᠡᠨ ᠤ ᠲᠤᠮᠤᠭᠲᠤ ᠮᠡᠷᠬᠡᠯ ᠭᠤᠤᠯ ᠤᠨ ᠵᠤᠰᠠᠭᠠᠯ
ᠨᠡᠶᠢᠲᠡᠯᠡᠭᠰᠡᠨ ᠴᠠᠭ᠄
2022/10/27
   ᠵᠣᠬᠢᠶᠠᠭᠴᠢ᠄ ᠰᠡᠴᠡᠨᠪᠢᠯᠢᠭ ᠬᠠᠰᠪᠠᠶᠠᠷ ᠰᠠᠴᠤᠷᠠᠯᠲᠤ       ᠲᠡᠭᠷᠢ ᠳᠤ ᠬᠥᠪᠥᠩ ᠴᠠᠭᠠᠨ ᠡᠭᠦᠯᠡᠰ ᠨᠡᠭᠦᠳᠡᠯᠯᠡᠵᠦ᠂ ᠰᠡᠷᠢᠭᠦᠬᠡᠨ ᠰᠠᠯᠬᠢ ᠰᠡᠷᠴᠢᠭᠢᠨᠡᠭᠰᠡᠨ ᠰᠠᠶᠢᠬᠠᠨ ᠡᠳᠦᠷ ᠮᠠᠨ ᠤ ᠰᠤᠷᠪᠤᠯᠵᠢᠯᠠᠭ᠎ᠠ ᠶᠢᠨ ᠪᠦᠯᠬᠦᠮ ᠬᠦᠯᠥᠨ ᠪᠦᠢᠷ ᠬᠤᠲᠠ ᠶᠢᠨ ᠬᠠᠶᠢᠯᠠᠷ ᠲᠤᠭᠤᠷᠢᠭ ᠠᠴᠠ ᠭᠠᠷᠴᠤ ᠬᠠᠭᠤᠴᠢᠨ ᠪᠠᠷᠭᠤ ᠬᠤᠰᠢᠭᠤᠨ ᠳᠤ ᠬᠠᠷᠢᠶᠠᠯᠠᠭᠳᠠᠬᠤ ᠮᠡᠷᠬᠡᠯ ᠭᠤᠤᠯ ᠤᠨ ᠵᠤᠰᠠᠭᠠᠯ ᠢ ᠴᠢᠭᠯᠡᠯ᠎ᠡ᠃ ᠮᠠᠨ ᠤ ᠮᠠᠰᠢᠨ ᠬᠤᠶᠠᠷ ᠭᠤᠤᠯ ᠢ ᠦᠭᠰᠦᠨ ᠨᠢᠬᠡ ᠲᠠᠪᠠᠭ᠎ᠠ ᠶᠢ ᠲᠠᠪᠠᠭᠠᠳ ᠭᠠᠷᠬᠤ ᠳᠤ ᠭᠠᠶᠢᠬᠠᠰᠢ ᠠᠯᠳᠠᠮ᠎ᠠ ᠶᠡᠭᠡ ᠨᠣᠭᠤᠭᠠᠨ ᠲᠠᠯ᠎ᠠ ᠨᠢᠳᠦᠨ ᠤ ᠡᠮᠦᠨ᠎ᠡ ᠲᠤᠰᠴᠤ᠂ ᠬᠡᠰᠡᠭ ᠭᠠᠵᠠᠷ ᠲᠤᠨᠢ 500 — 600 ᠵᠢᠩ ᠢᠶᠠᠷ ᠨᠢᠬᠡ ᠪᠤᠭᠤᠵᠢ ᠪᠤᠯᠭᠠᠭᠰᠠᠨ ᠡᠪᠡᠰᠦ ᠮᠦᠷ ᠮᠦᠷ ᠵᠢᠭᠳᠡᠷᠡᠨ᠎ᠡ᠃ ︽ᠮᠠᠨ ᠤ ᠬᠦᠯᠥᠨ ᠪᠦᠢᠷ ᠤᠨ ᠬᠠᠳᠤᠯᠠᠩ ᠡᠬᠢᠯᠡᠬᠡᠳ ᠬᠤᠶᠠᠷ ᠭᠠᠷᠠᠭ ᠪᠤᠯᠴᠢᠬᠠᠭᠰᠠᠨ ᠰᠢᠤ᠂ ᠡᠳᠡᠬᠡᠷ ᠪᠤᠭᠤᠵᠢᠯᠠᠭᠰᠠᠨ ᠡᠪᠡᠰᠦ ᠡᠨᠡ ᠵᠢᠯ ᠤᠨ ᠦᠷᠲᠡᠭ ᠢᠶᠠᠷ ᠪᠤᠭᠤᠵᠢ ᠪᠦᠷᠢ ᠳᠡᠭᠡᠨ 250 —260 ᠲᠦᠬᠦᠷᠢᠭ ᠬᠦᠷᠴᠤ ᠪᠠᠶᠢᠨ᠎ᠠ᠂ ᠨᠢᠳᠤᠨᠤᠨ ᠵᠢᠯ 130 ᠲᠦᠬᠦᠷᠢᠭ ᠪᠠᠶᠢᠭᠰᠠᠨ᠂ ᠰᠡᠬᠦᠯᠳᠡᠵᠤ ᠢᠷᠡᠬᠦ ᠳᠤ ᠠᠭᠠᠵᠢᠮ ᠠᠭᠠᠵᠢᠮ ᠢᠶᠠᠷ ᠨᠡᠮᠡᠭᠳᠡᠭᠡᠳ ᠤᠳᠤ ᠶᠢᠨ ᠦᠷᠲᠡᠭ ᠲᠤ ᠬᠦᠷᠴᠡᠢ᠃ ᠵᠠᠷᠢᠮ ᠠᠶᠢᠯ ᠡᠶᠢᠮᠤ 1000 ᠪᠤᠭᠤᠵᠢ ᠡᠪᠡᠰᠦ ᠬᠤᠷᠢᠶᠠᠳᠠᠭ᠂ ᠵᠠᠷᠢᠮ ᠠᠶᠢᠯ 400 — 500 ᠪᠤᠭᠤᠵᠢ ᠬᠤᠷᠢᠶᠠᠳᠠᠭ᠂ ᠲᠡᠭᠡᠬᠦᠯᠡᠷ ᠪᠠᠷᠭᠤ ᠶᠢᠨ ᠮᠠᠯᠴᠢᠳ ᠡᠨᠡ ᠵᠢᠯ ᠴᠤ ᠪᠠᠶᠠᠨ ᠲᠠᠷᠭᠤᠨ ᠪᠠᠶᠢᠨ᠎ᠠ ᠰᠢᠤ︕︾ ᠭᠡᠵᠦ ᠪᠢᠳᠠᠨ ᠲᠠᠢ ᠴᠤᠭ ᠶᠠᠪᠤᠭ᠎ᠠ ᠬᠦᠯᠥᠨ ᠪᠦᠢᠷ ᠤᠨ ᠡᠳᠦᠷ ᠤᠨ ᠰᠤᠨᠢᠨ ᠤ ᠰᠤᠷᠪᠤᠯᠵᠢᠯᠠᠭᠴᠢ ᠰᠡᠩᠬᠡᠭᠠᠷᠪᠤ ᠤᠴᠢᠷᠯᠠᠵᠤ ᠪᠠᠶᠢᠯ᠎ᠠ᠃     ᠮᠠᠨ ᠤ ᠮᠠᠰᠢᠨ ᠤᠲᠠᠵᠤ ᠲᠦᠳᠡᠯ ᠦᠭᠡᠢ ᠮᠡᠷᠬᠡᠯ ᠭᠤᠤᠯ ᠤᠨ ᠵᠤᠰᠠᠭᠠᠯ ᠳᠤ ᠤᠷᠤᠵᠤ ᠤᠴᠢᠯ᠎ᠡ᠃ ᠵᠠᠮ ᠤᠨ ᠬᠤᠶᠠᠷ ᠬᠠᠵᠠᠭᠤ ᠶᠢᠨ ᠬᠠᠲᠤᠯᠠᠩ ᠢᠶᠠᠨ ᠡᠬᠢᠯᠡᠬᠦᠯᠥᠬᠡ ᠦᠭᠡᠢ ᠠᠶᠢᠯ ᠤᠨ ᠲᠡᠭᠰᠢᠬᠡᠨ ᠲᠠᠯ᠎ᠠ ᠳᠤ ᠡᠪᠦᠳᠦᠭ ᠰᠢᠭᠦᠷᠡᠮ᠎ᠡ ᠡᠪᠡᠰᠦ ᠤᠷᠭᠤᠮᠠᠯ ᠬᠠᠯᠢᠭᠤᠷᠠᠨ ᠤᠷᠭᠤᠵᠤ᠂ ᠬᠤᠨᠳᠤᠨ ᠤᠯᠠᠭᠠᠨ᠂ ᠬᠥᠬᠡ ᠴᠠᠭᠠᠨ᠂ ᠰᠢᠷ᠎ᠠ ᠪᠣᠷᠣ ᠵᠡᠷᠭᠡ ᠡᠯᠳᠡᠪ ᠥᠩᠭᠡ ᠶᠢᠨ ᠴᠡᠴᠡᠭᠡᠰ ᠳᠡᠯᠭᠡᠷᠡᠨ᠂ ᠲᠠᠭᠠᠨ᠎ᠠ ᠶᠢᠨ ᠴᠡᠴᠡᠭ᠂ ᠠᠭᠢ ᠰᠤᠶᠢᠭ᠎ᠠ ᠶᠢᠨ ᠰᠡᠷᠭᠦᠯᠡᠩ ᠦᠨᠦᠷ ᠬᠠᠮᠠᠷ ᠤᠷᠤᠭᠤ ᠰᠡᠩᠭᠢᠨᠡᠨ ᠳᠣᠲᠣᠷ᠎ᠠ ᠠᠭᠤᠵᠢᠷᠠᠭᠤᠯᠤᠨ᠎ᠠ᠃ ᠲᠡᠷᠡ ᠶᠡᠭᠡ ᠨᠣᠭᠤᠭᠠᠨ ᠲᠠᠯ᠎ᠠ ᠶᠢᠨ ᠳᠤᠮᠳᠠ ᠱᠢᠷᠦ ᠰᠤᠪᠤᠳ ᠰᠠᠴᠤᠭᠰᠠᠨ ᠮᠡᠲᠦ ᠰᠦᠷᠦᠭ ᠰᠦᠷᠦᠭ ᠦᠬᠡᠷ ᠬᠤᠨᠢ ᠠᠳᠤᠭᠤ ᠡᠷᠬᠡ ᠳᠤᠷ᠎ᠠ ᠪᠠᠷ ᠢᠶᠠᠨ ᠪᠡᠯᠴᠢᠨ᠎ᠡ᠃ ᠲᠡᠭᠷᠢ ᠳᠤ ᠨᠡᠭᠦᠬᠦ ᠴᠠᠭᠠᠨ ᠡᠭᠦᠯᠡᠰ᠂ ᠭᠠᠵᠠᠷ ᠲᠤ ᠪᠡᠯᠴᠢᠬᠦ ᠠᠳᠤᠭᠤ ᠮᠠᠯ ᠽᠠᠨᠪᠤᠯᠢᠩ ᠤᠨ ᠤᠶᠠᠬᠠᠨ ᠰᠠᠯᠬᠢᠨ ᠳᠤ ᠠᠶᠠᠷ ᠠᠶᠠᠷᠬᠠᠨ ᠰᠢᠯᠵᠢᠵᠦ᠂ ᠡᠬᠡ ᠳᠡᠯᠡᠬᠡᠢ ᠨᠡᠶᠢᠳᠡᠮ ᠳᠡᠭᠡᠨ ᠡᠷᠭᠢᠯᠳᠦᠵᠦ ᠪᠠᠶᠢᠨ᠎ᠠ ᠦᠦ ᠭᠡᠮᠡᠷ ᠬᠠᠴᠢᠨ ᠰᠣᠨᠢᠨ ᠰᠡᠳᠭᠢᠭᠳᠡᠯ ᠥᠭᠭᠦᠨ᠎ᠡ᠃ ᠰᠠᠯᠬᠢᠨ ᠤ ᠠᠶ᠎ᠠ ᠪᠠᠷ ᠦᠶ᠎ᠡ ᠦᠶᠡᠭᠡᠨ ᠰᠡᠪᠢᠯᠵᠡᠬᠦ ᠡᠪᠡᠰᠦᠨ ᠳᠠᠪᠠᠯᠭ᠎ᠠ ᠶᠡᠭᠡ ᠳᠠᠯᠠᠢ ᠶᠢᠨ ᠤᠰᠤ ᠮᠡᠲᠦ ᠰᠡᠨᠡᠭ ᠰᠡᠨᠡᠭ ᠲᠤᠯᠬᠢᠯᠡᠵᠦ ᠪᠠᠶᠢᠨ ᠪᠠᠶᠢᠨ ᠲᠠᠲᠠᠭᠤᠷᠠᠨ᠎ᠠ᠃       ᠡᠶᠢᠮᠤ ᠯᠠ ᠰᠠᠶᠢᠬᠠᠨ ᠵᠢᠷᠤᠭ ᠮᠡᠲᠤ ᠦᠵᠡᠰᠬᠦᠯᠡᠩᠲᠤ ᠠᠭᠤᠯᠠ ᠲᠠᠯ᠎ᠠ ᠶᠢᠨ ᠲᠤᠮᠳᠠ ᠮᠡᠷᠬᠡᠯ ᠭᠤᠤᠯ ᠲᠦᠮᠡᠨ ᠮᠢᠩᠭᠠᠨ ᠨᠤᠭᠤᠯᠤᠭ᠎ᠠ ᠲᠠᠳᠠᠭᠤᠯᠤᠨ ᠠᠶᠠᠷᠬᠠᠨ ᠤᠷᠤᠰᠤᠨ᠎ᠠ᠃ ᠮᠡᠷᠬᠡᠯ ᠭᠤᠤᠯ ᠶᠡᠭᠡ ᠬᠢᠨᠭ᠍ᠭᠠᠨ ᠲᠠᠪᠠᠭᠠᠨ ᠠᠴᠠ ᠡᠬᠢ ᠠᠪᠴᠤ ᠵᠡᠬᠦᠨ ᠠᠴᠠ ᠪᠠᠷᠠᠭᠤᠨ ᠡᠮᠦᠨᠡᠰᠢ ᠪᠠᠨ 290 ᠺᠢᠯᠤᠮᠧᠲᠷ ᠤᠷᠲᠤ ᠪᠠᠶᠢᠵᠤ᠂ ᠬᠠᠭᠤᠴᠢᠨ ᠪᠠᠷᠭᠤ ᠬᠤᠰᠢᠭᠤᠨ ᠤ ᠨᠤᠲᠤᠭ ᠲᠤ ᠰᠤᠨᠤᠯᠵᠠᠨ ᠤᠷᠤᠰᠤᠨ᠎ᠠ᠃ ᠮᠡᠷᠭᠡᠯ ᠭᠤᠣᠯ ᠤᠯᠠᠨ ᠪᠤᠯᠠᠭ ᠤᠨ ᠣᠨᠳᠤᠷᠤᠭ᠎ᠠ ᠪᠠᠷ ᠪᠦᠷᠢᠯᠳᠦᠭᠰᠡᠨ ᠲᠤᠯᠠ ᠬᠤᠷ᠎ᠠ ᠪᠣᠷᠤᠭᠠᠨ ᠪᠠᠭ᠎ᠠ ᠵᠢᠯ 5 — 6 ᠮᠧᠲᠷ ᠯᠠ ᠥᠷᠭᠡᠨ ᠤᠷᠤᠰᠤᠨ᠎ᠠ᠃ ᠮᠡᠷᠭᠡᠯ ᠭᠤᠣᠯ ᠥᠷᠭᠡᠨ ᠲᠠᠯ᠎ᠠ᠂ ᠠᠭᠤᠯᠠ ᠲᠤᠯᠤᠭᠠᠳ ᠤᠨ ᠬᠤᠷᠮᠤᠢ ᠪᠠᠷ ᠠᠶᠠᠷ ᠠᠶᠠᠷᠬᠠᠨ ᠤᠷᠤᠰᠴᠤ᠂ ᠵᠤᠰᠠᠯᠠᠩ ᠤᠨ ᠴᠠᠭ ᠠᠴᠠ ᠭᠠᠳᠠᠨ᠎ᠠ ᠪᠠᠷᠤᠭ ᠬᠥᠮᠦᠨ ᠠᠮᠢᠲᠠᠨ ᠬᠠᠪᠢᠳᠠᠬᠤ ᠦᠭᠡᠢ ᠰᠢᠬᠠᠮ ᠪᠠᠶᠢᠳᠠᠭ ᠪᠣᠯᠬᠤᠷ ᠤᠰᠤ ᠨᠢ ᠲᠤᠩᠭᠠᠯᠠᠭ ᠴᠡᠩᠭᠡᠭ ᠪᠠᠶᠢᠳᠠᠭ᠃ ᠮᠡᠷᠭᠡᠯ ᠭᠤᠣᠯ ᠤᠨ ᠠᠷᠢᠭᠤᠨ ᠲᠠᠭᠰᠢᠨ᠂ ᠴᠡᠪᠡᠷ ᠲᠤᠩᠭᠠᠯᠠᠭ᠂ ᠭᠠᠶᠢᠬᠠᠮᠰᠢᠭᠲᠠᠢ ᠶᠢ ᠨᠢ ᠮᠡᠷᠭᠡᠯ ᠤᠨ ᠳᠡᠨᠵᠢᠨ ᠳᠡᠭᠡᠷ᠎ᠡ ᠵᠤᠰᠠᠵᠤ᠂ ᠵᠤᠭᠠᠯᠠᠵᠤ᠂ ᠬᠤᠨᠤᠭᠯᠠᠵᠤ᠂ ᠰᠡᠷᠢᠭᠦᠨ ᠰᠠᠯᠬᠢᠨ ᠳᠤᠨᠢ ᠳᠠᠭᠵᠢᠵᠤ᠂ ᠴᠠᠪ ᠬᠦᠢᠲᠡᠨ ᠤᠰᠤᠨ ᠠᠴᠠ ᠨᠢ ᠠᠮᠰᠠᠭᠰᠠᠨ ᠭᠦᠮᠦᠨ ᠯᠡ ᠰᠠᠶ᠋ᠢ ᠵᠢᠩᠬᠢᠨᠢ ᠰᠡᠳᠭᠢᠯ ᠠᠴᠠ ᠪᠠᠨ ᠮᠡᠳᠡᠷᠡᠵᠦ ᠴᠢᠳᠠᠨ᠎ᠠ᠃       ᠲᠡᠬᠡᠬᠦ ᠳᠤ ᠮᠡᠷᠬᠡᠯ ᠭᠤᠤᠯ ᠤᠨ ᠲᠤᠮᠤᠭ ᠨᠢ ᠪᠠᠰᠠ ᠪᠠᠷᠭᠤᠴᠤᠳ ᠤᠨ ᠲᠤᠮᠳᠠ ᠦᠶ᠎ᠡ ᠤᠯᠠᠷᠢᠨ ᠦᠨᠢᠳᠡ ᠳᠡᠯᠬᠡᠷᠡᠨ ᠦᠯᠡᠳᠡᠵᠡᠢ᠃ ᠡᠷᠲᠡ ᠤᠷᠢᠲᠤ ᠶᠢᠨ ᠴᠠᠭ ᠲᠤ ᠭᠡᠨ᠎ᠡ᠂ ᠣᠳᠣ ᠶᠢᠨ ᠮᠡᠷᠭᠡᠯ ᠤᠨ ᠪᠠᠶᠢᠭ᠎ᠠ ᠭᠠᠵᠠᠷ ᠬᠤᠷ᠎ᠠ ᠤᠰᠤ ᠬᠤᠪᠤᠷ᠂ ᠡᠪᠡᠰᠦ ᠤᠷᠭᠤᠮᠠᠯ ᠲᠠᠴᠢᠷ ᠪᠠᠶᠢᠭᠰᠠᠨ ᠭᠡᠨ᠎ᠡ᠃ ᠲᠡᠨᠳᠡ ᠨᠤᠳᠤᠭᠯᠠᠨ ᠠᠮᠢᠳᠤᠷᠠᠵᠤ ᠪᠠᠶᠢᠳᠠᠭ ᠮᠠᠯᠴᠢᠳ ᠤᠨ ᠠᠮᠢᠳᠤᠷᠠᠯ ᠨᠢ ᠲᠦᠢᠯ ᠤᠨ ᠬᠦᠴᠢᠷᠲᠠᠢ ᠪᠠᠶᠢᠵᠠᠢ᠃ ︽ᠭᠠᠢ ᠭᠠᠵᠠᠷ ᠳᠤᠤᠷ᠎ᠠ ᠠᠴᠠ᠂ ᠭᠠᠭ᠋ᠠᠢ ᠮᠣᠳᠤᠨ ᠲᠤᠤᠷ᠎ᠠ ᠠᠴᠠ︾ ᠭᠡᠳᠡᠭᠴᠢᠯᠡᠨ ᠨᠢᠭᠡᠨ ᠵᠢᠯ ᠲᠤᠩ ᠶᠡᠭᠡ ᠭᠠᠩ ᠬᠠᠭᠰᠠᠷᠠᠭᠠᠨ ᠪᠣᠯᠵᠤ ᠬᠠᠮᠠᠷ ᠬᠠᠳᠬᠤᠬᠤ ᠡᠪᠡᠰᠦ ᠴᠦ ᠤᠷᠭᠤᠭᠰᠠᠨ ᠦᠭᠡᠢ᠂ ᠮᠠᠯᠴᠢᠳ ᠪᠦᠷ ᠨᠣᠳᠤᠭ ᠠᠴᠠ ᠪᠠᠨ ᠨᠡᠭᠦᠵᠦ ᠡᠬᠢᠯᠡᠪᠡ᠃ ᠡᠨᠡ ᠪᠠᠶᠢᠳᠠᠯ ᠢ ᠬᠠᠷᠠᠭᠰᠠᠨ ᠦᠵᠡᠰᠭᠦᠯᠡᠩᠲᠦ ᠥᠬᠢᠨ ᠮᠡᠷᠭᠡᠯ᠂ ᠨᠤᠳᠤᠭ ᠤᠨ ᠠᠷᠠᠳ ᠢᠶᠠᠨ ᠵᠣᠪᠠᠯᠠᠩ ᠠᠴᠠ ᠵᠠᠶᠢᠯᠠᠭᠤᠯᠬᠤ ᠶᠢᠨ ᠲᠥᠯᠦᠭᠡ ᠶᠡᠭᠡ ᠬᠢᠩᠭᠠᠨ ᠳᠠᠪᠠᠭᠠᠨ ᠤ ᠰᠠᠬᠤᠯᠢᠭ ᠤᠢ ᠳᠤᠳᠤᠷ᠎ᠠ ᠪᠠᠶᠢᠳᠠᠭ ᠡᠷᠳᠡᠨᠢ ᠶᠢᠨ ᠤᠰᠤ ᠢᠢ ᠡᠷᠢᠬᠦ ᠪᠠᠷ ᠭᠠᠷᠤᠭᠰᠠᠨ ᠶᠤᠮ ᠪᠠᠶᠢᠨ᠎ᠠ᠃ ᠮᠡᠷᠭᠡᠯ ᠥᠬᠢᠨ ᠪᠡᠷᠬᠡ ᠪᠠᠷᠲᠠᠭᠠᠳᠤ ᠵᠠᠮ᠂ ᠬᠡᠭᠡᠷ᠎ᠡ ᠶᠢᠨ ᠠᠮᠢᠲᠠᠨ ᠤ ᠳᠤᠪᠲᠤᠯᠤᠯᠲᠠ᠂ ᠡᠵᠡᠭᠦᠢ ᠬᠡᠭᠡᠷ᠎ᠡ ᠶᠢᠨ ᠠᠶᠤᠯ ᠢ ᠳᠤᠭᠤᠯᠵᠤ ᠶᠡᠭᠡ ᠬᠢᠩᠭᠠᠨ ᠳᠠᠪᠠᠭᠠᠨ ᠳᠤ ᠬᠦᠷᠦᠯ᠎ᠡ᠃ ᠭᠡᠪᠡᠴᠦ ᠲᠡᠷᠡ ᠡᠷᠳᠡᠨᠢ ᠶᠢᠨ ᠤᠰᠤ ᠢᠢ ᠡᠷᠢᠵᠤ ᠣᠯᠤᠭᠰᠠᠨ ᠦᠭᠡᠢ᠂ ᠶᠠᠳᠠᠷᠠᠵᠤ ᠲᠦᠢᠯᠳᠠᠭᠰᠠᠨ ᠲᠡᠷᠡ ᠰᠡᠳᠭᠢᠯ ᠢᠶᠠᠷ ᠤᠨᠠᠵᠤ᠂ ᠬᠢᠩᠭᠠᠨ ᠤ ᠪᠠᠯ ᠳᠤ ᠦᠩᠬᠦᠷᠢᠵᠤ ᠤᠨᠠᠭᠠᠳ ᠳᠠᠬᠢᠵᠤ ᠪᠣᠰᠤᠭᠰᠠᠨ ᠦᠭᠡᠢ᠃      ᠬᠤᠶᠢᠳᠣᠨ ᠵᠢᠯ ᠤᠨ ᠬᠢᠨᠢ ᠬᠠᠪᠤᠷ᠂ ᠴᠠᠰᠤ ᠮᠥᠰᠦ ᠬᠠᠶᠢᠯ ᠪᠣᠯᠤᠨ ᠤᠷᠤᠰᠬᠤ ᠶᠢᠨ ᠴᠠᠭ ᠲᠤ ᠮᠡᠷᠭᠡᠯ ᠥᠬᠢᠨ ᠤ ᠤᠨᠠᠭᠰᠠᠨ ᠭᠠᠵᠠᠷ ᠠᠴᠠ ᠠᠮᠢᠳᠤ ᠪᠤᠯᠠᠭ ᠤᠨᠳᠤᠷᠴᠤ᠂ ᠪᠤᠯᠠᠭ ᠤᠨ ᠤᠰᠤ ᠠᠭᠤᠯᠠ ᠶᠢᠨ ᠪᠡᠯ ᠲᠠᠭᠠᠨ ᠤᠷᠤᠰᠤᠭᠰᠠᠭᠠᠷ ᠮᠡᠷᠭᠡᠯ ᠥᠬᠢᠨ ᠤ ᠨᠤᠲᠤᠭ ᠢ ᠴᠢᠭᠯᠡᠪᠡ᠃ ᠪᠤᠯᠠᠭ ᠤᠨ ᠤᠰᠤ ᠬᠠᠶᠢᠯ ᠤᠨ ᠤᠰᠤ ᠶᠢ ᠬᠠᠮᠤᠵᠦ ᠤᠷᠤᠰᠤᠭᠰᠠᠭᠠᠷ ᠭᠤᠣᠯ ᠪᠣᠯᠣᠯ᠎ᠠ᠃ ᠨᠤᠲᠤᠭ ᠤᠨ ᠬᠢᠨᠢ ᠠᠷᠠᠳ ᠮᠡᠷᠭᠡᠯ ᠥᠬᠢᠨ ᠢᠶᠠᠨ ᠪᠠᠷᠠᠯᠠᠭᠰᠠᠭᠠᠷ᠂ ᠰᠠᠷᠠᠪᠴᠢᠯᠠᠭᠰᠠᠭᠠᠷ ᠁ ᠭᠡᠪᠡᠴᠦ ᠮᠡᠷᠭᠡᠯ ᠥᠬᠢᠨ ᠡᠷᠭᠢᠵᠦ ᠢᠷᠡᠭᠰᠡᠨ ᠦᠭᠡᠢ᠂ ᠬᠠᠷᠢᠨ ᠤᠭᠠᠯᠵᠠᠯᠠᠨ ᠤᠷᠤᠰᠤᠭᠰᠠᠭᠠᠷ ᠠᠶᠢᠰᠤᠢ ᠭᠤᠣᠯ ᠤᠨ ᠤᠰᠤ ᠡᠨᠡ ᠬᠦ ᠨᠤᠳᠤᠭ ᠤᠨ ᠬᠥᠮᠦᠨ ᠠᠷᠠᠳ ᠢ ᠣᠮᠳᠠᠯᠠᠵᠤ᠂ ᠳᠠᠬᠢᠵᠤ ᠭᠠᠩ ᠬᠠᠭᠰᠠᠷᠠᠭᠠᠨ ᠪᠣᠯᠤᠭᠰᠠᠨ ᠦᠭᠡᠢ᠃ ᠨᠤᠲᠤᠭ ᠤᠨ ᠬᠢᠨᠢ ᠠᠷᠠᠳ ᠮᠡᠷᠭᠡᠯ ᠥᠬᠢᠨ ᠤ ᠦᠢᠯᠡ ᠬᠥᠬᠡ ᠲᠡᠭᠷᠢ ᠬᠥᠷᠥᠰᠦᠲᠦ ᠳᠡᠯᠡᠬᠡᠢ ᠢᠢ ᠤᠶᠠᠷᠠᠭᠠᠵᠣ ᠴᠢᠳᠠᠭᠰᠠᠨ ᠪᠣᠯᠬᠤᠷ ᠨᠤᠲᠤᠭ ᠲᠤ ᠮᠢᠨᠢ ᠭᠤᠣᠯ ᠤᠰᠤ ᠬᠠᠶᠢᠷᠠᠯᠠᠭᠰᠠᠨ ᠬᠡᠮᠡᠨ ᠵᠠᠯᠪᠠᠷᠢᠵᠤ᠂ ᠭᠤᠣᠯ ᠤᠨ ᠤᠰᠤᠨ ᠤ ᠳᠤᠰᠤᠯ ᠪᠦᠷᠢ ᠳᠤ ᠮᠡᠷᠭᠡᠯ ᠥᠬᠢᠨ ᠤ ᠠᠷᠢᠭᠤᠨ ᠰᠦᠨᠡᠰᠦ ᠤᠷᠤᠰᠢᠵᠤ ᠪᠤᠢ ᠬᠡᠮᠡᠨ ᠰᠠᠨᠠᠵᠤ᠂ ᠡᠨᠡ ᠭᠤᠣᠯ ᠢ ︽ᠮᠡᠷᠭᠡᠯ ᠭᠤᠤᠯ︾ ᠬᠡᠵᠤ ᠮᠡᠷᠬᠡᠯ ᠦᠬᠢᠨ ᠢᠶᠠᠨ ᠡᠬᠦᠷᠢᠳᠡ ᠲᠤᠷᠠᠰᠬᠠᠨ ᠦᠯᠡᠳᠡᠬᠡᠵᠡᠢ᠃        ᠪᠢᠳᠠ ᠮᠡᠷᠬᠡᠯ ᠭᠤᠤᠯ ᠤᠨ ᠦᠵᠡᠮᠵᠢ ᠶᠢ ᠬᠠᠮᠤᠭ ᠠᠴᠠ ᠢᠯᠡᠬᠦᠦ ᠰᠤᠨᠢᠷᠬᠠᠵᠤ ᠪᠤᠯᠬᠤ ︽ᠮᠦ ᠶᠦᠨ︾ᠤᠷᠬᠢᠯ ᠳᠤ ᠭᠠᠷᠤᠭᠠᠳ ᠳᠡᠮᠡᠢ ᠤᠳᠠᠭ᠎ᠠ ᠦᠭᠡᠢ ᠪᠠᠶᠢᠬᠤ ᠳᠤ ᠲᠡᠷᠲᠡᠬᠡᠬᠢ ᠠᠭᠤᠯᠠᠨ ᠳᠤ ᠬᠤᠷ᠎ᠠ ᠪᠠᠭᠤᠵᠤ ᠪᠠᠶᠢᠭ᠎ᠠ ᠨᠢ ᠲᠤᠳᠤ ᠠᠴᠠ ᠲᠤᠳᠤ ᠬᠠᠷᠠᠭᠳᠠᠨ᠂ ᠲᠡᠷᠡ ᠬᠦ ᠡᠬᠦᠯᠡᠰ ᠨᠢ ᠨᠠᠭᠠᠰᠢᠯᠠᠨ ᠨᠠᠭᠠᠰᠢᠯᠠᠭᠰᠠᠭᠠᠷ ᠮᠠᠨ ᠤ ᠲᠡᠭᠡᠷ᠎ᠡ ᠬᠦᠷᠴᠤ ᠢᠷᠡᠪᠡ᠃ ᠵᠢᠭᠠᠬᠠᠨ ᠴᠠᠭ ᠤᠨ ᠬᠤᠭᠤᠷᠤᠨᠳᠤ ᠠᠭᠠᠲᠠᠷ ᠪᠤᠷᠤᠭᠠᠨ ᠴᠢᠳᠬᠤᠯᠠᠵᠤ᠂ ᠮᠠᠨ ᠤ ᠰᠤᠷᠪᠤᠯᠵᠢᠯᠠᠭ᠎ᠠ ᠲᠦᠷ ᠵᠤᠭᠰᠤᠯ᠎ᠠ᠃ ᠬᠠᠷᠢᠨ ᠡᠨᠡ ︽ᠮᠦ ᠶᠦᠨ︾ ᠤᠷᠬᠢᠯ ᠳᠤ ᠪᠠᠶᠢᠭ᠎ᠠ ᠬᠤᠨᠤᠭ ᠤᠨ ᠪᠠᠭᠤᠳᠠᠯ ᠮᠠᠨ ᠤ ᠰᠤᠨᠢᠷᠬᠠᠯ ᠢ ᠲᠡᠳᠡᠵᠤ᠂ ᠲᠡᠭᠦᠨ ᠤ ᠲᠤᠬᠠᠢ ᠤᠶᠢᠯᠠᠭᠠᠬᠠᠤ ᠳᠤ ᠬᠦᠯᠥᠨ ᠪᠦᠢᠷ ᠤᠨ ᠡᠳᠦᠷ ᠤᠨ ᠰᠤᠨᠢᠨ ᠤ ᠰᠤᠷᠪᠤᠯᠵᠢᠯᠠᠭᠴᠢ ᠰᠢᠷᠡᠬᠦᠦ᠄ ︽ᠡᠨᠡ ᠠᠷᠪᠠᠨ ᠬᠡᠳᠦᠬᠡᠨ ᠬᠡᠷ︵ᠬᠤᠶᠠᠷ ᠬᠦᠮᠦᠨ ᠨᠢᠬᠡ ᠬᠡᠷ ᠲᠤ ᠬᠤᠨᠤᠵᠤ ᠪᠤᠯᠬᠤ ᠪᠠᠭᠲᠠᠭᠠᠮᠵᠢ ᠲᠠᠢ︶ ᠵᠢᠯ ᠳᠡᠭᠡᠨ ᠪᠠᠭ᠎ᠠ ᠪᠤᠰᠤ ᠤᠷᠤᠯᠭ᠎ᠠ ᠤᠯᠤᠨ᠎ᠠ᠃ ᠵᠤᠭᠠᠴᠠᠯ ᠤᠨ ᠤᠷᠬᠢᠯ ᠦᠶ᠎ᠡ ᠳᠡᠭᠡᠨ ᠨᠢᠬᠡ ᠬᠡᠷ ᠲᠤ ᠨᠢᠬᠡ ᠰᠦᠨᠢ ᠠᠮᠠᠷᠠᠬᠤ ᠳᠤ 6000 ᠭᠠᠷᠤᠢ ᠲᠦᠬᠦᠷᠢᠭ ᠤᠨ ᠲᠦᠯᠥᠪᠦᠷᠢ ᠦᠭᠭᠦᠨ᠎ᠡ᠂ ᠵᠤᠭᠠᠴᠠᠭᠰᠠᠳ ᠴᠦᠬᠡᠨ ᠦᠶ᠎ᠡ ᠳᠡᠭᠡᠨ ᠴᠤ 3000 ᠭᠠᠷᠤᠢ ᠲᠦᠬᠦᠷᠢᠭ ᠪᠠᠶᠢᠳᠠᠭ᠃ ᠠᠳᠡ ᠵᠤᠭᠠᠴᠠᠬᠤ ᠪᠠᠷ ᠢᠷᠡᠭᠰᠡᠳ ᠭᠤᠤᠯᠳᠠᠭᠤ ᠮᠡᠷᠬᠡᠯ ᠭᠤᠤᠯ ᠤᠨ ᠦᠵᠡᠮᠵᠢ ᠶᠢ ᠰᠤᠨᠢᠷᠬᠠᠬᠤ ᠪᠠᠷ ᠪᠠᠷᠠᠬᠤ ᠦᠭᠡᠢ ᠤᠰᠤᠨ ᠠᠴᠠ ᠨᠢ ᠠᠮᠲᠠᠯᠠᠵᠤ᠂ ᠰᠠᠯᠬᠢᠨ ᠳᠤᠨᠢ ᠳᠠᠭᠵᠢᠵᠤ᠂ ᠠᠳᠡ ᠨᠡᠬᠦᠳᠡᠯᠯᠡᠨ ᠠᠮᠢᠳᠤᠷᠠᠵᠤ ᠪᠠᠶᠢᠭ᠎ᠠ ᠮᠠᠯᠴᠢᠳ ᠲᠠᠢ ᠠᠳᠠᠯᠢ ᠲᠡᠶᠢᠮᠤ ᠨᠢᠬᠡ ᠵᠦᠢᠯ ᠤᠨ ᠰᠡᠳᠬᠢᠭᠳᠡᠯ ᠤᠯᠬᠤ ᠵᠤᠷᠢᠯᠭ᠎ᠠ ᠲᠠᠢ ᠪᠠᠶᠢᠳᠠᠭ᠃ ᠲᠡᠶᠢᠮᠤ ᠪᠤᠯᠬᠤᠷ ᠵᠠᠷᠢᠮ ᠬᠦᠮᠦᠨ ᠳᠤ ᠠᠪᠴᠤ ᠬᠡᠯᠡᠪᠡᠯ ᠨᠢᠬᠡ ᠬᠤᠨᠤᠬᠤ ᠬᠤᠨᠤᠭ ᠤᠨ ᠦᠷᠲᠡᠭ ᠬᠡᠳᠦᠢ ᠪᠠᠶᠢᠬᠤ ᠨᠢ ᠴᠢᠬᠤᠯᠠ ᠪᠢᠰᠢ᠂ ᠬᠠᠷᠢᠨ ᠡᠨᠡ ᠭᠠᠵᠠᠷ ᠤᠨ ᠠᠭᠤᠷ ᠠᠮᠢᠰᠬᠤᠯ᠂ ᠤᠷᠴᠢᠨ ᠲᠤᠭᠤᠷᠢᠨ ᠢ ᠪᠡᠶ᠎ᠡ ᠰᠡᠳᠬᠢᠯ ᠢᠶᠠᠷ ᠢᠶᠠᠨ ᠮᠡᠳᠡᠷᠡᠵᠤ᠂ ᠲᠡᠷᠡ ᠲᠤᠮᠳᠠ ᠠᠴᠠ ᠪᠠᠨ ᠠᠵᠠ ᠵᠢᠷᠭᠠᠯ ᠤᠨ ᠮᠡᠳᠡᠷᠡᠮᠵᠢ ᠶᠢ ᠬᠦᠭᠡᠭᠡᠴᠡᠯᠳᠦᠬᠦ ᠳᠤ ᠪᠠᠶᠢᠳᠠᠭ︾ ᠬᠡᠮᠡᠨ ᠶᠠᠷᠢᠵᠤ ᠪᠠᠶᠢᠯ᠎ᠠ᠃      ᠮᠡᠷᠬᠡᠯ ᠭᠤᠤᠯ ᠤᠨ ᠵᠤᠰᠠᠭᠠᠯ ᠪᠤᠯᠤᠭᠰᠠᠨ ᠡᠨᠡ ᠬᠦ ᠦᠵᠡᠮᠵᠢ ᠶᠢᠨ ᠤᠷᠤᠨ ᠳᠤ ᠤᠳᠤᠬᠠᠨ ᠳᠠᠭᠠᠨ ᠵᠤᠭᠠᠴᠠᠭᠰᠠᠳ ᠦᠨ᠎ᠡ ᠲᠦᠯᠥᠪᠦᠷᠢ ᠦᠭᠡᠢ ᠪᠠᠷ ᠤᠷᠤᠵᠤ ᠪᠤᠯᠳᠠᠭ᠃ ᠬᠡᠪᠡᠴᠤ ᠡᠨᠡ ᠨᠢ ᠰᠠᠶᠢᠨ ᠲᠠᠯ᠎ᠠ ᠪᠠᠶᠢᠬᠤ ᠪᠠᠷ ᠪᠠᠷᠠᠬᠤ ᠦᠭᠡᠢ ᠰᠠᠭᠠᠷ ᠲᠠᠢ ᠲᠠᠯ᠎ᠠ ᠪᠠᠰᠠ ᠠᠷᠪᠢᠨ ᠪᠠᠶᠢᠳᠠᠭ᠃ ᠵᠤᠭᠠᠴᠠᠯ ᠨᠢ ᠨᠢᠬᠡ ᠭᠠᠵᠠᠷ ᠤᠷᠤᠨ ᠤ ᠠᠵᠤ ᠠᠬᠤᠢ ᠳᠤ ᠶᠡᠬᠡᠬᠡᠨ ᠨᠡᠮᠡᠷᠢ ᠪᠤᠯᠳᠠᠭ ᠴᠤ ᠵᠠᠷᠢᠮ ᠨᠢᠬᠡ ᠪᠦᠯᠥᠭ ᠰᠤᠷᠳᠠᠯ ᠦᠭᠡᠢ ᠵᠤᠭᠠᠴᠠᠭᠰᠠᠳ ᠤᠨ ᠪᠤᠯᠬᠢ ᠠᠵᠢᠯᠯᠠᠭ᠎ᠠ ᠠᠴᠠ ᠪᠤᠯᠵᠤ ᠲᠤᠬᠠᠢ ᠶᠢᠨ ᠭᠠᠵᠠᠷ ᠤᠨ ᠤᠷᠴᠢᠨ ᠲᠤᠭᠤᠷᠢᠨ ᠮᠠᠭᠤᠳᠠᠨ᠂ ᠭᠤᠤᠯ ᠤᠨ ᠤᠰᠤ ᠪᠤᠬᠢᠷᠳᠤᠨ ᠬᠦᠮᠦᠨ ᠮᠠᠯ ᠳᠤ ᠬᠦᠨᠦᠬᠡᠯ ᠪᠤᠯᠳᠠᠭ ᠠᠵᠢ᠃ ᠲᠡᠶᠢᠮᠤ ᠠᠴᠠ ᠮᠡᠷᠬᠡᠯ ᠭᠤᠤᠯ ᠤᠨ ᠵᠤᠰᠠᠭᠠᠯ ᠠᠴᠠ ᠠᠬᠢᠭᠤᠯᠤᠭᠠᠳ ᠶᠠᠮᠠᠷᠪᠠ ᠨᠢᠬᠡᠨ ᠭᠠᠵᠠᠷ ᠤᠷᠤᠨ ᠢᠶᠠᠷ ᠠᠶᠠᠯᠠᠨ ᠲᠤᠭᠤᠷᠢᠬᠤ ᠳᠠᠭᠠᠨ ᠲᠤᠬᠠᠢ ᠶᠢᠨ ᠭᠠᠵᠠᠷ ᠤᠨ ᠵᠠᠩ ᠵᠠᠩᠰᠢᠯ ᠢ ᠬᠦᠨᠳᠦᠳᠬᠡᠨ᠂ ᠤᠷᠴᠢᠨ ᠲᠤᠭᠤᠷᠢᠨ ᠢᠶᠠᠨ ᠨᠢᠳᠤᠨ ᠤ ᠴᠡᠴᠡᠬᠡᠢ ᠮᠡᠲᠤ ᠬᠠᠶᠢᠷᠠᠯᠠᠵᠤ ᠶᠠᠪᠤᠬᠤ ᠶᠢ ᠰᠠᠨᠠᠭᠤᠯᠤᠶ᠎ᠠ︕      ᠮᠡᠷᠬᠡᠯ ᠬᠡᠤᠬᠡᠨ ᠤ ᠲᠤᠮᠤᠭᠲᠤ ᠮᠡᠷᠬᠡᠯ ᠭᠤᠤᠯ ᠮᠠᠨᠢ ᠬᠦᠮᠦᠨ ᠠᠷᠠᠳ ᠢᠶᠠᠨ ᠦᠶ᠎ᠡ ᠶᠢᠨ ᠦᠶ᠎ᠡ ᠤᠮᠳᠠᠯᠠᠨ᠂ ᠲᠢᠪ ᠳᠡᠯᠡᠬᠡᠢ ᠶᠢᠨ ᠨᠢᠬᠡᠨ ᠭᠠᠶᠢᠬᠠᠮᠰᠢᠭᠲᠤ ᠦᠵᠡᠮᠵᠢ ᠪᠤᠯᠤᠨ ᠤᠭᠠᠯᠵᠠᠯᠠᠨ ᠤᠷᠤᠰᠤᠭᠰᠠᠭᠠᠷ ᠁   
2022-09-18-01dace9f76-0862-42a4-b0ba-df030ff5a6ad.jpg
  
2022-09-18-03aa385ef7-d30c-4c05-8dd1-6b9850318542.jpg
  
2022-09-18-04c3d09a42-4975-4ff9-a684-e59bad9a844f.jpg
 
2022-09-18-05faf80fe6-342a-4b0b-9b79-763e70593603.jpg
 
2022-09-18-06c22a0360-af3d-427e-bd4c-59ffaf68ccb7.jpg
  
ᠢᠷᠡᠯᠲᠡ᠄ ᠣᠷᠳᠣᠰ ᠤᠨ ᠮᠤᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ