ᠮᠣᠩᠭᠤᠯ ᠬᠥᠮᠥᠨ ᠤ ᠤᠶᠤᠨ ᠢᠶᠠᠷ ᠪᠦᠲᠦᠭᠡᠭᠳᠡᠭᠰᠡᠨ 24 ᠪᠦᠲᠦᠭᠡᠯ
ᠨᠡᠶᠢᠲᠡᠯᠡᠭᠰᠡᠨ ᠴᠠᠭ᠄
2022/10/27
    1᠂ ᠯᠾᠮᠤᠰᠦ᠋ᠷᠦᠩ ᠤᠨ ᠪᠠᠶᠠᠨᠵᠢᠷᠭᠠᠯ ᠬᠡᠮᠡᠬᠦ ᠮᠣᠩᠭᠤᠯ‌ᠡᠷᠳᠡᠮᠲᠡᠨ ᠢᠶᠠᠷ ᠠᠬᠠᠯᠠᠭᠤᠯᠤᠭᠰᠠᠨ ᠹᠷᠠᠩᠺᠹᠣᠷᠲ ᠤᠨ ᠶᠡᠭᠡ ᠰᠤᠷᠭᠠᠭᠤᠯᠢ ᠶᠢᠨ ᠡᠷᠳᠡᠮᠲᠡᠳ ᠴᠣᠬᠤᠢ ᠶᠢᠨ ᠴᠢᠯᠠᠭᠤᠨ ᠠᠴᠠ ᠠᠯᠮᠠᠰ ᠭᠠᠷᠭᠠᠨ ᠠᠪᠤᠭᠰᠠᠨ ᠢᠶᠠᠷ ᠳᠡᠯᠡᠬᠡᠢ ᠳ᠋ᠠᠬᠢᠨ ᠳᠤ 60 ᠵᠢᠯ ᠤᠨ ᠲᠤᠷᠰᠢ ᠣᠷᠤᠯᠳᠤᠭᠠᠳ ᠴᠢᠳᠠᠭ᠎ᠠ ᠦᠭᠡᠢ ᠵᠦᠢᠯ ᠢ ᠬᠢᠵᠦ ᠴᠢᠳᠠᠯ᠎ᠠ᠃ᠯ᠊ • ᠪᠠᠶᠠᠨᠵᠢᠷᠭᠠᠯ ᠡᠳᠦᠭᠡ 38 ᠨᠠᠰᠤᠲᠠᠢ ᠪᠥᠭᠡᠳ ᠵᠢᠷᠭᠤᠭᠠᠨ ᠵᠢᠯ ᠤᠨ ᠲᠤᠷᠰᠢᠲᠠ ᠡᠨᠡ ᠰᠤᠳᠤᠯᠭ᠎ᠠ ᠪᠠᠨ ᠬᠢᠭᠰᠡᠨ ᠭᠡᠳᠡᠭ᠃ ᠲᠡᠭᠦᠨ ᠢ ᠨᠣᠪᠧᠯ ᠤᠨ ᠱᠠᠩᠨᠠᠯ ᠬᠦᠷᠲᠡᠬᠦ ᠨᠢ ᠲᠣᠳᠣᠷᠬᠠᠢ ᠭᠡᠵᠦ ᠭᠧᠷᠮᠠᠨ ᠤ ᠬᠡᠪᠯᠡᠯ ᠮᠡᠳᠡᠭᠡᠯᠡᠯ ᠢᠶᠠᠷ ᠱᠤᠤᠭᠢᠭᠰᠠᠭᠠᠷ ᠪᠠᠶᠢᠨ᠎ᠠ᠃         2᠂ ᠮᠣᠩᠭᠤᠯ ᠡᠷᠳᠡᠮᠲᠡᠨ ᠪ᠊ • ᠪᠠᠰᠤᠩᠰᠦᠷᠦᠩ ᠴᠠ ᠪᠤᠭᠤᠨ ᠤ ᠣᠷᠣᠭᠠᠨ ᠤ ᠨᠢᠭᠤᠭᠳᠠᠮᠠᠯ ᠪᠤᠯᠴᠢᠷᠬᠠᠢ ᠶᠢ ᠰᠤᠳᠤᠯᠵᠤ᠂ ᠲᠡᠭᠦᠨ ᠢ ᠪᠠᠨ ᠤᠯᠠᠮᠵᠢᠯᠠᠯᠲᠤ ᠮᠣᠩᠭᠤᠯ᠂ ᠲᠥᠪᠡᠳ ᠤᠨ ᠠᠨᠠᠭᠠᠬᠤ ᠤᠬᠠᠭᠠᠨ ᠲᠠᠢ ᠬᠤᠣᠰᠯᠠᠭᠤᠯᠤᠨ ᠦᠷᠡᠭᠦ᠋ᠢᠳᠡᠯ ᠢ ᠡᠮᠴᠢᠯᠡᠵᠦ᠂ ᠡᠳᠦᠭᠡ ᠳᠡᠯᠡᠬᠡᠢ ᠶᠢᠨ 177 ᠭᠡᠷ ᠪᠦᠯᠢ ᠳᠤ ᠦᠷ᠎ᠡ ᠶᠢᠨ ᠵᠠᠶᠠᠭ᠎ᠠ ᠪᠡᠯᠡᠭᠯᠡᠵᠡᠢ᠃ ᠲᠡᠭᠦᠨ ᠤ ᠠᠨᠠᠭᠠᠬᠤ ᠤᠬᠠᠭᠠᠨ ᠳᠤ ᠣᠷᠣᠭᠤᠯᠤᠭᠰᠠᠨ ᠡᠨᠡ ᠶᠡᠭᠡ ᠭᠠᠪᠢᠶ᠎ᠠ ᠶᠢ ᠦᠨᠡᠯᠡᠨ ᠠᠦ᠋ᠰᠳ᠋ᠷᠢᠶ᠎ᠠ ᠶᠢᠨ ᠠᠯᠳᠠᠷᠲᠤ ᠬᠤᠹᠪᠣᠷ ᠤᠨ ᠣᠷᠳᠣᠨ ᠳᠤ ᠱᠠᠩᠨᠠᠯ ᠭᠠᠷᠳᠠᠭᠤᠯᠤᠭᠰᠠᠨ ᠶᠤᠮ᠃     3᠂ ᠠᠮᠧᠷᠢᠺᠠ ᠶᠢᠨ ᠨᠢᠭᠡᠳᠦᠭᠰᠡᠨ ᠤᠯᠤᠰ ᠤᠨ ᠹᠢᠯᠠᠳᠧᠯᠹᠢ ᠮᠤᠵᠢ ᠳᠤ ᠪᠠᠶᠢᠷᠢᠯᠠᠬᠤ ︽Ametros solution︾ ᠺᠣᠮᠫᠠᠨᠢ ᠳᠤ ᠠᠵᠢᠯᠯᠠᠳᠠᠭ ᠨ᠊ • ᠳᠤᠷᠵᠢᠳᠧᠷᠤᠮ᠂ ᠲ᠊ • ᠲᠤᠯᠭᠠᠷᠠᠲᠠᠷ ᠨᠠᠷ ᠤᠨ ᠮᠣᠩᠭᠤᠯ ᠵᠠᠯᠠᠭᠤᠰ ᠳᠡᠯᠡᠬᠡᠢ ᠳᠤ ᠠᠩᠬ᠎ᠠ ᠤᠳᠠᠭ᠎ᠠ ᠣᠷᠣᠨ ᠵᠠᠢ ᠶᠢᠨ ᠴᠡᠨᠡᠭᠯᠡᠭᠴᠢ ᠶᠢ ᠪᠦᠲᠦᠭᠡᠵᠡᠢ᠃ ᠡᠨᠡ ᠣᠷᠣᠨ ᠵᠠᠢ ᠶᠢᠨ ᠴᠡᠨᠡᠭᠯᠡᠭᠴᠢ ᠨᠢ ᠭᠠᠷ ᠤᠲᠠᠰᠤ ᠶᠢ ᠶᠠᠮᠠᠷ ᠨᠢᠭᠡᠨ ᠭᠥᠯᠢᠶᠡᠨ ᠠᠪᠤᠭᠴᠢ ᠦᠭᠡᠢ ᠪᠠᠷ ᠴᠡᠨᠡᠭᠯᠡᠵᠦ ᠴᠢᠳᠠᠬᠤ ᠬᠠᠮᠤᠭ ᠤᠨ ᠠᠩᠬᠠᠨ ᠤ ᠤᠶᠠᠨ ᠬᠠᠲᠠᠨ᠂ ᠵᠥᠭᠡᠯᠡᠨ᠂ ᠤᠲᠠᠰᠤᠨ ᠤ ᠭᠡᠷ ᠶᠤᠮ᠃   4᠂ ᠶᠠᠫᠤᠨ ᠤᠯᠤᠰ ᠤᠨ ᠲᠣᠣᠺᠢᠤ᠋ ᠶᠢᠨ ᠶᠡᠭᠡ ᠰᠤᠷᠭᠠᠭᠤᠯᠢ ᠶᠢ ᠡᠮᠨᠡᠯᠭᠡ ᠶᠢᠨ ᠲᠤᠨᠤᠭ ᠲᠥᠬᠦᠭᠡᠷᠦᠮᠵᠢ ᠶᠢᠨ ᠢᠨᠵᠧᠨᠧᠷ ᠮᠡᠷᠭᠡᠵᠢᠯ ᠢᠶᠠᠷ ᠳᠦᠭᠦᠷᠭᠡᠭᠰᠡᠨ ᠲ᠊ • ᠪᠠᠶᠠᠷ᠎ᠠ ᠭᠡᠬᠦ ᠵᠠᠯᠠᠭᠤ ᠮᠣᠩᠭᠤᠯ ᠤᠨ ᠡᠮᠨᠡᠯᠭᠡ ᠶᠢᠨ ᠲᠤᠨᠤᠭ ᠲᠥᠬᠦᠭᠡᠷᠦᠮᠵᠢ ᠳᠤᠲᠠᠭᠳᠠᠯ ᠲᠠᠢ᠂ ᠥᠨᠳᠥᠷ ᠦᠨ᠎ᠡ ᠪᠠᠷ ᠭᠠᠳᠠᠭᠠᠳᠤ ᠠᠴᠠ ᠬᠤᠳᠠᠯᠳᠤᠨ ᠠᠪᠳᠠᠭ᠂ ᠬᠦᠷᠲᠡᠭᠡᠮᠵᠢ ᠮᠠᠭᠤ ᠵᠡᠷᠭᠡ ᠶᠢ ᠰᠤᠳᠤᠯᠵᠤ ᠤᠮᠠᠢ ᠶᠢᠨ ᠬᠦᠵᠦᠭᠦᠨ ᠤ ᠳᠤᠷᠠᠨ᠂ ᠠᠩᠭᠢᠣᠷᠠᠹᠢᠺᠢ ᠶᠢᠨ ᠲᠥᠬᠦᠭᠡᠷᠦᠮᠵᠢ ᠭᠡᠬᠦ ᠮᠡᠲᠦ 21 ᠨᠡᠷ᠎ᠡ ᠲᠦᠷᠦᠯ ᠤᠨ ᠡᠮᠨᠡᠯᠭᠡ ᠶᠢᠨ ᠲᠤᠨᠤᠭ ᠲᠥᠬᠦᠭᠡᠷᠦᠮᠵᠢ ᠶᠢ ᠵᠣᠬᠢᠶᠠᠨ ᠪᠦᠲᠦᠭᠡᠵᠡᠢ᠃ ᠡᠭᠦᠨ ᠳᠤ ᠰᠤᠳᠠᠰᠤᠨ ᠳᠣᠲᠣᠷ᠎ᠠ ᠮᠡᠰᠡ ᠵᠠᠰᠠᠯ ᠬᠢᠵᠦ᠂ ᠡᠯᠢᠭᠡᠨ ᠤ ᠬᠠᠪᠤᠳᠠᠷ ᠪᠣᠯᠣᠨ ᠪᠤᠰᠤᠳ ᠲᠦᠷᠦᠯ ᠤᠨ ᠬᠠᠪᠤᠳᠠᠷ ᠢ ᠵᠣᠭᠰᠤᠭᠠᠬᠤ ᠣᠯᠠᠨ ᠲᠦᠷᠦᠯ ᠤᠨ ᠲᠥᠬᠦᠭᠡᠷᠦᠮᠵᠢ ᠶᠢ ᠪᠠᠭᠲᠠᠭᠠᠭᠰᠠᠨ ᠪᠠᠶᠢᠨ᠎ᠠ᠃     5᠂ ᠮᠣᠩᠭᠤᠯ ᠤᠯᠤᠰ ᠤᠨ ᠵᠦᠪᠯᠡᠬᠦ ᠢᠨᠵᠧᠨᠧᠷ᠂ ︽ᠴᠠᠬᠢᠯᠭᠠᠨ ᠲᠡᠭᠡᠭᠡᠪᠦᠷᠢ︾ ᠺᠣᠮᠫᠠᠨᠢ ᠶᠢᠨ ᠵᠠᠬᠢᠷᠤᠯ ᠲ᠊ • ᠵᠢᠷᠭᠠᠯᠰᠠᠶᠢᠬᠠᠨ ᠤ ᠰᠠᠨᠠᠭᠠᠴᠢᠯᠠᠭ᠎ᠠ ᠪᠠᠷ ᠮᠣᠩᠭᠤᠯ ᠢᠨᠵᠧᠨᠧᠷ ᠤᠳ ︽ᠵ᠊ ᠊᠊᠊ 800︾ ᠮᠠᠷᠺ ᠤᠨ 28 ᠬᠥᠮᠥᠨ ᠤ ᠰᠠᠭᠤᠳᠠᠯ ᠲᠠᠢ ᠠᠦ᠋ᠲ᠋ᠣᠪᠦ᠋ᠰ ᠢ ᠪᠦᠲᠦᠭᠡᠭᠰᠡᠨ ᠪᠠᠶᠢᠨ᠎ᠠ᠃ ︽ᠴᠠᠬᠢᠯᠭᠠᠨ ᠲᠡᠭᠡᠭᠡᠪᠦᠷᠢ︾ ᠺᠣᠮᠫᠠᠨᠢ ᠶᠢᠨ ᠮᠣᠩᠭᠤᠯ ᠢᠨᠵᠧᠨᠧᠷ ᠤᠳ ᠡᠯᠧᠺᠳ᠋ᠷᠤᠪᠦ᠋ᠰ᠂ ᠳ᠋ᠣᠪᠪᠦ᠋ᠰ ᠮᠤᠨᠪᠦ᠋ᠰ ᠵᠡᠷᠭᠡ ᠭᠤᠷᠪᠠᠨ ᠲᠷᠤᠯᠸᠢᠪᠦ᠋ᠰ ᠢ ᠮᠣᠩᠭᠤᠯ ᠳᠠᠭᠠᠨ ᠠᠮᠵᠢᠯᠲᠠᠲᠠᠢ ᠦᠢᠯᠡᠳᠪᠦᠷᠢᠯᠡᠵᠦ ᠪᠠᠶᠢᠭ᠎ᠠ ᠪᠢᠯᠡ᠃   6᠂ ᠮᠣᠩᠭᠤᠯ ᠤᠯᠤᠰ ᠤᠨ ᠶᠡᠭᠡ ᠰᠤᠷᠭᠠᠭᠤᠯᠢ ᠶᠢᠨ ᠣᠶᠤᠲᠠᠨ ᠰ᠊ • ᠪᠠᠲᠤᠸ᠋ᠴᠢᠷ ᠬᠠᠷᠠᠭ᠎ᠠ ᠦᠭᠡᠢ ᠬᠥᠮᠥᠰ ᠲᠤ ᠵᠣᠷᠢᠭᠤᠯᠵᠤ ︽ᠮᠡᠳᠡᠷᠡᠭᠴᠢ ᠲᠠᠢ ᠲᠠᠶᠠᠭ︾ ᠵᠣᠬᠢᠶᠠᠨ ᠪᠦᠲᠦᠭᠡᠵᠡᠢ᠃ ︽ᠮᠡᠳᠡᠷᠡᠭᠴᠢ ᠲᠠᠢ ᠲᠠᠶᠠᠭ︾ ᠎ ᠨᠢ ᠪᠠᠲ᠋ᠧᠷᠸᠢ ᠶᠢᠨ ᠲᠠᠭ᠂ ᠴᠡᠴᠡᠷᠬᠡᠶᠢᠯᠡᠭᠴᠢ᠂ ᠠᠰᠠᠭᠠᠬᠤ ᠲᠣᠪᠴᠢᠯᠠᠭᠤᠷ᠂ ᠬᠡᠳᠦ ᠠᠪᠢᠶ᠎ᠠ ᠪᠣᠯᠣᠨ ᠤᠰᠤ ᠮᠡᠳᠡᠷᠡᠭᠴᠢ᠂ ᠴᠢᠩᠭ᠎ᠠ ᠶᠠᠷᠢᠭᠴᠢ ᠵᠡᠷᠭᠡ ᠦᠢᠯᠡᠳᠦᠯ ᠤᠨ ᠰᠢᠰᠲ᠋ᠧᠮ ᠤᠳ ᠲᠠᠢ᠃ ᠭᠠᠳᠠᠨ᠎ᠠ ᠤᠯᠤᠰ ᠣᠷᠣᠨ ᠨᠤᠭᠤᠳ ᠲᠤ ᠮᠡᠳᠡᠷᠡᠭᠴᠢ ᠲᠠᠢ ᠲᠠᠶᠠᠭ ᠪᠠᠶᠢᠳᠠᠭ ᠴᠦᠰ᠊ • ᠪᠠᠲᠤᠸ᠋ᠴᠢᠷ ᠤᠨ ᠪᠦᠲᠦᠭᠡᠯ ᠡᠮᠦᠨᠡᠬᠢ ᠰᠠᠭᠠᠳ ᠢ ᠮᠡᠳᠡᠷᠡᠬᠦ᠂ ᠠᠦ᠋ᠲ᠋ᠣᠪᠦ᠋ᠰ ᠤᠨ ᠬᠠᠭᠠᠯᠭ᠎ᠠ ᠣᠯᠬᠤ᠂ ᠤᠰᠤ ᠱᠠᠯᠪᠠᠭ ᠲᠠᠭᠤᠴᠢᠬᠠᠬᠤ ᠠᠴᠠ ᠰᠡᠷᠭᠡᠶᠢᠯᠡᠳᠡᠭ ᠭᠡᠳᠡᠭ ᠢᠶᠠᠷ ᠢᠶᠠᠨ ᠳᠡᠯᠡᠬᠡᠢ ᠳᠤ ᠠᠩᠬᠠᠨ ᠤ ᠬᠢ ᠨᠢ ᠭᠡᠨ᠎ᠡ᠃ ᠲᠡᠭᠦᠨ ᠤ ᠡᠨᠡ ᠪᠦᠲᠦᠭᠡᠯ ︽ᠵᠠᠯᠠᠭᠤ ᠵᠣᠬᠢᠶᠠᠨ ᠪᠦᠲᠦᠭᠡᠭᠴᠢ︾ 2012 ᠨᠡᠪᠲᠡᠷᠡᠭᠦᠯᠭᠡ ᠳᠤ ᠲᠡᠷᠢᠭᠦᠨ ᠪᠠᠶᠢᠷᠢ ᠶᠢᠨ ᠱᠠᠩᠨᠠᠯ ᠭᠥᠷᠳᠡᠭᠰᠡᠨ ᠶᠤᠮ᠃   7᠂ ︽ᠵᠠᠯᠠᠭᠤ ᠵᠣᠬᠢᠶᠠᠨ ᠪᠦᠲᠦᠭᠡᠭᠴᠢ︾ ᠨᠡᠪᠲᠡᠷᠡᠭᠦᠯᠭᠡ ᠶᠢᠨ ᠡᠨᠡ ᠵᠢᠯ ᠤᠨ ᠢᠯᠠᠭᠴᠢ ᠪᠠᠷ ︽ᠲᠠᠨᠠᠨ ᠢᠮᠫᠧᠺᠰ︾ ᠺᠣᠮᠫᠠᠨᠢ ᠶᠢᠨ ᠥᠷᠥᠮ᠎ᠡ ᠶᠢᠨ ᠴᠠᠬᠢᠯᠭᠠᠨᠴᠢᠨ ᠪ᠊ • ᠪᠠᠲᠤᠵᠠᠶᠠᠭ᠎ᠠ ᠶᠢᠨ ᠬᠢᠭᠰᠡᠨ ︽ᠬᠤᠭ ᠠᠴᠢᠬᠤ ᠠᠦ᠋ᠲ᠋ᠣ᠋ ᠮᠠᠰᠢᠨ ᠤ ᠲᠣᠨᠣᠭᠯᠠᠯ︾ ᠪᠦᠲᠦᠭᠡᠯ ᠰᠢᠯᠭᠠᠷᠠᠭᠰᠠᠨ ᠶᠤᠮ᠃ ᠲᠡᠭᠦᠨ ᠤ ᠪᠦᠲᠦᠭᠡᠯ ᠨᠢ 250 ᠺᠢᠯᠥᠭᠷᠠᠮ ᠬᠦᠨᠳᠦ᠂ ᠭᠤᠷᠪᠠᠨ ᠮᠧᠳ᠋ᠷ ᠥᠨᠳᠥᠷ ᠪᠥᠭᠡᠳ ᠮᠠᠰᠢᠨ ᠤ ᠲᠦᠪᠰᠢᠨ ᠳᠤ ᠪᠠᠶᠢᠷᠢᠯᠠᠬᠤ ᠵᠣᠷᠢᠭᠤᠯᠤᠯᠲᠠ ᠲᠠᠢ᠃ ᠲᠥᠬᠦᠭᠡᠷᠦᠮᠵᠢ ᠶᠢᠨ ᠭᠠᠷ ᠨᠢ 50 ᠊᠊᠊ 80 ᠰᠡᠨᠲ᠋ᠢᠮᠧᠳ᠋ᠷ ᠤᠨ ᠭᠤᠣᠯᠴᠢᠳᠠᠢ ᠪᠦᠬᠦ ᠵᠦᠢᠯ ᠢ ᠬᠠᠪᠴᠢᠨ ᠬᠤᠭ ᠤᠨ ᠮᠠᠰᠢᠨ ᠳᠤ ᠠᠴᠢᠬᠤ ᠴᠢᠳᠠᠪᠤᠷᠢ ᠲᠠᠢ ᠭᠡᠨ᠎ᠡ᠃    8᠂ ᠸ᠊ • ᠳᠠᠰᠢᠨᠢᠮ᠎ᠠ ᠭᠡᠬᠦ ᠵᠠᠯᠠᠭᠤ ᠮᠣᠩᠭᠤᠯ ᠳᠠᠭᠠᠨ ᠠᠩᠬ᠎ᠠ ᠤᠳᠠᠭ᠎ᠠ ᠰᠠᠭᠤᠳᠠᠯ ᠤᠨ ᠠᠦ᠋ᠲ᠋ᠣ᠋ ᠮᠠᠰᠢᠨ ᠪᠦᠲᠦᠭᠡᠭᠰᠡᠨ ᠪᠠᠶᠢᠨ᠎ᠠ᠃ ᠲᠡᠷᠡ ᠪᠠᠷ᠂ ᠥᠩᠭᠡᠷᠡᠭᠰᠡᠨ ᠨᠢᠭᠡᠳᠦᠭᠡᠷ ᠰᠠᠷ᠎ᠠ ᠠᠴᠠ ᠡᠬᠢᠯᠡᠨ ᠪᠦᠲᠦᠨ ᠲᠣᠯᠣᠭᠠᠨ ᠰᠠᠷ᠎ᠠ ᠶᠢᠨ ᠲᠤᠷᠰᠢ ᠣᠶᠢᠭ᠎ᠠ ᠦᠭᠡᠢ ᠬᠥᠳᠡᠯᠮᠦᠷᠢᠯᠡᠭᠰᠡᠨ ᠤ ᠳ᠋ᠦᠩ ᠳᠤ ᠡᠨᠡᠬᠦ ᠲᠡᠮᠦᠷ ᠬᠦᠯᠦᠭ ᠢᠶᠠᠨ ᠪᠦᠲᠦᠭᠡᠵᠡᠢ᠃ ᠮᠠᠰᠢᠨ ᠤ ᠵᠠᠭᠪᠤᠷ ᠤᠨ ᠬᠤᠪᠢ ᠳᠤ ᠪᠠᠷᠠᠭᠤᠨ ᠡᠸᠦ᠋ᠷᠦᠫᠡ ᠳᠤ᠂ ᠠᠮᠧᠷᠢᠺᠠ ᠳᠤ 1920 ᠊᠊᠊ 1935 ᠣᠨ ᠳᠤ ᠦᠢᠯᠡᠳᠪᠦᠷᠢᠯᠡᠭᠰᠡᠨ ︽ford – coupe︾᠎ ᠶᠢ ᠳᠠᠭᠤᠷᠢᠶᠠᠯᠭᠠᠨ ᠬᠢᠭᠰᠡᠨ ᠪᠥᠭᠡᠳ chaser᠎ ᠤᠨ ᠮᠣᠲᠣᠷ ᠲᠠᠢ ᠲᠤᠯᠠ ᠪᠧᠨᠽᠧᠨ ᠵᠠᠷᠤᠴᠠᠭᠤᠯᠤᠯᠲᠠ ᠶᠢᠨ ᠬᠤᠪᠢ ᠳᠤ ᠴᠦ ᠠᠳᠠᠯᠢᠬᠠᠨ ᠭᠡᠨ᠎ᠡ᠃    9᠂ ᠮᠣᠩᠭᠤᠯ ᠢᠨᠵᠧᠨᠧᠷ ᠤᠨ ᠣᠶᠣᠨ ᠤᠬᠠᠭᠠᠨ᠂ ᠤᠷ᠎ᠠ ᠴᠢᠳᠠᠪᠤᠷᠢ ᠪᠠᠷ ᠪᠦᠲᠦᠭᠰᠡᠨ 008᠂ 009᠂ 010 ᠳ᠋ᠦ᠋ᠭᠡᠷ ᠲᠠᠢ ︽ᠬᠤᠶᠠᠷ ᠵᠠᠭᠠᠯ︾ ᠢᠯᠴᠢᠲᠦ ᠲᠡᠷᠭᠡ ᠡᠨᠡ ᠣᠨ ᠤ ᠵᠢᠷᠭᠤᠳᠤᠭᠠᠷ ᠰᠠᠷ᠎ᠠ ᠳᠤ ᠠᠩᠬᠠᠨ ᠤ ᠠᠶᠠᠯᠠᠯ ᠳᠠᠭᠠᠨ ᠭᠠᠷᠤᠭᠰᠠᠨ ᠶᠤᠮ᠃ ᠢᠯᠴᠢᠲᠦ ᠲᠡᠷᠭᠡ ᠨᠦᠭᠦᠳ ᠢ ︽ᠮᠣᠩᠭᠤᠯ ᠮᠤᠳᠧᠷᠨᠢᠵᠠᠽᠢ︾ ᠲᠥᠰᠥᠯ ᠤᠨ ᠬᠦᠷᠢᠶᠡᠨ ᠳᠤ 2005 ᠊᠊᠊ 2013 ᠣᠨ ᠳᠤ ︽ᠬᠤᠶᠠᠷ ᠵᠠᠭᠠᠯ︾ ᠰᠧᠷ ᠤᠨ 7 ᠵᠢᠳᠬᠦᠭᠦᠷ ᠵᠣᠬᠢᠶᠠᠨ ᠪᠦᠲᠦᠭᠡᠵᠦ᠂ ᠲᠡᠮᠦᠷ ᠵᠠᠮ ᠤᠨ ᠵᠣᠷᠴᠢᠭᠴᠢ᠂ ᠠᠴᠢᠶ᠎ᠠ᠂ ᠲᠡᠭᠡᠭᠡᠪᠦᠷᠢ ᠶᠢᠨ ᠠᠵᠢᠯ ᠳᠤ ᠠᠰᠢᠭᠯᠠᠵᠤ ᠪᠠᠶᠢᠨ᠎ᠠ᠃ ᠲᠦᠯᠡᠰᠢᠨ ᠤ ᠪᠠᠩᠬᠢ ᠶᠢᠨ ᠪᠠᠭᠲᠠᠭᠠᠮᠵᠢ 75 ᠬᠤᠪᠢ ᠪᠠᠷ ᠨᠡᠮᠡᠭᠳᠡᠭᠰᠡᠨ᠂ ᠲᠠᠲᠠᠬᠤ ᠬᠦᠴᠦ ᠨᠢ ᠰᠠᠶᠢᠵᠢᠷᠠᠭᠰᠠᠨ᠂ ᠺᠣᠮᠫᠢᠦ᠋ᠲ᠋ᠧᠷ ᠤᠳᠤᠷᠢᠳᠤᠯᠭ᠎ᠠ ᠶᠢᠨ ᠰᠢᠰᠲ᠋ᠧᠮ ᠲᠠᠢ᠂ ᠺᠠᠮᠧᠷ ᠤᠨ ᠰᠢᠰᠲ᠋ᠧᠮ ᠢᠶᠠᠷ ᠲᠣᠨᠣᠭᠯᠠᠭᠳᠠᠭᠰᠠᠨ᠂ 1500 ᠴᠠᠭ ᠨᠠᠶᠢᠳᠠᠪᠤᠷᠢᠲᠠᠢ ᠠᠵᠢᠯᠯᠠᠬᠤ LED ᠭᠡᠷᠡᠯᠲᠦᠭᠦᠯᠦᠭᠴᠢ ᠲᠠᠢ ᠵᠡᠷᠭᠡ ᠮᠠᠰᠢ ᠣᠯᠠᠨ ᠳᠠᠪᠠᠭᠤ ᠲᠠᠯ᠎ᠠ ᠲᠠᠢ ᠠᠵᠢ᠃     10᠂ ᠭᠧᠷᠮᠠᠨ ᠤᠯᠤᠰ ᠤᠨ ᠮᠤᠶᠤᠨᠰᠳᠧᠷ ᠤᠨ ᠶᠡᠭᠡ ᠰᠤᠷᠭᠠᠭᠤᠯᠢ ᠶᠢᠨ ᠬᠥᠮᠥᠨ ᠮᠣᠯᠧᠺᠦ᠋ᠯ ᠊᠊ ᠸᠢᠷᠦ᠋ᠰ ᠰᠤᠳᠤᠯᠤᠯ ᠤᠨ ᠬᠦᠷᠢᠶᠡᠯᠡᠩ ᠳᠤ ᠠᠵᠢᠯᠯᠠᠳᠠᠭ ᠲ᠊ • ᠠᠩᠬᠠᠯᠠᠨ ᠭᠡᠬᠦ ᠮᠣᠩᠭᠤᠯ ᠳ᠋ᠣᠺᠲ᠋ᠣᠷ ᠲᠣᠮᠣᠭᠤ ᠶᠢᠨ ᠡᠰᠡᠷᠭᠦ ᠰᠢᠨ᠎ᠡ ᠸᠠᠺᠼᠢᠨ ᠭᠠᠷᠭᠠᠵᠠᠢ᠃ ᠡᠨᠡᠬᠦ ᠠᠵᠢᠯ ᠢ ᠭᠧᠷᠮᠠᠨ ᠤ ᠲᠠᠯ᠎ᠠ ᠥᠨᠳᠥᠷ ᠢᠶᠠᠷ ᠦᠨᠡᠯᠡᠵᠦ ᠪᠠᠶᠢᠭ᠎ᠠ ᠪᠥᠭᠡᠳ ᠴᠢᠨᠠᠭᠰᠢᠳᠠ ᠰᠤᠳᠤᠯᠭᠠᠨ ᠤ ᠠᠵᠢᠯ ᠢ ᠡᠷᠴᠢᠮᠵᠢᠭᠦᠯᠬᠦ ᠪᠠᠷ ᠪᠣᠯᠤᠭᠰᠠᠨ ᠪᠠᠶᠢᠨ᠎ᠠ᠃     11᠂ ᠶᠠᠫᠤᠨ ᠤ ᠠᠯᠳᠠᠷᠲᠤ ᠲᠤᠶᠤᠲᠠ ᠺᠣᠷᠫᠣᠷᠠᠼᠢ ︵ᠪᠦᠯᠦᠭᠯᠡᠯ︶ ᠥᠩᠭᠡᠷᠡᠭᠰᠡᠨ ᠣᠨ ᠤ 12 ᠳ᠋ᠤᠭᠠᠷ ᠰᠠᠷ᠎ᠠ ᠳᠤ ︽Crown Athlete︾ ᠬᠡᠮᠡᠬᠦ Crown᠎ ᠤᠨ ᠰᠢᠨ᠎ᠡ ᠵᠠᠭᠪᠤᠷ ᠢᠶᠠᠨ ᠲᠠᠨᠢᠯᠴᠠᠭᠤᠯᠤᠭᠰᠠᠨ ᠶᠤᠮ᠃ ᠡᠨᠡ ᠠᠦ᠋ᠲ᠋ᠣ᠋ ᠮᠠᠰᠢᠨ ᠤ ᠵᠠᠭᠪᠤᠷ ᠢ ᠣ • ᠡᠩᠬᠠᠵᠢᠨ ᠬᠡᠮᠡᠬᠦ ᠵᠠᠯᠠᠭᠤ ᠵᠣᠬᠢᠶᠠᠵᠠᠢ᠃ ᠲᠡᠷᠡ ᠪᠠᠷ Toyoto Motor East Japan᠂ Inc ᠺᠣᠮᠫᠠᠨᠢ ᠳᠤ ᠭᠡᠷ᠎ᠡ ᠶᠢᠨ ᠢᠨᠵᠧᠨᠧᠷ ᠢᠶᠠᠷ ᠠᠵᠢᠯᠯᠠᠳᠠᠭ ᠪᠥᠭᠡᠳ ᠲᠡᠭᠦᠨ ᠤ ᠭᠠᠷᠭᠠᠭᠰᠠᠨ ᠵᠠᠭᠪᠤᠷ ᠢᠯᠡᠭᠦᠦ ᠲᠠᠩᠰᠤᠭ᠂ ᠰᠫᠣᠷᠳ᠋ᠯᠢᠭ ᠪᠣᠯᠤᠭᠰᠠᠨ ᠢᠶᠠᠷ ᠢᠶᠠᠨ ᠣᠨᠴᠠᠭᠠᠶᠢᠷᠠᠵᠤ ᠪᠠᠶᠢᠭ᠎ᠠ ᠭᠡᠨ᠎ᠡ᠃     12᠂ ᠥᠪᠡᠷ ᠤᠨ ᠣᠶᠣᠨ ᠤ ᠪᠦᠲᠦᠭᠡᠯ ᠢᠶᠠᠷ ᠢᠶᠠᠨ ᠳᠡᠯᠡᠬᠡᠢ ᠳᠤ ᠭᠠᠶᠢᠬᠠᠭᠳᠠᠭᠰᠠᠨ ᠨᠢᠭᠡᠨ ᠡᠷᠬᠢᠮ ᠢ ᠡᠡ᠊ᠨᠳᠡ ᠳᠤᠷᠠᠳᠤᠯ ᠦᠭᠡᠢ ᠥᠩᠭᠡᠷᠡᠭᠡᠵᠦ ᠪᠤᠯᠬᠤ ᠦᠭᠡᠢ ᠨᠢ᠃ ᠲᠡᠷᠡ ᠪᠣᠯ ᠣᠶᠣᠨ ᠤᠬᠠᠭᠠᠨ ᠤ ᠣᠯᠠᠨ ᠤᠯᠤᠰ ᠤᠨ ᠮᠦᠽᠧᠢ ᠶᠢ ᠡᠭᠦᠰᠬᠡᠨ ᠪᠠᠶᠢᠭᠤᠯᠤᠭᠴᠢ᠂ ᠮᠣᠩᠭᠤᠯ ᠤᠯᠤᠰ ᠤᠨ ᠰᠣᠶᠣᠯ ᠤᠨ ᠭᠠᠪᠢᠶᠠᠲᠤ ᠵᠢᠳᠬᠦᠯᠲᠡᠨ᠂ ᠰᠢᠯᠢᠳᠡᠭ ᠵᠣᠬᠢᠶᠠᠨ ᠪᠦᠲᠦᠭᠡᠭᠴᠢ ᠵᠠᠨᠳᠠᠷ᠎ᠠ ᠶᠢᠨ      ᠲᠦᠮᠡᠨᠲᠦᠮᠡᠨ᠊ᠦ᠋ᠯᠵᠡᠢ ᠶᠤᠮ᠃ ᠲᠡᠷᠡ ᠪᠠᠷ 3000 ᠰᠢᠬᠠᠮ ᠬᠤᠪᠢᠯᠪᠤᠷᠢ ᠣᠨᠢᠰᠤᠨ ᠪᠦᠲᠦᠭᠡᠯ ᠪᠦᠲᠦᠭᠡᠵᠦ᠂ 5000 ᠰᠢᠬᠠᠮ ᠬᠠᠭᠤᠳᠠᠰᠤ ᠲᠣᠳᠣᠷᠬᠠᠶᠢᠯᠠᠯᠲᠠ᠂ ᠲᠣᠮᠢᠶᠠᠯᠠᠯ᠂ ᠲᠧᠭᠨᠢᠭ ᠤᠨ ᠱᠤᠭᠤᠮ ᠵᠢᠷᠤᠭ ᠬᠢᠵᠦ᠂ ᠪᠠᠳᠤᠯᠭᠠᠵᠢᠭᠤᠯᠵᠤ᠂ ᠵᠣᠬᠢᠶᠠᠭᠴᠢ ᠶᠢᠨ ᠡᠷᠬᠡ ᠫᠠᠲ᠋ᠧᠨ ᠳᠤ ᠠᠪᠤᠭᠠᠳ ᠪᠠᠶᠢᠨ᠎ᠠ᠃     13᠂ ᠮᠣᠩᠭᠤᠯ ᠬᠥᠮᠥᠨ ᠠᠩᠬ᠎ᠠ ᠤᠳᠠᠭ᠎ᠠ ᠪᠤᠳᠤᠯ ᠢᠶᠠᠷ ᠤᠳᠤᠷᠢᠳᠳᠠᠭ ᠷᠣᠪᠤᠲ ︵ᠮᠠᠰᠢᠨ ᠬᠥᠮᠥᠨ︶ ᠪᠦᠲᠦᠭᠡᠵᠡᠢ᠃ ᠡᠨᠡ ᠪᠦᠲᠦᠭᠡᠯ ᠢ ᠠᠩᠬ᠎ᠠ ᠵᠢᠯ ᠪᠦᠷ ᠤᠯᠠᠮᠵᠢᠯᠠᠯ ᠪᠣᠯᠭᠠᠨ ᠵᠣᠬᠢᠶᠠᠨ ᠪᠠᠶᠢᠭᠤᠯᠤᠭᠳᠠᠳᠠᠭ ᠵᠠᠯᠠᠭᠤ ᠪᠠᠭᠰᠢ᠂ ᠣᠶᠤᠲᠠᠨ ᠨᠤᠭᠤᠳ ᠤᠨ ︽ᠡᠪᠷᠢᠺᠠ 2013︾ ᠡᠷᠳᠡᠮ ᠰᠢᠨᠵᠢᠯᠡᠭᠡᠨ ᠤ ᠪᠠᠭ᠎ᠠ ᠬᠤᠷᠠᠯ ᠳᠡᠭᠡᠷ᠎ᠡ ᠲᠠᠨᠢᠯᠴᠠᠭᠤᠯᠤᠭᠰᠠᠨ ᠶᠤᠮ᠃     14᠂ ᠮᠣᠩᠭᠤᠯ ᠡᠷᠳᠡᠮᠲᠡᠳ ᠠᠳᠤᠭᠤᠨ ᠤ ᠶᠠᠰᠤᠨ ᠠᠴᠠ ᠨᠠᠨᠣ᠋ ᠺᠠᠯᠼ ᠭᠠᠷᠭᠠᠨ ᠠᠪᠴᠤ ᠲᠡᠭᠦᠪᠡᠷ ᠢᠶᠠᠨ ᠰᠢᠳᠦᠨ ᠤ ︽ᠣ︾ ᠬᠢᠬᠦ ᠲᠧᠭᠨᠧᠯᠣᠭᠢ ᠪᠣᠯᠪᠠᠰᠤᠷᠠᠭᠤᠯᠤᠭᠠᠳ ᠪᠠᠶᠢᠭ᠎ᠠ ᠠᠵᠢ᠃ ᠮᠠᠯ ᠤᠨ ᠭᠠᠷᠤᠯ ᠲᠠᠢ ᠣᠷᠭᠠᠨᠢᠭ ᠺᠠᠯᠼ ᠢ ᠲᠡᠷᠡ ᠴᠡᠭ ᠢᠶᠠᠷ ᠨᠢ ᠪᠤᠯᠪᠠᠰᠤᠷᠠᠭᠤᠯᠵᠤ᠂ ᠨᠠᠨᠣ᠋ ᠬᠡᠮᠵᠢᠶᠡᠨ ᠳᠤ ᠬᠢᠮᠢ ᠶᠢᠨ ᠪᠣᠯᠪᠠᠰᠤᠷᠠᠭᠤᠯᠤᠯᠲᠠ ᠶᠢᠨ ᠴᠡᠪᠡᠷ ᠢᠶᠠᠷ ᠨᠢ ᠭᠠᠷᠭᠠᠬᠤ ᠶᠤᠮ ᠪᠠᠶᠢᠨ᠎ᠠ᠃   15᠂ ᠰᠤᠳᠤᠯᠤᠭᠠᠴᠢ ᠡᠷᠳᠡᠮᠲᠡᠨ ᠵ᠊ • ᠭᠡᠷᠡᠯ ᠥᠨᠳᠦᠷᠯᠢᠭ ᠤᠨ ᠡᠪᠡᠳᠴᠢᠨ ᠢ ᠣᠨᠣᠰᠢᠯᠠᠬᠤ ᠰᠲᠠᠨᠳᠡᠷᠲ ᠢ ᠪᠣᠯᠪᠠᠰᠤᠷᠠᠭᠤᠯᠤᠨ᠂ ᠳᠡᠯᠡᠬᠡᠢ ᠶᠢᠨ ᠠᠨᠠᠭᠠᠬᠤ ᠤᠬᠠᠭᠠᠨ ᠳᠤ ︽ᠬᠥᠬᠡᠨᠠᠭᠤᠷ ᠤᠨ ᠰᠲᠠᠨᠳᠠᠷᠲ︾ ᠬᠡᠮᠡᠬᠦ ᠨᠡᠷ᠎ᠡ ᠪᠠᠷ ᠪᠠᠲᠤᠯᠠᠭᠤᠯᠵᠠᠢ᠃ ᠲᠡᠷᠡ ᠪᠠᠷ ᠡᠳᠦᠭᠡ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠴᠢᠩᠬᠠᠢ ᠮᠤᠵᠢ ᠪᠤᠶᠤ ᠪᠢᠳᠡᠨ ᠤ ᠨᠡᠷᠡᠯᠡᠵᠤ ᠵᠠᠩᠰᠢᠭᠰᠠᠨ ᠢᠶᠠᠷ ᠬᠥᠬᠡᠨᠠᠭᠤᠷ ᠮᠤᠵᠢ ᠶᠢᠨ ᠠᠨᠠᠭᠠᠬᠤ ᠤᠬᠠᠭᠠᠨ ᠤ ᠶᠡᠭᠡ ᠰᠤᠷᠭᠠᠭᠤᠯᠢ ᠳᠤ ᠪᠠᠭᠰᠢᠯᠠᠨ ᠰᠤᠳᠤᠯᠭᠠᠨ ᠤ ᠠᠵᠢᠯ ᠢᠶᠠᠨ ᠬᠢᠵᠦ ᠪᠠᠶᠢᠨ᠎ᠠ᠃ ᠥᠨᠳᠦᠷᠯᠢᠭ ᠤᠨ ᠡᠪᠡᠳᠴᠢᠨ ᠭᠡᠳᠡᠭ ᠨᠢ ᠥᠨᠳᠦᠷᠯᠢᠭ ᠭᠠᠵᠠᠷ ᠬᠦᠴᠢᠯᠲᠥ᠋ᠷᠥᠭᠴᠢ ᠳᠤᠲᠠᠭᠳᠠᠭᠰᠠᠨ ᠠᠴᠠ ᠴᠢᠰᠤᠨ ᠤ ᠳᠠᠷᠤᠯᠲᠠ ᠥᠨᠳᠥᠷᠵᠢᠬᠦ᠂ ᠵᠢᠷᠦᠬᠡᠨ ᠤ ᠠᠴᠢᠶᠠᠯᠠᠯ ᠨᠡᠮᠡᠭᠳᠡᠵᠦ ᠦᠢᠯᠡ ᠠᠵᠢᠯᠯᠠᠭᠠᠨ ᠳᠤᠨᠢ ᠥᠭᠡᠷᠡᠴᠢᠯᠡᠯᠲᠡ ᠣᠷᠣᠬᠤ ᠭᠡᠬᠦ ᠵᠡᠷᠭᠡ ᠪᠠᠷ ᠢᠯᠡᠷᠡᠳᠡᠭ ᠦᠬᠦᠬᠦ ᠠᠶᠤᠯᠲᠠᠢ ᠡᠪᠡᠳᠴᠢᠨ ᠠᠵᠢ᠃    16᠂ ᠪᠦᠷᠢᠳᠬᠡᠯ ᠤᠨ ᠪᠦᠬᠦ ᠮᠡᠳᠡᠭᠡᠯᠡᠯ ᠢ ᠴᠠᠭ ᠠᠯᠳᠠᠯ ᠦᠭᠡᠢ ᠪᠠᠷ IPad ᠲᠥᠬᠦᠭᠡᠷᠦᠮᠵᠢ ᠪᠠᠷ ᠢᠶᠠᠨ ᠳᠠᠮᠵᠢᠭᠤᠯᠤᠨ ᠬᠦᠯᠢᠶᠡᠵᠦ ᠠᠪᠬᠤ ︽EZ stat︾ ᠫᠷᠣᠭ᠍ᠷᠠᠮ ᠢ ᠡᠨᠡᠳᠬᠡᠭ ᠲᠤ ᠰᠤᠷᠭᠠᠭᠤᠯᠢ ᠲᠡᠭᠦᠰᠦᠭᠰᠡᠨ ᠪ᠊ • ᠡᠷᠳᠡᠮ ᠭᠡᠳᠡᠭ ᠵᠠᠯᠠᠭᠤ ᠵᠣᠬᠢᠶᠠᠨ ᠪᠦᠲᠦᠭᠡᠭᠰᠡᠨ ᠪᠠᠶᠢᠨ᠎ᠠ᠃ ᠲᠡᠷᠡ ᠪᠠᠷ IPad᠎ ᠤᠨ ᠮᠣᠩᠭᠤᠯ ᠤᠨ ᠠᠩᠬᠠᠨ ᠤ ᠫᠷᠣᠭ᠍ᠷᠠᠮ ᠢ ᠪᠦᠲᠦᠭᠡᠭᠰᠡᠨ ᠨᠢ ᠡᠨᠡ ᠶᠤᠮ᠃ ᠤᠭ ᠫᠷᠣᠭ᠍ᠷᠠᠮ ᠢ ᠲᠠᠲᠠᠭᠰᠠᠨ ᠢᠶᠠᠷ ᠰᠠᠩᠬᠦᠦ᠂ ᠡᠳ᠋ ᠤᠨ ᠵᠠᠰᠠᠭ ᠤᠨ ᠪᠦᠬᠦᠶᠢᠯᠡ ᠮᠡᠳᠡᠭᠡᠯᠡᠯ ᠢ IPAD᠎ ᠪᠠᠷ ᠢᠶᠠᠨ ᠭᠥᠯᠢᠶᠡᠨ ᠠᠪᠬᠤ ᠠᠴᠠ ᠭᠠᠳᠠᠨ᠎ᠠ ᠫᠷᠣᠭ᠍ᠷᠠᠮ ᠢ ︽Apple store︾᠎ ᠠᠴᠠ ᠦᠨ᠎ᠡ ᠦᠭᠡᠢ ᠲᠠᠲᠠᠵᠤ ᠠᠪᠬᠤ ᠪᠣᠯᠣᠮᠵᠢ ᠶᠢ ᠣᠯᠭᠤᠭᠠᠳ ᠪᠠᠶᠢᠨ᠎ᠠ᠃    17᠂ Apple ᠺᠣᠮᠫᠠᠨᠢ ᠠᠴᠠ ᠭᠠᠷᠭᠠᠭᠰᠠᠨ ᠬᠠᠮᠤᠭ ᠤᠨ ᠰᠡᠭᠦᠯ ᠤᠨ ᠦᠶ᠎ᠡ ᠶᠢᠨ ᠤᠬᠠᠭᠠᠯᠢᠭ ᠭᠠᠷ ᠤᠲᠠᠰᠤᠨ ᠳᠤ ᠵᠣᠷᠢᠭᠤᠯᠤᠭᠰᠠᠨ ᠳᠣᠬᠢᠶᠠᠯᠠᠯ ᠤᠨ ᠰᠢᠰᠲ᠋ᠧᠮ ᠢ ᠮᠣᠩᠭᠤᠯ ᠤᠯᠤᠰ ᠤᠨ ᠢᠷᠭᠡᠨ ᠨ᠊ • ᠪᠠᠲᠤᠴᠢᠯᠠᠭᠤᠨ ᠵᠣᠬᠢᠶᠠᠵᠠᠢ᠃ ᠤᠭ ᠫᠷᠣᠭ᠍ᠷᠠᠮ ᠨᠢ ᠭᠡᠷ ᠮᠠᠰᠢᠨ ᠵᠡᠷᠭᠡ ᠪᠡᠶᠡᠲᠦ ᠣᠪᠶᠤᠺᠲ ᠲᠤ ᠭᠠᠳᠠᠨᠠᠬᠢ ᠬᠠᠯᠳᠠᠯᠭ᠎ᠠ ᠦᠷᠲᠦᠬᠦ ᠳᠤ ᠭᠠᠷ ᠤᠲᠠᠰᠤᠨ ᠳᠤ ᠳᠣᠬᠢᠶᠠᠯᠠᠯ ᠣᠴᠢᠬᠤ ᠠᠴᠠ ᠭᠠᠳᠠᠨ᠎ᠠ ᠲᠤᠬᠠᠢ ᠶᠢᠨ ᠬᠡᠷᠡᠭᠯᠡᠭᠴᠢ ᠶᠢᠨ ᠪᠠᠶᠢᠷᠢᠰᠢᠯ ᠢ ᠨᠢ ᠲᠣᠳᠣᠷᠬᠠᠶᠢᠯᠠᠵᠤ ᠴᠢᠳᠠᠳᠠᠭ ᠳᠠᠪᠠᠭᠤ ᠲᠠᠯ᠎ᠠ ᠲᠠᠢ ᠠᠵᠢ᠃ ᠢᠨᠲᠧᠷᠨᠲ ᠲᠤ ᠪᠠᠶᠢᠷᠢᠰᠢᠭᠤᠯᠤᠭᠰᠠᠨ ᠤᠭ ᠫᠷᠣᠭ᠍ᠷᠠᠮ ᠢ ᠬᠡᠷᠡᠭᠯᠡᠭᠴᠢᠳ ᠶᠡᠬᠡᠳᠡ ᠰᠣᠨᠢᠷᠬᠠᠵᠤ ᠪᠠᠶᠢᠭ᠎ᠠ ᠲᠡᠳᠦᠢ ᠦᠭᠡᠢ ︽Apple︾᠎ ᠤᠨ ᠪᠷᠡᠨᠳ᠋ ᠪᠣᠯᠣᠨ᠎ᠠ ᠭᠡᠵᠦ ᠦᠵᠡᠵᠦ ᠪᠠᠶᠢᠨ᠎ᠠ᠃   18᠂ ᠰᠢᠨᠵᠢᠯᠡᠬᠦ ᠤᠬᠠᠭᠠᠨ ᠤ ᠠᠺᠠᠳᠧᠮᠢ ᠶᠢᠨ ᠹᠢᠽᠢᠺ᠂ ᠲᠧᠭᠨᠧᠭᠯᠣᠭᠢ ᠶᠢᠨ ᠬᠦᠷᠢᠶᠡᠯᠡᠩ ᠤᠨ ᠵᠠᠬᠢᠷᠤᠯ᠂ ᠠᠺᠠᠳᠧᠮᠢᠴᠢ ᠪ᠊ • ᠴᠠᠳᠠᠷ᠎ᠠ ᠲᠡᠷᠢᠭᠦᠲᠡᠢ ᠮᠣᠩᠭᠤᠯ ᠹᠢᠽᠢᠺᠴᠢᠳ ᠠᠯᠤᠰ ᠤᠨ ᠤᠳᠤᠷᠢᠳᠤᠯᠭ᠎ᠠ ᠲᠠᠢ ᠭᠡᠷ ᠬᠠᠯᠠᠭᠠᠭᠴᠢ ᠵᠣᠬᠢᠶᠠᠨ ᠪᠦᠲᠦᠭᠡᠵᠡᠢ᠃ ᠡᠨᠡ ᠬᠠᠯᠠᠭᠠᠭᠴᠢ ᠭᠡᠷ ᠲᠤ ᠬᠤᠶᠠᠷ ᠺᠦᠸᠠᠳ᠋ ᠴᠠᠭ ᠤᠨ ᠬᠦᠴᠦᠨ ᠴᠢᠳᠠᠯ ᠲᠠᠢ ᠴᠠᠬᠢᠯᠭᠠᠨ ᠵᠠᠷᠤᠴᠠᠭᠤᠯᠬᠤ ᠪᠥᠭᠡᠳ ᠤᠭ ᠲᠥᠬᠦᠭᠡᠷᠦᠮᠵᠢ ᠳᠤ ᠲᠣᠬᠢᠷᠠᠭᠤᠯᠭ᠎ᠠ ᠬᠢᠵᠦ ᠡᠵᠡᠭᠦᠢ ᠦᠶ᠎ᠡ ᠳᠡᠭᠡᠨ ᠤᠨᠲᠠᠷᠠᠭᠠᠴᠢᠬᠠᠭᠠᠳ᠂ ᠭᠡᠷ ᠲᠡᠭᠡᠨ ᠢᠷᠡᠬᠦ ᠳᠥᠬᠦᠭᠡᠳ ᠢᠷᠡᠬᠦ ᠪᠠᠷ ᠢᠶᠠᠨ ᠠᠰᠠᠭᠠᠴᠢᠬᠠᠵᠤ ᠪᠣᠯᠣᠨ᠎ᠠ᠃ ᠡᠨᠡ ᠨᠢ ᠴᠠᠬᠢᠯᠭᠠᠨ ᠳᠤ ᠮᠠᠰᠢ ᠬᠡᠮᠨᠡᠯᠲᠡ ᠲᠠᠢ ᠠᠷᠭ᠎ᠠ ᠶᠤᠮ᠃   19᠂ ᠳᠡᠯᠡᠬᠡᠢ ᠶᠢᠨ ᠰᠢᠨᠵᠢᠯᠡᠬᠦ ᠤᠬᠠᠭᠠᠨ ᠤ ᠠᠺᠠᠳᠧᠮᠢ ᠶᠢᠨ ᠭᠡᠰᠢᠭᠦᠨ᠂ ᠠᠺᠠᠳᠧᠮᠢᠴᠢ ᠬ᠋᠊ • ᠨᠠᠮᠰᠠᠷᠠᠢ ᠲᠡᠷᠢᠭᠦᠲᠡᠢ ᠡᠷᠳᠡᠮᠲᠡᠳ ᠡᠷᠡᠨ ᠵᠠᠭᠤᠨ ᠤ ᠭᠡᠬᠦ ᠪᠠᠷ ᠨᠡᠭᠡᠭᠡᠯᠲᠡ ᠬᠢᠭᠰᠡᠨ ᠨᠢ ᠳᠤᠷ᠎ᠠ ᠶᠢᠨ ᠲᠣᠭᠠᠨ ᠠᠴᠠ ᠢᠨᠲ᠋ᠧᠭᠷᠠᠯ ᠠᠪᠬᠤ ᠭᠠᠶᠢᠬᠠᠮᠰᠢᠭᠲᠤ ᠲᠣᠮᠢᠶ᠎ᠠ ᠨᠤᠭᠤᠳ ᠢ ᠣᠯᠵᠠᠢ᠃ ᠹᠢᠽᠢᠺ᠂ ᠮᠠᠲ᠋ᠠᠮᠢᠲ᠋ᠢᠺ ᠤᠨ ᠠᠯᠢᠨ ᠳᠤᠨᠢ ᠴᠦ ᠬᠡᠷᠡᠭᠯᠡᠭᠳᠡᠬᠦ ᠡᠯ᠎ᠡ ᠨᠡᠭᠡᠭᠡᠯᠲᠡ ᠨᠢ ᠳᠡᠯᠡᠬᠡᠢ ᠶᠢᠨ ᠰᠢᠨᠵᠢᠯᠡᠬᠦ ᠤᠬᠠᠭᠠᠨ ᠳᠤ ᠭᠠᠤᠰ ᠤᠨ᠂ ᠡᠶᠢᠯᠤᠷ ᠤᠨ᠂ ᠨᠧᠶᠢᠮᠠᠨ ᠢ ᠢᠨᠲ᠋ᠧᠭᠷᠠᠯ ᠭᠡᠳᠡᠭ ᠰᠢᠭ ᠨᠠᠮᠰᠠᠷᠠᠢ ᠶᠢᠨ ᠢᠨᠲ᠋ᠧᠭᠷᠠᠯ ᠬᠡᠮᠡᠨ ᠨᠡᠷᠡᠯᠡᠭᠳᠡᠬᠦ ᠠᠵᠢ᠃    20᠂ ᠥᠩᠭᠡᠷᠡᠭᠰᠡᠨ ᠣᠨ ᠳᠤ ᠰᠢᠨᠵᠢᠯᠡᠬᠦ ᠤᠬᠠᠭᠠᠨ ᠲᠧᠭᠨᠢᠭ ᠤᠨ ᠶᠡᠭᠡ ᠰᠤᠷᠭᠠᠭᠤᠯᠢ ᠶᠢᠨ ᠲᠧᠭᠨᠧᠯᠣᠭᠢ ᠶᠢᠨ ᠪᠠᠭᠰᠢ ᠡ᠊ • ᠪᠠᠲᠤ ᠊᠊᠊ ᠡᠷᠳᠡᠨᠢ ᠬᠠᠶᠠᠭᠳᠠᠯ ᠵᠡᠭᠦᠦ᠂ ᠲᠠᠷᠢᠭᠤᠷ ᠠᠴᠠ ᠪᠧᠨ᠋ᠽᠧᠨ ᠭᠠᠷᠭᠠᠵᠤ ᠠᠪᠬᠤ ᠲᠤᠷᠰᠢᠯᠲᠠ ᠶᠢ ᠠᠮᠵᠢᠯᠲᠠᠲᠠᠢ ᠬᠡᠷᠡᠭᠵᠢᠭᠦᠯᠵᠡᠢ᠃ ᠲᠡᠷᠡ ᠪᠠᠷ ᠨᠡᠶᠢᠰᠯᠡᠯ ᠬᠤᠲᠠ ᠶᠢᠨ ᠬᠡᠮᠵᠢᠶᠡᠨ ᠳᠤ ᠡᠳᠦᠷ ᠲᠤ 2.4 ᠲᠣᠨ ᠲᠠᠷᠢᠭᠤᠷ ᠤᠨ ᠬᠠᠶᠠᠭᠳᠠᠮᠠᠯ ᠭᠠᠷᠳᠠᠭ ᠪᠥᠭᠡᠳ ᠡᠨᠡ ᠬᠠᠶᠠᠭᠳᠠᠮᠠᠯ ᠢᠶᠠᠷ 0. 6 ᠲᠤᠨ ᠪᠧᠨ᠋ᠽᠧᠨ ᠦᠢᠯᠡᠳᠪᠦᠷᠢᠯᠡᠬᠦ ᠪᠣᠯᠣᠮᠵᠢᠲᠠᠢ ᠭᠡᠰᠡᠨ ᠲᠣᠭᠠᠴᠠᠭ᠎ᠠ ᠶᠢ ᠭᠠᠷᠭᠠᠭᠰᠠᠨ ᠪᠠᠶᠢᠨ᠎ᠠ᠃   21᠂  ᠠᠩᠭ᠍ᠯᠢ᠂ ᠶᠠᠫᠤᠨ᠂ ᠲᠠᠶᠢᠸᠠᠨ ᠵᠡᠷᠭᠡ ᠤᠯᠤᠰ ᠣᠷᠣᠨ ᠳᠤ ᠠᠵᠢᠯᠯᠠᠵᠤ ᠪᠠᠶᠢᠭᠠᠳ ᠢᠷᠡᠭᠰᠡᠨ ᠪ᠊ • ᠠᠯᠳᠠᠷ ᠭᠡᠬᠦ ᠮᠣᠩᠭᠤᠯ ᠡᠷᠳᠡᠮᠲᠡᠨ 2000 ᠣᠨ ᠳᠤ ᠳ᠋ᠣᠬᠣ᠋ ᠶᠢᠨ ᠡᠰᠡᠷᠭᠦ ᠪᠡᠯᠡᠳᠦᠮᠡᠯ ᠭᠠᠷᠭᠠᠨ ᠠᠪᠴᠤ ᠲᠡᠭᠦᠨ ᠢ ᠪᠠᠨ ᠲᠠᠶᠢᠯᠠᠨᠳ ᠳᠤ ᠲᠤᠷᠰᠢᠵᠠᠢ᠃ ᠲᠤᠷᠰᠢᠯᠲᠠ ᠳᠤ ᠬᠠᠮᠤᠷᠤᠭᠳᠠᠭᠰᠠᠨ ᠬᠤᠷᠢᠭᠠᠳ ᠬᠥᠮᠥᠨ ᠡᠳᠡᠭᠡᠵᠦ ᠡᠨᠡ ᠲᠠᠯ᠎ᠠ ᠪᠠᠷ ᠳᠡᠯᠡᠬᠡᠢ ᠨᠡᠶᠢᠲᠡ ᠳᠤ ᠬᠦᠷᠭᠡᠬᠦ ᠪᠠᠷ ᠣᠯᠠᠨ ᠵᠢᠯ ᠬᠥᠭᠡᠭᠡᠴᠡᠯᠳᠦᠭᠰᠡᠨ ᠢᠶᠠᠨ ᠲᠣᠭᠤᠭ᠎ᠠ ᠦᠭᠡᠢ ᠪᠠᠶᠢᠨ᠎ᠠ᠃ ᠮᠥᠨ ᠲᠡᠷᠡ ᠪᠠᠷ ᠡᠯᠢᠭᠡᠨ ᠤ ᠭᠦ᠋ᠫᠠᠲᠢᠲ ᠸ᠊ • ᠰ᠊ ᠭᠡᠮᠴᠢᠯᠡᠬᠦ ᠸᠠᠺᠼᠢᠨ ᠭᠠᠷᠭᠠᠨ᠂ ᠲᠡᠭᠦᠨ ᠢ ᠨᠢ ᠳᠡᠯᠡᠬᠡᠢ ᠶᠢᠨ ᠣᠯᠠᠨ ᠣᠷᠣᠨ ᠳᠤ ᠭᠥᠯᠢᠶᠡᠨ ᠵᠥᠪᠰᠢᠶᠡᠷᠡᠭᠦᠯᠦᠭᠡᠳ ᠪᠠᠶᠢᠭ᠎ᠠ ᠠᠵᠢ᠃    22᠂ ᠮᠣᠩᠭᠤᠯ ᠵᠠᠯᠠᠭᠤᠰ ︽Nikel Gamba᠂ DG 57 ᠬᠡᠮᠡᠬᠦ ᠴᠠᠬᠢᠯᠭᠠᠨ ᠢᠶᠠᠷ ᠠᠵᠢᠯᠯᠠᠳᠠᠭ ᠣᠨᠣᠳᠠᠭ ᠳᠤᠭᠤᠢ ᠪᠦᠲᠦᠭᠡᠭᠰᠡᠨ ᠪᠠᠶᠢᠨ᠎ᠠ᠃ ᠤᠭ ᠳᠤᠭᠤᠢ ᠨᠢ ᠰᠢᠳᠠᠬᠤᠨ ᠬᠡᠷᠡᠭᠯᠡᠬᠦ ᠦᠭᠡᠢ᠂ ᠵᠦᠪᠬᠡᠨ ᠴᠠᠬᠢᠯᠭᠠᠨ ᠢᠶᠠᠷ ᠠᠵᠢᠯᠯᠠᠬᠤ ᠶᠤᠮ᠃ ᠳᠤᠭᠤᠢ ᠶᠢᠨ ᠷᠠᠮ᠂ ᠪᠤᠯᠤ ᠵᠡᠷᠭᠡ ᠶᠢ ᠬᠥᠩᠭᠡᠨᠴᠠᠭᠠᠨ ᠢᠶᠠᠷ ᠬᠢᠭᠰᠡᠨ ᠪᠥᠭᠡᠳ ᠪᠠᠮᠢ ᠶᠢ ᠮᠠᠲᠠᠵᠦ ᠭᠠᠩᠨᠠᠭᠤᠷ ᠢᠶᠠᠷ ᠪᠠᠬᠢᠯᠡᠭᠰᠡᠨ᠃ 220 ᠺᠢᠯᠣᠸᠠᠲ ᠲᠤ ᠵᠠᠯᠭᠠᠵᠤ ᠴᠡᠨᠡᠭᠯᠡᠭᠡᠳ 30 ᠺᠢᠯᠤᠮᠧᠳ᠋ᠷ ᠵᠠᠮ ᠲᠣᠭᠤᠯᠬᠤ ᠬᠦᠴᠦᠨ ᠴᠢᠳᠠᠯ ᠲᠠᠢ ᠡᠨᠡ ᠳᠤᠭᠤᠢ ᠴᠠᠭ ᠲᠤ 40 ᠺᠢᠯᠤᠮᠧᠳ᠋ᠷ ᠬᠤᠷᠳᠤᠯᠠᠳᠠᠭ ᠠᠵᠢ᠃   23᠂ ︽ᠣᠯᠣᠯ᠎ᠠ︾ ᠬᠤᠪᠢᠴᠠᠭᠠᠳᠤ ᠺᠣᠮᠫᠠᠨᠢ ᠶᠢᠨ ᠮᠣᠩᠭᠤᠯ ᠢᠨᠵᠧᠨᠧᠷ᠂ GPS ︵General positioning system︶ ᠵᠣᠬᠢᠶᠠᠨ ᠪᠦᠲᠦᠭᠡᠵᠡᠢ᠃ ᠡᠨᠡᠬᠦ ᠠᠪᠰᠠᠷᠬᠠᠨ ᠬᠡᠷᠡᠭᠰᠡᠯ ᠢ ᠮᠠᠰᠢᠨ ᠳᠠᠭᠠᠨ ᠪᠣᠯᠣᠨ ᠪᠡᠶ᠎ᠡ ᠳᠡᠭᠡᠨ ᠠᠪᠴᠤ ᠶᠠᠪᠤᠵᠤ ᠮᠣᠩᠭᠤᠯ ᠤᠯᠤᠰ ᠤᠨ ᠠᠯᠢ ᠨᠤᠲᠤᠭ ᠳᠡᠪᠢᠰᠬᠡᠷ ᠲᠤ ᠭᠠᠵᠠᠷ ᠤᠨ ᠵᠢᠷᠤᠭ ᠦᠭᠡᠢ ᠪᠠᠷ ᠬᠡᠷᠡᠭ ᠲᠠᠢ ᠭᠠᠵᠠᠷ ᠢᠶᠠᠨ ᠬᠠᠮᠤᠭ ᠤᠨ ᠳᠥᠲᠡ᠂ ᠬᠠᠮᠤᠭ ᠤᠨ  ᠣᠨᠣᠪᠴᠢᠲᠠᠢ᠂ ᠵᠠᠮ ᠢᠶᠠᠷ ᠰᠠᠭᠠᠳ ᠦᠭᠡᠢ ᠬᠦᠷᠴᠦ ᠣᠴᠢᠬᠤ᠂ ᠲᠡᠭᠦᠨᠴᠢᠯᠡᠨ ᠤᠯᠠᠭᠠᠨᠪᠠᠭᠠᠲᠤᠷ ᠤᠨ ᠭᠤᠳᠤᠮᠵᠢ ᠳᠠᠯᠠᠪᠠᠢ ᠭᠡᠷ ᠬᠤᠷᠢᠶᠠᠯᠠᠯ ᠤᠳ ᠲᠤ ᠲᠥᠭᠡᠷᠢᠵᠦ ᠪᠤᠳᠤᠯᠢᠬᠤ ᠦᠭᠡᠢ ᠶᠠᠪᠤᠬᠤ ᠨᠥᠬᠦᠴᠡᠯ ᠪᠦᠷᠢᠳᠬᠦ ᠭᠡᠨ᠎ᠡ᠃   24᠂ ᠬᠠᠮᠤᠭ ᠤᠨ ᠰᠡᠭᠦᠯ ᠳᠤ ᠪᠢᠳᠡᠨ ᠤ ᠡᠪᠦᠭᠡ ᠳᠡᠭᠡᠳᠦᠰ ᠤᠨ ᠪᠦᠲᠦᠭᠡᠯᠴᠢ ᠰᠡᠳᠬᠢᠯᠭᠡᠨ ᠤ ᠢᠯᠡᠷᠡᠯ ᠪᠣᠯᠤᠭᠰᠠᠨ ᠨᠢᠭᠡᠨ ᠪᠦᠲᠦᠭᠡᠯ ᠢ ᠲᠠᠨᠢᠯᠴᠠᠭᠤᠯᠵᠤ ᠪᠠᠶᠢᠨ᠎ᠠ᠃ ᠡᠨᠡ ᠪᠣᠯ ᠮᠣᠩᠭᠤᠯ ᠭᠡᠷ᠃ ᠭᠡᠷ ᠨᠢ 3000 ᠣᠷᠴᠢᠮ ᠵᠢᠯ ᠤᠨ ᠲᠡᠷᠲᠡᠭᠡ ᠠᠴᠠ ᠣᠳᠤ ᠶᠢᠨ ᠬᠡᠪ ᠰᠢᠨᠵᠢ ᠣᠯᠣᠭᠰᠠᠨ ᠪᠥᠭᠡᠳ ᠨᠡᠭᠦᠳᠡᠯᠯᠡᠨ ᠠᠵᠤ ᠲᠦᠷᠦᠬᠦ ᠳᠤ ᠬᠠᠮᠤᠭ ᠤᠨ ᠰᠠᠶᠢᠨ ᠵᠣᠬᠢᠴᠠᠳᠠᠭ᠃ ᠬᠥᠩᠭᠡᠨ᠂ ᠠᠪᠰᠠᠷᠬᠠᠨ᠂ ᠤᠳᠠᠭᠠᠨ ᠡᠳ᠋ᠯᠡᠭᠡ ᠲᠠᠢ᠂ ᠠᠷᠬᠢᠲ᠋ᠧᠺᠲ᠋ᠣᠷ ᠤᠨ ᠣᠨᠴᠠᠭᠠᠢ ᠰᠡᠶᠢᠳᠦᠯ ᠲᠠᠢ ᠵᠡᠷᠭᠡ ᠪᠠᠷ ᠢᠶᠠᠨ ᠭᠠᠳᠠᠨᠠᠬᠢ ᠶᠢᠨ ᠬᠢᠨ ᠤ ᠰᠣᠨᠢᠷᠬᠠᠯ ᠢ ᠶᠡᠬᠡᠳᠡ ᠲᠠᠲᠠᠭᠰᠠᠭᠠᠷ ᠢᠷᠡᠭᠰᠡᠨ᠃                                 ᠮᠣᠩᠭᠤᠯ ᠰᠤᠳᠤᠯᠤᠯ ᠤᠨ ᠰᠤᠷᠠᠭ ᠵᠠᠩᠭᠢ ᠶᠢᠨ ᠰᠦᠯᠵᠢᠶ᠎ᠡ     
ᠢᠷᠡᠯᠲᠡ᠄ ᠬᠤᠯᠪᠤᠭ᠎ᠠ ᠰᠦᠯᠵᠢᠶ᠎ᠡ