ᠡᠪᠰᠡᠬᠦ ᠣᠷᠤᠭ ᠪᠠ ᠾᠦᠩᠨᠦ ᠪᠣᠯᠣᠨ ᠬᠠᠨ ᠣᠯᠣᠰ ᠤᠨ ᠬᠤᠭᠤᠷᠣᠨᠳᠣᠬᠢ ᠵᠠᠬᠢᠳᠠᠯ ᠴᠢᠮᠡᠭᠡᠨ ᠤ ᠬᠠᠷᠢᠯᠴᠠᠭ᠎ᠠ
ᠨᠡᠶᠢᠲᠡᠯᠡᠭᠰᠡᠨ ᠴᠠᠭ᠄
2022/10/27
   ᠡᠪᠰᠡᠬᠦ ᠣᠷᠤᠭ ᠤᠨ ᠡᠭᠦᠰᠦᠯ        和亲 ︵ᠡᠪᠰᠡᠬᠦ ᠣᠷᠤᠭ︶ ᠭᠡᠳᠡᠭ ᠦᠭᠡ ᠪᠣᠯ ᠲᠣᠬᠠᠢ ᠶᠢᠨ ᠦᠶ᠎ᠡ ᠶᠢᠨ ᠬᠠᠨ ᠣᠯᠣᠰ ᠤᠨ ᠲᠠᠯ᠎ᠠ ᠶᠢᠨ ᠦᠭᠡ ᠬᠡᠯᠡᠯᠭᠡ ᠪᠠᠷ ᠨᠡᠷᠡᠶᠢᠳᠦᠭᠰᠡᠨ ᠣᠯᠣᠰ ᠲᠦᠷᠦ ᠶᠢᠨ ᠴᠢᠨᠠᠷᠳᠠᠢ ᠨᠡᠷᠡᠰ ᠦᠭᠡ ᠪᠣᠯᠣᠨ᠎ᠠ᠂ ᠾᠦᠩᠨᠦ ᠶᠢᠨ ᠲᠠᠯ᠎ᠠ ᠠᠴᠠ ᠬᠡᠯᠡᠪᠡᠯ᠂ ᠬᠠᠨ ᠣᠯᠣᠰ ᠵᠢᠯ ᠪᠦᠷᠢ ᠠᠯᠳᠠ ᠮᠦᠩᠭᠦ᠂ ᠲᠣᠷᠭ᠎ᠠ ᠲᠣᠷᠳᠣᠩ᠂ ᠠᠮᠣ ᠪᠣᠳᠠᠭ᠎ᠠ᠂ ᠬᠦᠪᠦᠩ ᠮᠢᠨᠳᠠᠰᠤ᠂ ᠠᠷᠢᠬᠢ ᠲᠠᠷᠠᠰᠣ ᠵᠡᠷᠭᠡ ᠶᠢ ᠲᠣᠭᠳᠠᠭᠰᠠᠨ ᠲᠤᠭ᠎ᠠ ᠬᠡᠮᠵᠢᠶ᠎ᠡ ᠪᠠᠷ ᠾᠦᠩᠨᠦᠴᠦᠳ ᠲᠤ ᠬᠦᠷᠭᠡᠵᠥ ᠠᠯᠪᠠ ᠪᠠᠷᠢᠬᠤ ᠠᠴᠠ ᠭᠠᠳᠠᠨ᠎ᠠ ᠪᠠᠰᠠ ᠬᠠᠭᠠᠨ ᠤ ᠪᠠᠨ ᠭᠦᠩᠵᠥ ᠬᠡᠣᠬᠡᠨ ᠢᠶᠠᠨ ᠾᠦᠩᠨᠦ ᠶᠢᠨ ᠴᠠᠨ ᠢᠥᠢ ᠳᠤ ᠬᠦᠷᠭᠡᠵᠥ ᠪᠠᠶᠢᠬᠤ ᠭᠠᠳᠠᠭᠠᠳᠣ ᠬᠠᠷᠢᠴᠠᠭ᠎ᠠ ᠶᠢ ᠲᠣᠪᠴᠢᠯᠠᠨ ︽ᠠᠯᠪᠠ ᠪᠠᠷᠢᠵᠣ ᠭᠦᠩᠵᠥ ᠬᠦᠷᠭᠡᠬᠦ︾ ᠭᠡᠳᠡᠭ ᠪᠠᠶᠢᠵᠤ᠂ ᠾᠦᠩᠨᠦ ᠪᠣᠯᠣᠨ ᠬᠠᠨ ᠣᠯᠣᠰ ᠤᠨ ᠬᠤᠭᠤᠷᠣᠨᠳᠣᠬᠢ ᠡᠪᠰᠡᠬᠦ ᠣᠷᠤᠭ ᠤᠨ ᠬᠠᠷᠢᠴᠠᠭ᠎ᠠ ᠶᠢ ᠢᠯᠡᠳᠭᠡᠭᠰᠡᠨ ᠲᠣᠪᠴᠢᠯᠠᠭᠰᠠᠨ ᠨᠡᠷ᠎ᠡ ᠦᠭᠡ ᠪᠣᠯᠣᠨ᠎ᠠ᠃ ᠡᠨᠡᠬᠦ ᠡᠪᠰᠡᠬᠦ ᠣᠷᠤᠭ ᠤᠨ ᠡᠭᠦᠰᠦᠯ ᠪᠣᠯ ᠮᠠᠰᠢ ᠨᠠᠷᠢᠨ ᠪᠣᠳᠣᠯᠢᠶᠠᠨ ᠲᠠᠢ ᠭᠠᠳᠠᠭᠠᠳᠣ ᠬᠠᠷᠢᠯᠴᠠᠭ᠎ᠠ ᠪᠠ ᠴᠡᠷᠢᠭ ᠲᠠᠶᠢᠨ  ᠤ ᠶᠠᠪᠣᠴᠠ ᠶᠢ ᠲᠠᠮᠵᠢᠨ ᠡᠭᠦᠰᠴᠡᠢ᠃ ᠭᠡᠪᠡᠴᠥ ᠬᠡᠳᠦᠶᠢᠪᠡᠷ ᠬᠠᠨ ᠣᠯᠣᠰ ᠤᠨ ᠠᠩᠬᠠᠨ ᠤ ᠬᠠᠭᠠᠨ ᠯᠢᠥ ᠪᠠᠩ ᠤᠨ ᠦᠶ᠎ᠡ ᠳᠤ ᠾᠦᠩᠨᠦ ᠶᠢᠨ ᠪᠣᠭᠳᠠ ︵冒顿︶ ᠴᠠᠨ ᠢᠥᠢ ᠳᠤ ᠴᠡᠷᠢᠭ ᠲᠠᠷᠣᠭᠳᠠᠨ ᠪᠦᠰᠡᠯᠡᠭᠳᠡᠵᠥ ᠠᠷᠭ᠎ᠠ ᠪᠣᠰᠣ ᠪᠠᠶᠢᠳᠠᠯ ᠳᠤ ᠡᠪᠰᠡᠬᠦ ᠣᠷᠤᠭ ᠤᠨ ᠪᠣᠯᠵᠤᠭ᠎ᠠ ᠶᠢ ᠲᠣᠭᠳᠠᠭᠰᠠᠨ ᠪᠣᠯᠪᠠᠴᠤ᠂ ᠵᠢᠭᠠᠬᠠᠨ ᠬᠤᠵᠢᠮ ᠰᠢᠭ᠋ ᠦᠶ᠎ᠡ ᠪᠣᠯᠣᠭᠠᠳ ᠬᠠᠨ ᠣᠯᠣᠰ ᠪᠣᠯᠵᠤᠭ᠎ᠠ ᠶᠣᠰᠣᠭᠠᠷ ᠢᠶᠠᠨ ᠠᠯᠪᠠ ᠪᠠᠷᠢᠬᠤ ᠪᠠᠨ ᠪᠣᠯᠢᠭᠰᠠᠨ ᠪᠣᠶᠤ ᠣᠳᠠᠭᠠᠰᠢᠷᠠᠭᠤᠯᠬᠤ ᠵᠡᠷᠭᠡ ᠪᠠᠶᠢᠳᠠᠯ ᠨᠡᠶᠢᠳᠡᠮ ᠣᠷᠣᠰᠢᠵᠤ ᠪᠠᠶᠢᠵᠠᠢ᠃ ᠡᠶᠢᠮᠦ ᠪᠠᠶᠢᠳᠠᠯ ᠲᠣᠣᠷ᠎ᠠ ᠾᠦᠩᠨᠦ ᠶᠢᠨ ᠲᠠᠯ᠎ᠠ ᠠᠴᠠ ᠠᠪᠣᠭᠰᠠᠨ ᠠᠷᠭ᠎ᠠ ᠬᠡᠮᠵᠢᠶ᠎ᠡ ᠭᠡᠪᠡᠯ ᠠᠩᠬᠠᠨ ᠦᠶ᠎ᠡ ᠶᠢᠨ ᠪᠣᠭᠳᠠ ᠴᠠᠨ ᠢᠥᠢ ᠵᠡᠷᠭᠡ ᠬᠦᠮᠦᠰ ᠪᠣᠯ ᠬᠠᠰᠢᠯᠠ ᠨᠠᠶᠢᠷᠠᠮᠳᠠᠯ ᠢᠶᠠᠷ ᠰᠢᠢᠳᠪᠦᠷᠢᠯᠡᠬᠦ ᠶᠢ ᠵᠣᠷᠢᠵᠤ᠂ ᠵᠠᠬᠢᠳᠠᠯ ᠴᠢᠮᠡᠭᠡ ᠨᠡᠪᠳᠡᠷᠡᠯᠴᠡᠵᠥ ᠠᠰᠠᠭᠤᠳᠠᠯ ᠢᠶᠠᠨ ᠰᠢᠢᠳᠪᠦᠷᠢᠯᠡᠬᠦ ᠶᠢ ᠵᠣᠷᠢᠵᠤ ᠪᠠᠶᠢᠪᠠ᠃ ᠮᠢᠨᠦ ᠠᠳᠡ ᠨᠡᠶᠢᠳᠡᠯᠡᠬᠦ ᠪᠠᠷ ᠪᠡᠯᠡᠳᠭᠡᠭᠰᠡᠨ ᠠᠭᠤᠯᠭ᠎ᠠ ᠪᠣᠯ ᠲᠠᠷᠣᠢ ᠬᠠᠨ ᠣᠯᠣᠰ ᠪᠣᠯᠣᠨ ᠾᠦᠩᠨᠦ ᠶᠢᠨ ᠬᠠᠭᠠᠳ ᠨᠠᠷ ᠤᠨ ᠬᠤᠭᠤᠷᠣᠨᠳᠣ ᠬᠢ ᠡᠶᠢᠮᠦᠷᠭᠦ ᠵᠠᠬᠢᠳᠠᠯ ᠴᠢᠮᠡᠭᠡᠨ ᠤ ᠬᠠᠷᠢᠯᠴᠠᠭ᠎ᠠ ᠶᠢ ᠦᠭᠦᠯᠡᠶ᠎ᠡ ᠭᠡᠰᠡᠨ ᠶᠤᠮ᠃ ᠵᠠᠬᠢᠳᠠᠯ ᠴᠢᠮᠡᠭᠡ ᠪᠠᠷ ᠰᠢᠢᠳᠪᠦᠷᠢᠯᠡᠵᠥ ᠴᠢᠳᠠᠬᠤ ᠦᠭᠡᠢ ᠦᠶ᠎ᠡ ᠳᠤ ᠲᠠᠶᠢᠨ ᠪᠠᠶᠢᠯᠳᠣᠭᠠᠨ ᠢᠶᠠᠷ ᠠᠰᠠᠭᠤᠳᠠᠯ ᠢ ᠰᠢᠢᠳᠬᠦ ᠭᠠᠭᠴᠠ ᠵᠠᠮ ᠦᠯᠡᠳᠡᠬᠦ ᠨᠢ ᠮᠡᠳᠡᠵᠢ ᠶᠢᠨ ᠬᠡᠷᠡᠭ ᠶᠤᠮ᠃ ᠲᠣᠷᠣᠭᠰᠢ ᠡᠭᠦᠨ ᠤ ᠲᠡᠣᠬᠡ ᠶᠢᠨ ᠦᠨᠳᠦᠰᠦ ᠠᠴᠠ ᠲᠣᠪᠴᠢᠯᠠᠨ ᠦᠭᠦᠯᠡᠶ᠎ᠡ᠃       ᠾᠦᠩᠨᠦ ᠲᠦᠷᠦ ᠶᠢᠨ ᠲᠡᠣᠬᠡᠨ ᠳᠤ ᠲᠡᠮᠳᠡᠭᠯᠡᠯ ᠲᠠᠢ ᠬᠤᠶᠠᠳᠣᠭᠠᠷ ᠦᠶ᠎ᠡ ᠶᠢᠨ ᠡᠵᠡᠨ ᠪᠣᠭᠳᠠ ᠴᠠᠨ ᠢᠥᠢ᠂ ᠰᠠᠭᠤᠷᠢᠨ ᠳᠤ ᠰᠠᠭᠤᠭᠰᠠᠨ ᠤ ᠲᠠᠷᠠᠭ᠎ᠠ ᠶᠢᠰᠦᠳᠦᠭᠡᠷ ᠣᠨ᠂ ᠬᠠᠨ ᠣᠯᠣᠰ ᠤᠨ ᠠᠩᠬᠠᠨ ᠤ  ᠬᠠᠭᠠᠨ ᠯᠢᠥ ᠪᠠᠩ ᠬᠠᠭᠠᠨ ᠰᠠᠭᠤᠷᠢᠨ ᠳᠤ ᠰᠠᠭᠤᠭᠰᠠᠨ ᠤ ᠲᠠᠷᠠᠭ᠎ᠠ ᠭᠤᠷᠪᠠᠳᠣᠭᠠᠷ ᠣᠨ᠂ ᠨᠡᠶᠢᠲᠡ ᠶᠢᠨ ᠣᠨ ᠲᠣᠭᠠᠯᠠᠯ ᠤᠨ ᠡᠮᠦᠨ᠎ᠡ 200 ᠣᠨ ᠳᠤ ᠾᠦᠩᠨᠦ ᠪᠣᠯᠣᠨ ᠬᠠᠨ ᠣᠯᠣᠰ ᠤᠨ ᠬᠠᠷᠢᠴᠠᠭᠠᠨ ᠤ ᠲᠡᠤᠬᠡᠨ ᠳᠤ ᠠᠷᠢᠯᠣᠰᠢ ᠦᠭᠡᠢ ᠨᠢᠭᠡᠨ ᠶᠡᠭᠡ ᠬᠡᠷᠡᠭ ᠡᠭᠦᠰᠴᠡᠢ᠃ ᠡᠨᠡ ᠶᠡᠭᠡ ᠬᠡᠷᠡᠭ ᠬᠤᠶᠠᠷ ᠣᠯᠣᠰ ᠤᠨ ᠲᠣᠬᠠᠢ ᠶᠢᠨ ᠦᠶ᠎ᠡ ᠶᠢᠨ ᠴᠠᠭ ᠤᠨ ᠪᠠᠶᠢᠳᠠᠯ ᠲᠠᠢ ᠨᠢᠬᠳᠠ ᠬᠤᠯᠪᠣᠭᠳᠠᠯ ᠲᠠᠢ ᠪᠠᠶᠢᠵᠠᠢ᠃ ᠾᠦᠩᠨᠦ ᠶᠢᠨ ᠲᠠᠯ᠎ᠠ ᠠᠴᠠ ᠦᠬᠦᠯᠡᠪᠡᠯ᠂ ᠡᠷᠲᠡ ᠦᠶ᠎ᠡ ᠴᠢᠨ ᠣᠯᠣᠰ ᠬᠦᠴᠦᠷᠬᠡᠭᠵᠢᠨ ᠮᠠᠨᠳᠣᠭᠠᠳ ᠾᠦᠩᠨᠦ ᠶᠢᠨ ᠨᠣᠳᠤᠭ ᠲᠡᠪᠢᠰᠭᠡᠷ ᠢ ᠶᠡᠭᠡ ᠬᠡᠮᠵᠢᠶ᠎ᠡ ᠪᠠᠷ ᠲᠦᠷᠢᠮᠡᠬᠡᠶᠢᠯᠡᠨ ᠡᠵᠡᠯᠡᠵᠥ᠂ ᠾᠦᠩᠨᠦᠴᠦᠳ ᠤᠨ ᠭᠤᠪᠢ ᠶᠢᠨ ᠡᠮᠦᠨ᠎ᠡ ᠠᠮᠢᠳᠣᠷᠠᠬᠤ ᠪᠣᠯᠣᠮᠵᠢ ᠶᠢ ᠬᠦᠷᠳᠡᠯ᠎ᠡ ᠨᠢᠭᠡᠮᠦᠰᠦᠨ ᠪᠣᠰᠨᠢᠭᠤᠯᠵᠠᠢ᠃ ᠡᠶᠢᠮᠦ ᠠᠴᠠ ᠾᠦᠩᠨᠦ ᠶᠢᠨ ᠡᠵᠡᠳ ᠬᠠᠭᠠᠳ ᠨᠢ ᠪᠦᠷ ᠭᠤᠪᠢ ᠶᠢᠨ ᠠᠷᠣ ᠳᠤ ᠣᠴᠢᠭᠠᠳ ᠠᠮᠢᠳᠣᠷᠠᠵᠣ ᠪᠠᠶᠢᠵᠠᠢ᠃ ᠣᠳᠠᠯ ᠴᠢᠨ ᠣᠯᠣᠰ ᠦᠳᠳᠡᠷ ᠲᠦᠷᠭᠡᠨ ᠨᠣᠷᠠᠨ ᠮᠦᠬᠦᠬᠦ ᠦᠶ᠎ᠡ ᠳᠤ ᠾᠦᠩᠨᠦ  ᠶᠢᠨ ᠪᠣᠭᠳᠠ ᠴᠠᠨ ᠢᠥᠢ ᠶᠢᠨ ᠴᠠᠭ ᠦᠶ᠎ᠡ ᠬᠦᠷᠴᠦ ᠢᠷᠡᠨ᠂ ᠾᠦᠩᠨᠦᠴᠦᠳ ᠡᠬᠢᠯᠡᠨ ᠬᠦᠴᠦᠷᠬᠡᠭᠵᠢᠨ ᠪᠣᠰᠴᠤ᠂ ᠠᠯᠳᠠᠭᠰᠠᠨ ᠨᠣᠳᠤᠭ ᠣᠰᠣ ᠪᠠᠨ ᠡᠭᠡᠭᠦᠯᠦᠨ ᠠᠪᠴᠣ ᠪᠠᠶᠢᠭᠰᠠᠨ ᠴᠠᠭ ᠦᠶ᠎ᠡ ᠬᠦᠷᠴᠥ ᠢᠷᠡᠪᠡ᠃ ᠡᠭᠦᠨ ᠢ ᠰᠧ ᠮᠠ ᠴᠢᠶᠠᠨ ᠤ ᠰᠣᠳᠣᠷ ᠲᠡᠮᠳᠡᠭᠯᠡᠯ ᠭᠡᠳᠡᠭ ᠲᠡᠣᠬᠡᠨ ᠪᠢᠴᠢᠭ ᠳᠠᠬᠢ ᠦᠭᠡ ᠪᠠᠷ ᠬᠡᠯᠡᠪᠡᠯ ︽ᠨᠢᠭᠡᠨᠲᠡ ᠬᠠᠭᠤᠴᠢᠨ ᠬᠢᠯᠢ ᠪᠠᠷ ᠬᠠᠨ ᠣᠯᠣᠰ ᠲᠠᠢ ᠬᠢᠯᠢᠯᠡᠬᠦ ᠪᠣᠯᠪᠠ︾ ᠭᠡᠵᠡᠢ᠃ ᠬᠠᠭᠤᠴᠢᠨ ᠬᠢᠯᠢ ᠭᠡᠳᠡᠭ ᠨᠢ ᠴᠢᠨ ᠣᠯᠣᠰ ᠤᠨ ᠠᠩᠬᠠᠨ ᠦᠶ᠎ᠡ ᠶᠢᠨ ᠾᠦᠩᠨᠦ ᠪᠣᠯᠣᠨ ᠴᠢᠨ ᠣᠯᠣᠣᠰ ᠤᠨ ᠬᠢᠯᠢ ᠪᠣᠯᠣᠨ᠎ᠠ᠃ ᠬᠠᠨ ᠣᠯᠣᠰ ᠤᠨ ᠲᠠᠯ᠎ᠠ ᠠᠴᠠ ᠦᠵᠡᠪᠡᠯ᠂ ᠣᠯᠣᠰ ᠪᠠᠶᠢᠭᠤᠯᠬᠤ ᠠᠩᠬᠠᠨ ᠬᠤᠭᠤᠴᠠᠭᠠᠨ ᠳᠤ ᠠᠯᠢ ᠣᠯᠠᠨ ᠭᠠᠪᠢᠶᠠᠳᠣ ᠳᠦᠰᠢᠮᠡᠳ ᠢᠶᠠᠨ ᠨᠢᠭᠡᠨᠳᠡ ᠸᠠᠩ ᠾᠸᠥ ᠡᠷᠭᠦᠮᠵᠢᠯᠡᠬᠦ ᠪᠠᠷ ᠦᠭᠶᠦᠭᠡᠳᠡᠨ ᠲᠠᠳᠠᠵᠣ᠂ ᠣᠯᠣᠰ ᠪᠠᠶᠢᠭᠤᠯᠣᠮᠠᠭᠴᠠ ᠪᠠᠨ ᠡᠬᠢᠯᠡᠨ ᠡᠳᠡᠭᠡᠷ ᠬᠠᠷᠢ ᠣᠪᠣᠭᠳᠠᠨ ᠤ ᠸᠠᠩ ᠨᠡᠷ ᠢᠶᠠᠨ ᠣᠰᠠᠳᠬᠠᠵᠣ ᠡᠬᠢᠯᠡᠵᠡᠢ᠃ ᠢᠩᠬᠢᠵᠥ ᠶᠡᠭᠡ ᠡᠷᠬᠡ ᠶᠢ ᠪᠦᠷ ᠲᠦᠪ ᠲᠡᠭᠡᠨ ᠲᠦᠪᠯᠡᠷᠡᠬᠦᠯᠬᠦ ᠪᠠᠷ ᠣᠷᠣᠯᠳᠣᠵᠣ ᠡᠬᠢᠯᠡᠵᠡᠢ᠃ ᠦᠭᠡᠷ᠎ᠡ  ᠪᠠᠷ ᠬᠡᠯᠡᠪᠡᠯ ᠬᠠᠭᠠᠨ ᠭᠠᠭᠴᠠᠭᠠᠷ ᠡᠵᠡᠮᠰᠢᠯᠳᠥ ᠡᠷᠬᠡ ᠠᠳᠬᠤᠬᠤ ᠶᠢᠨ ᠲᠦᠯᠦᠭᠡ᠂ ᠣᠯᠠᠨ ᠸᠠᠩ ᠾᠸᠥ ᠶᠢᠨ ᠡᠷᠬᠡ ᠶᠢ ᠶᠡᠬᠡᠪᠡᠷ ᠬᠢᠵᠠᠭᠠᠷᠯᠠᠬᠤ ᠠᠷᠭ᠎ᠠ ᠬᠡᠮᠵᠢᠶ᠎ᠡ ᠠᠪᠴᠠᠢ᠃ ᠢᠩᠭᠢᠵᠥ ᠵᠠᠷᠢᠮ ᠸᠠᠩ ᠨᠡᠷ ᠨᠢ ᠡᠰᠡᠷᠭᠦᠴᠡᠯ ᠭᠠᠷᠭᠠᠵᠤ ᠠᠯᠠᠭᠳᠠᠨ᠂ ᠵᠠᠷᠢᠮ ᠨᠢ ᠬᠡᠷᠭᠢᠮ ᠵᠡᠷᠭᠡ ᠪᠠᠨ ᠬᠤᠰᠣᠭᠳᠠᠭᠰᠠᠨ ᠳᠤ ᠦᠯᠡᠳᠡᠭᠰᠡᠨ ᠪᠣᠰᠣᠳ ᠨᠢ ᠠᠶᠣᠬᠤ ᠶᠢᠨ ᠡᠷᠬᠡᠨ ᠳᠤ ᠬᠤᠶᠢᠨ᠎ᠠ ᠬᠤᠶᠢᠨ᠎ᠠ ᠠᠴᠠ ᠪᠠᠨ ᠣᠷᠪᠠᠵᠣ ᠪᠣᠰᠬᠤ ᠬᠡᠷᠡᠭ ᠵᠣᠷᠢᠭ ᠦᠷᠬᠦᠯᠵᠢᠯᠡᠨ ᠭᠠᠷᠴᠣ᠂ ᠲᠣᠲᠣᠭᠠᠳᠣ ᠶᠢᠨ ᠵᠢᠭᠤᠷᠭᠠᠨ ᠰᠠᠮᠠᠭᠤᠨ ᠲᠠᠰᠣᠷᠠᠰᠢ ᠦᠭᠡᠢ ᠦᠷᠬᠦᠯᠵᠢᠯᠡᠨ᠂ ᠭᠠᠳᠠᠭᠠᠳᠣ ᠳᠠᠭᠠᠨ ᠲᠡᠮᠡᠢ ᠶᠡᠭᠡ ᠰᠠᠨᠠᠭ᠎ᠠ ᠪᠣᠯᠵᠤ ᠠᠮᠵᠢᠬᠤ ᠦᠭᠡᠢ ᠴᠠᠭ ᠦᠶ᠎ᠡ ᠪᠣᠯᠣᠭᠠᠳ ᠪᠠᠶᠢᠵᠠᠢ᠃       ᠶᠠᠭ ᠡᠶᠢᠮᠦᠷᠬᠦ ᠵᠣᠷᠢᠯᠭ᠎ᠠ ᠪᠠᠷ ᠬᠠᠨ ᠭᠤᠣ ᠽᠣ᠋ ᠬᠠᠭᠠᠨ ᠯᠢᠥ ᠪᠠᠩ᠂ ᠲᠣᠯᠣᠭᠠᠨ ᠬᠠᠷᠢ ᠣᠪᠣᠭᠲᠠᠨ ᠤ ᠸᠠᠩ ᠤᠨ ᠨᠢᠭᠡ ᠮᠦᠷᠳᠡᠭᠡᠨ ᠬᠦᠴᠦᠨ ᠴᠢᠳᠠᠯ ᠢᠶᠠᠷ ᠬᠠᠮᠤᠭ ᠲᠣᠷᠣᠢ ᠨᠢᠭᠡᠨ ᠪᠣᠯᠬᠤ ᠬᠠᠨ ᠸᠠᠩ ᠬᠠᠨ ᠰᠢᠨ ᠤ ᠡᠷᠭᠦᠮᠵᠢᠯᠡᠯᠲᠥ ᠨᠣᠳᠤᠭ ᠢ ᠨᠢ ᠪᠣᠯᠢᠶᠠᠨ ᠠᠪᠴᠤ᠂ ᠲᠡᠭᠦᠨ ᠢ ᠾᠦᠩᠨᠦ ᠲᠠᠢ ᠬᠢᠯᠢ ᠵᠠᠯᠭᠠᠵᠤ ᠪᠠᠶᠢᠭ᠎ᠠ ᠬᠢᠵᠠᠭᠠᠷ ᠣᠷᠣᠨ ᠳ᠋ᠠᠢ ᠭᠠᠵᠠᠷ ᠲᠤ ᠲᠠᠬᠢᠨ ᠲᠣᠬᠢᠷᠠᠭᠤᠯᠣᠨ᠂ ᠮᠠ ᠶᠢ ᠭᠡᠳᠡᠭ ᠦᠴᠦᠬᠡᠨ ᠬᠤᠲᠠ ᠳᠤ ᠨᠡᠶᠢᠰᠯᠡᠳᠦᠬᠡᠢ ᠬᠡᠮᠡᠨ ᠶᠠᠪᠣᠭᠤᠯᠣᠭᠰᠠᠨ ᠶᠤᠮ᠃ ᠬᠠᠨ ᠣᠯᠣᠰ ᠤᠨ ᠲᠦᠷᠦ ᠶᠢᠨ ᠠᠩᠬᠠᠨ ᠦᠶ᠎ᠡ ᠪᠠᠷ ᠬᠠᠨ ᠰᠢᠨ ᠨᠡᠷ᠎ᠡ ᠲᠠᠢ ᠬᠦᠮᠦᠨ ᠬᠤᠶᠠᠷ ᠪᠠᠶᠢᠵᠠᠢ᠃ ᠨᠢᠭᠡ ᠨᠢ ᠮᠠᠨ ᠤ ᠠᠳᠡ ᠦᠭᠦᠯᠡᠨ ᠪᠦᠬᠦᠢ ᠬᠠᠨ ᠸᠠᠩ ᠬᠠᠨ ᠰᠢᠨ ᠪᠣᠯ ᠡᠷᠲᠡᠨ ᠤ ᠪᠠᠶᠢᠯᠳᠣᠭᠠᠨᠳᠣ ᠣᠯᠣᠰ ᠤᠨ ᠨᠢᠭᠡᠨ ᠪᠣᠯᠬᠤ ᠬᠠᠨ ᠣᠯᠣᠰ ᠤᠨ ᠸᠠᠩ ᠤᠨ ᠬᠤᠶᠢᠴᠢᠰ ᠮᠦᠷᠳᠡᠭᠡᠨ ᠯᠢᠥ ᠪᠠᠩ ᠤᠨ ᠪᠣᠰᠣᠯᠭ᠎ᠠ ᠶᠢ ᠴᠣᠣᠷᠢᠶᠠᠳᠣᠨ ᠲᠠᠭᠠᠭᠰᠠᠨ ᠭᠠᠪᠢᠶ᠎ᠠ ᠪᠣᠢ ᠶᠢᠨ ᠲᠣᠯᠠ ᠬᠠᠨ ᠸᠠᠩ ᠡᠷᠭᠦᠮᠵᠢᠯᠡᠭᠳᠡᠭᠰᠡᠨ ᠬᠠᠨ ᠰᠢᠨ ᠭᠡᠳᠡᠭ ᠬᠦᠮᠦᠨ ᠶᠤᠮ᠃ ᠨᠦᠭᠦᠭᠡ ᠨᠢ ᠬᠠᠨ ᠣᠯᠣᠰ ᠤᠨ ᠡᠬᠢᠨ ᠦᠶ᠎ᠡ ᠶᠢᠨ ᠴᠡᠷᠢᠭ ᠲᠠᠶᠢᠨ ᠤ ᠡᠷᠲᠡᠮᠳᠡᠨ ᠬᠡᠮᠡᠨ ᠠᠯᠳᠠᠷᠰᠢᠭᠰᠠᠨ ᠬᠤᠸᠠᠢ ᠶᠢᠨ ᠾᠸᠥ ᠬᠡᠷᠭᠢᠮ ᠲᠠᠢ ᠶᠡᠭᠡ ᠵᠠᠩᠵᠣᠨ ᠬᠠᠨ ᠰᠢᠨ ᠪᠣᠯᠣᠨ᠎ᠠ᠃ ᠡᠮᠦᠨᠡᠬᠢ ᠶᠢ ᠨᠢ ᠪᠢᠳᠡ ᠬᠠᠨ ᠸᠠᠩ ᠬᠠᠨ ᠰᠢᠨ ᠭᠡᠵᠥ᠂ ᠬᠤᠶᠢᠨᠠᠬᠢ ᠶᠢ ᠨᠢ ᠬᠤᠸᠠᠢ ᠶᠢᠨ ᠾᠸᠥ ᠬᠠᠨ ᠰᠢᠨ ᠭᠡᠵᠥ ᠲᠣᠲᠣᠳᠬᠠᠶ᠎ᠠ᠃       ᠳ᠋ᠠᠢ ᠭᠠᠵᠠᠷ ᠪᠣᠯ ᠶᠡᠭᠡ ᠲᠦᠯᠦᠪ ᠣᠳᠣᠬᠢ ᠾᠧᠪᠸᠢ ᠮᠣᠵᠢ ᠶᠢᠨ ᠪᠠᠷᠠᠭᠤᠨ ᠬᠤᠶᠢᠨ᠎ᠠ ᠬᠡᠰᠡᠭ ᠪᠣᠯᠣᠨ ᠱᠠᠨ ᠰᠢ ᠮᠣᠵᠢ ᠶᠢᠨ ᠲᠣᠮᠳᠠᠳᠣ ᠵᠡᠭᠦᠨ ᠬᠤᠶᠢᠳᠤ ᠬᠡᠰᠡᠭ ᠢ ᠪᠠᠭᠳᠠᠭᠠᠵᠤ ᠪᠠᠶᠢᠭᠰᠠᠨ ᠨᠣᠳᠤᠭ ᠶᠤᠮ᠃ ᠡᠨᠡ ᠨᠣᠳᠤᠭ ᠬᠠᠨ ᠰᠢᠨ ᠤ ᠠᠩᠬ᠎ᠠ ᠡᠷᠭᠦᠮᠵᠢᠯᠡᠭᠳᠡᠭᠰᠡᠨ ᠨᠣᠳᠤᠭ ᠵᠦᠩ ᠶᠣᠸᠠᠨ ᠣᠷᠣᠨ ᠲᠠᠢ ᠬᠠᠷᠢᠴᠠᠭᠤᠯᠪᠠᠯ ᠬᠦᠮᠦᠨ ᠠᠮᠨ ᠴᠦᠬᠡᠨ᠂ ᠭᠠᠷᠣᠯᠳᠠ ᠪᠠᠭ᠎ᠠ ᠡᠳ᠋ ᠬᠤᠮᠰᠠ ᠶᠠᠳᠠᠭᠤ ᠲᠠᠷᠴᠢᠭ ᠢ ᠬᠡᠯᠡᠬᠦ ᠦᠭᠡᠢ᠂ ᠨᠡᠩ ᠴᠢᠬᠤᠯᠠ ᠨᠢ ᠾᠦᠩᠨᠦ ᠣᠯᠣᠰ ᠲᠠᠢ ᠬᠢᠯᠢ ᠵᠠᠯᠭᠠᠵᠤ ᠲᠠᠶᠢᠨ ᠲᠠᠵᠢᠨ ᠤ ᠠᠶᠣᠯ ᠴᠠᠭ ᠮᠦᠴᠡ ᠨᠢᠭᠤᠷᠯᠠᠵᠣ ᠪᠠᠶᠢᠳᠠᠭ ᠭᠠᠵᠠᠷ ᠪᠠᠶᠢᠵᠠᠢ᠃ ᠡᠶᠢᠮᠦ ᠠᠴᠠ ᠬᠠᠨ ᠸᠠᠩ ᠬᠠᠨ ᠰᠢᠨ ᠤ ᠲᠣᠣᠷᠠᠬᠢ ᠬᠦᠮᠦᠰ ᠬᠡᠯᠡᠯᠭᠡᠨ ᠦᠭᠡᠢ ᠯᠢᠥ ᠪᠠᠩ ᠤᠨ ᠬᠠᠭᠠᠨ ᠲᠦᠷᠦ ᠳᠤ ᠲᠣᠩ ᠶᠡᠭᠡ ᠲᠣᠷ᠎ᠠ ᠦᠭᠡᠶᠢᠴᠡᠬᠦ ᠨᠢ ᠮᠡᠳᠡᠭᠡᠵᠢ ᠶᠢᠨ ᠬᠡᠷᠡᠭ ᠶᠤᠮ᠃ ᠶᠠᠭ ᠡᠨᠡ ᠦᠶ᠎ᠡ ᠪᠠᠷ ᠾᠦᠩᠨᠦ ᠶᠢᠨ ᠴᠡᠷᠢᠭ ᠢᠷᠡᠵᠥ ᠲᠡᠭᠦᠨ ᠤ ᠨᠡᠶᠢᠰᠯᠡᠯ ᠮᠠ ᠶᠢ ᠶᠢ ᠪᠦᠰᠡᠯᠡᠭᠰᠡᠨ᠎ᠡ᠂ ᠬᠠᠨ ᠰᠢᠨ ᠬᠠᠭᠠᠨ ᠲᠦᠷᠦ ᠳᠡᠭᠡᠨ ᠭᠠᠯ ᠮᠡᠳᠦ ᠲᠦᠷᠭᠡᠨ ᠲᠣᠰᠠᠯᠠᠬᠤ ᠴᠡᠷᠢᠭ ᠢᠢᠷᠡᠭᠦᠯᠬᠦ ᠪᠣᠯᠪᠠᠣ ᠬᠡᠮᠡᠨ ᠬᠤᠶᠢᠨ᠎ᠠ ᠬᠤᠶᠢᠨ᠎ᠠ ᠠᠴᠠ ᠨᠢ ᠡᠯᠴᠢ ᠲᠣᠪᠳᠣᠯᠭᠠᠭᠰᠠᠨ ᠴᠦ ᠬᠠᠭᠠᠨ ᠲᠦᠷᠦ ᠨᠢ ᠡᠯᠳᠡᠪ ᠰᠢᠯᠳᠠᠭ ᠢᠶᠠᠷ ᠴᠡᠷᠢᠭ ᠭᠠᠷᠴᠤ ᠲᠡᠭᠦᠨ ᠢ ᠲᠣᠰᠠᠯᠠᠭᠰᠠᠨ ᠦᠭᠡᠢ ᠪᠣᠯᠬᠤᠷ᠂ ᠲᠡᠷᠡ ᠠᠷᠭ᠎ᠠ ᠦᠭᠡᠢ ᠾᠦᠩᠨᠦ ᠣᠯᠣᠰ ᠲᠤ ᠪᠠᠭᠤᠵᠤ ᠦᠭᠴᠡᠢ᠃ ᠲᠡᠭᠡᠭᠡᠳ ᠾᠦᠩᠨᠦ ᠶᠢᠨ ᠲᠠᠯ᠎ᠠ ᠠᠴᠠ ᠲᠡᠭᠦᠨ ᠲᠠᠢ ᠠᠯᠢ ᠲᠠᠯ᠎ᠠ ᠨᠢ ᠲᠠᠶᠢᠨ  ᠳᠤ ᠨᠢᠭᠤᠷᠯᠠᠪᠠᠯ ᠨᠦᠭᠦᠭᠡ ᠲᠠᠯ᠎ᠠ ᠨᠢ ᠵᠠᠪᠠᠯ ᠴᠡᠷᠢᠭ ᠭᠠᠷᠴᠣ ᠬᠠᠷᠢᠯᠴᠠᠨ ᠲᠣᠰᠠᠯᠠᠬᠤ ᠪᠠᠷ ᠣᠷᠢᠳᠠᠯ ᠨᠦᠬᠦᠴᠡᠯ ᠪᠣᠯᠭᠠᠨ ᠪᠣᠯᠵᠤᠭ᠎ᠠ ᠲᠣᠭᠳᠠᠨ᠂ ᠲᠡᠭᠦᠨ ᠢ ᠣᠯᠣᠰ  ᠲᠤᠨᠢ ᠲᠠᠯᠪᠢᠨ ᠶᠠᠪᠣᠭᠤᠯᠵᠠᠢ᠃      ᠡᠶᠢᠮᠦ ᠠᠴᠠ ᠬᠠᠨ ᠰᠢᠨ ᠪᠣᠯᠣᠨ ᠲᠡᠭᠦᠨ ᠤ ᠭᠠᠷ ᠲᠣᠣᠷᠠᠬᠢ ᠵᠠᠩᠵᠣᠨ ᠨᠡᠷ ᠨᠢ ᠶᠠᠪᠣᠬᠤ ᠲᠤᠲᠤᠮ ᠬᠠᠨ ᠣᠯᠣᠰ ᠤᠨ ᠬᠠᠭᠠᠨ ᠲᠦᠷᠦ ᠶᠢ ᠨᠢᠳᠣᠨ ᠳᠡᠭᠡᠨ ᠬᠠᠪᠴᠢᠬᠤ ᠦᠭᠡᠢ ᠪᠣᠯᠵᠤ᠂ ᠾᠦᠩᠨᠦ ᠶᠢᠨ ᠨᠡᠷ᠎ᠡ ᠶᠢ ᠡᠷᠭᠦᠨ ᠲᠠᠬᠢᠨ ᠲᠠᠪᠳᠠᠨ ᠡᠮᠦᠨᠡᠰᠢ ᠲᠦᠷᠢᠵᠥ ᠪᠣᠯᠢᠶᠠᠨ ᠲᠡᠭᠡᠷᠡᠮᠳᠡᠬᠦ ᠪᠣᠯᠵᠠᠢ᠃ ᠲᠠᠪᠰᠢᠭᠤᠷᠠᠭᠰᠠᠭᠠᠷ ᠪᠠᠶᠢᠵᠤ ᠲᠣᠬᠠᠢ ᠶᠢᠨ ᠦᠶ᠎ᠡ ᠶᠢᠨ ᠱᠠᠨ ᠰᠢ ᠮᠣᠵᠢ ᠶᠢᠨ ᠬᠠᠮᠤᠭ ᠶᠡᠭᠡ ᠬᠤᠲᠠ ᠲᠠᠢ ᠶᠣᠸᠠᠨ ᠪᠣᠯᠣᠨ ᠶᠢᠨ ᠶᠠᠩ ᠢ ᠬᠦᠷᠲᠡᠯ᠎ᠡ ᠪᠣᠯᠢᠶᠠᠨ ᠲᠡᠭᠡᠷᠡᠮᠳᠡᠬᠦ ᠬᠡᠮᠵᠢᠶᠡᠨ ᠳᠤ ᠬᠦᠷᠪᠡ ᠃ ᠯᠢᠥ ᠪᠠᠩ ᠦᠪᠡᠷ ᠤᠨ ᠬᠠᠭᠠᠨ ᠰᠠᠭᠤᠷᠢᠨ ᠢᠶᠠᠨ ᠵᠢᠭᠠᠬᠠᠨ ᠲᠦᠪᠬᠢᠨᠡᠭᠦᠯᠦᠮᠡᠭᠴᠡ ᠪᠠᠨ ᠡᠨᠡᠬᠦ ᠵᠢᠷᠦᠬᠡ ᠰᠡᠳᠭᠢᠯ ᠤᠨ ᠶᠡᠭᠡ ᠵᠣᠪᠠᠯᠠᠩ ᠪᠣᠯᠣᠭᠰᠠᠨ ᠬᠠᠨ ᠸᠠᠩ ᠬᠠᠨ ᠰᠢᠨ ᠢ ᠪᠠᠭᠳᠠᠭᠠᠭᠰᠠᠨ ᠣᠷᠪᠠᠭᠰᠠᠨ ᠸᠠᠩ ᠨᠡᠷ ᠢᠶᠠᠨ ᠵᠠᠪᠠᠯ ᠲᠠᠷᠣᠩᠭᠤᠶᠢᠯᠠᠬᠤ ᠪᠠᠷ ᠪᠦᠬᠦ ᠣᠯᠣᠰ ᠤᠨ ᠭᠤᠴᠢᠨ ᠬᠤᠶᠠᠷ ᠲᠦᠮᠡᠨ ᠮᠣᠷᠢᠳᠣ ᠶᠠᠪᠠᠭᠨ ᠶᠡᠭᠡ ᠴᠡᠷᠢᠭ ᠢᠶᠠᠨ ᠲᠠᠶᠢᠴᠢᠯᠠᠨ ᠮᠣᠷᠳᠠᠨ ᠭᠠᠷᠪᠠ᠃ ᠬᠠᠨ ᠰᠢᠨ ᠴᠢᠮᠡᠭᠡ ᠣᠯᠣᠮᠠᠭᠴᠠ ᠪᠠᠨ ᠾᠦᠩᠨᠦ ᠶᠢᠨ ᠪᠣᠭᠳᠠ ᠴᠠᠨ ᠢᠥᠢ ᠳᠤ ᠡᠯᠴᠢ ᠢᠯᠡᠭᠡᠨ ᠲᠣᠰᠠᠯᠠᠷ᠎ᠠ ᠢᠷᠡᠬᠦ ᠪᠣᠯᠪᠠᠤ ᠬᠡᠮᠡᠨ ᠭᠤᠶᠣᠴᠢᠯᠠᠯ ᠡᠷᠭᠦᠪᠡ᠃ ᠢᠩᠭᠢᠭᠡᠳ ᠪᠣᠭᠳᠠ ᠴᠠᠨ ᠢᠥᠢ ᠴᠦ ᠶᠡᠭᠡ ᠴᠡᠷᠢᠭ ᠢᠶᠠᠨ ᠲᠠᠶᠢᠴᠢᠯᠠᠨ ᠬᠠᠨ ᠣᠯᠣᠰ ᠤᠨ ᠬᠢᠯᠢ ᠳᠤ ᠣᠷᠣᠪᠠ᠃ ᠭᠡᠪᠡᠴᠦ ᠬᠠᠨ ᠸᠠᠩ ᠬᠠᠨ ᠰᠢᠨ ᠤ ᠴᠡᠷᠢᠭ ᠭᠠᠭᠴᠠᠬᠠᠨ ᠣᠳᠠᠭᠠᠨ ᠤ ᠲᠠᠶᠢᠨ ᠢᠶᠠᠷ ᠯᠢᠥ ᠪᠠᠩ ᠤᠨ ᠴᠡᠷᠢᠭ ᠲᠤ ᠢᠯᠠᠭᠳᠠᠨ ᠰᠠᠷᠨᠢᠨ ᠪᠣᠷᠣᠭᠤᠯᠠᠪᠠ᠃ ᠡᠨᠡ ᠦᠶ᠎ᠡ ᠪᠠᠷ ᠪᠣᠭᠳᠠ ᠴᠠᠨ ᠢᠥᠢ ᠴᠦᠬᠡᠨ ᠲᠣᠭᠠᠨ ᠤ ᠪᠠᠭᠤᠷᠠᠢ ᠴᠡᠷᠢᠭ ᠢᠶᠠᠨ ᠭᠠᠷᠭᠠᠨ ᠶᠢᠨ ᠶᠠᠩ ᠳᠤ ᠢᠯᠡᠭᠡᠨ ᠬᠠᠨ ᠣᠯᠣᠰ ᠤᠨ ᠶᠡᠭᠡ ᠴᠡᠷᠢᠭ ᠢ ᠦᠳᠦᠭᠡᠨ ᠣᠮᠠᠷᠠᠰᠢ ᠨᠡᠬᠡᠭᠦᠯᠵᠥ᠂ ᠦᠪᠡᠷ ᠢᠶᠠᠨ ᠵᠢᠩᠬᠢᠨᠢ ᠭᠤᠣᠯ ᠬᠦᠴᠦ ᠪᠠᠨ ᠫᠢᠩ ᠴᠧᠩ ᠬᠤᠳᠠ ︵ᠣᠳᠣᠬᠢ ᠳ᠋ᠠ ᠲᠥᠩ ᠬᠤᠳᠠ︶ ᠶᠢᠨ ᠣᠶᠢᠷᠠᠯᠴᠠᠭ᠎ᠠ ᠪᠠᠢ ᠳ᠋ᠧᠩ ᠱᠠᠨ ᠭᠡᠳᠡᠭ ᠠᠭᠤᠯᠠᠨ ᠳᠤ ᠪᠦᠭᠬᠦᠨ᠂ ᠬᠠᠨ ᠣᠯᠣᠰ ᠤᠨ ᠴᠡᠷᠢᠭ ᠢ ᠬᠤᠯᠠ ᠵᠠᠮ ᠠᠶᠠᠯᠠᠭᠤᠯᠣᠨ ᠵᠦᠳᠡᠭᠡᠵᠥ ᠪᠠᠶᠢᠭᠠᠳ ᠪᠠᠶᠢᠯᠳᠣᠬᠤ ᠪᠠᠷ ᠪᠡᠯᠡᠳᠭᠡᠨ ᠬᠦᠯᠢᠶᠡᠵᠠᠢ᠃       ᠬᠠᠨ ᠣᠯᠣᠰ ᠤᠨ ᠣᠯᠠᠨ ᠵᠠᠩᠵᠣᠨ ᠨᠠᠷ ᠤᠨ ᠦᠵᠡᠬᠦ ᠪᠠᠷ ᠾᠦᠩᠨᠦ ᠶᠢᠨ ᠶᠢᠨ ᠶᠠᠩ ᠳᠤ ᠢᠷᠡᠭᠰᠡᠨ ᠴᠡᠷᠢᠭ᠂ ᠦᠩᠭᠡᠷᠡᠭᠰᠡᠨ ᠤ ᠬᠦᠮᠦᠰ ᠤᠨ ᠬᠡᠯᠡᠯᠴᠡᠬᠦ ᠮᠡᠳᠦ ᠲᠡᠶᠢᠮᠦ ᠠᠶᠢᠬᠤᠪᠳᠣᠷ ᠴᠡᠷᠢᠭ ᠪᠢᠰᠢ ᠪᠠᠶᠢᠨ᠎ᠠ ᠬᠡᠮᠡᠨ ᠣᠮᠠᠷᠠᠰᠢ ᠨᠡᠬᠡᠶ᠎ᠡ ᠭᠡᠵᠥ ᠭᠤᠶᠣᠴᠢᠯᠠᠪᠠ᠃ ᠯᠢᠥ ᠪᠠᠩ ᠤᠨ ᠦᠵᠡᠬᠦ ᠪᠠᠷ ᠬᠡᠷᠰᠡᠥ ᠣᠷᠣᠬᠤ ᠨᠢ ᠬᠠᠮᠤᠭ ᠮᠡᠷᠭᠡᠨ ᠠᠷᠭ᠎ᠠ ᠬᠡᠮᠡᠨ ᠲᠠᠬᠢᠨ ᠲᠠᠪᠳᠠᠨ ᠾᠦᠩᠨᠦ ᠶᠢᠨ ᠴᠠᠨ ᠢᠥᠢ ᠳᠤ ᠡᠯᠴᠢ ᠢᠯᠡᠭᠡᠨ᠂ ᠠᠮᠠᠨ ᠲᠡᠭᠡᠷ᠎ᠡ ᠪᠠᠨ ᠣᠷᠪᠠᠭᠰᠠᠨ ᠬᠤᠯᠠᠭᠠᠢ ᠬᠠᠨ ᠰᠢᠨ ᠲᠠᠢ ᠪᠠᠶᠢᠯᠳᠣᠨ᠎ᠠ᠂ ᠾᠦᠩᠨᠦ ᠲᠠᠢ ᠲᠠᠶᠢᠳᠣᠬᠤ ᠦᠭᠡᠢ ᠬᠡᠮᠡᠨ ᠬᠡᠯᠡᠯᠴᠡᠭᠡ ᠬᠢᠵᠥ ᠣᠬᠠᠭᠠᠯᠠᠵᠣ ᠪᠠᠶᠢᠪᠠᠴᠣ᠂  ᠠᠯᠣᠰ ᠴᠠᠭᠠᠨ᠎ᠠ ᠪᠠᠨ ᠾᠦᠩᠨᠦ ᠶᠢᠨ ᠴᠡᠷᠢᠭ ᠤᠨ ᠦᠨᠡᠨ ᠪᠠᠶᠢᠳᠠᠯ ᠢ ᠲᠠᠩᠨᠠᠵᠣ ᠮᠡᠳᠡᠬᠦ ᠪᠠᠷ ᠴᠢᠷᠮᠠᠶᠢᠨ ᠣᠷᠣᠯᠳᠣᠵᠣ ᠪᠠᠶᠢᠵᠠᠢ᠃ ᠲᠡᠭᠦᠨ ᠤ ᠪᠣᠳᠣᠬᠤ ᠪᠠᠷ ᠨᠠᠭᠠᠳᠣ ᠵᠠᠬ᠎ᠠ ᠨᠢ ᠾᠦᠩᠨᠦ ᠬᠦᠮᠦᠰ ᠲᠠᠢ ᠲᠠᠶᠢᠯᠠᠯᠳᠣᠬᠤ ᠦᠭᠡᠢ  ᠪᠠᠷ ᠲᠡᠳᠡᠨᠡᠷ ᠢ ᠬᠢᠯᠢ ᠠᠴᠠ ᠬᠦᠭᠡᠭᠡᠨ ᠭᠠᠷᠭᠠᠪᠠᠴᠤ ᠲᠡᠭᠦᠨ ᠳᠤ ᠠᠰᠢᠭ ᠲᠠᠢ ᠬᠡᠷᠡᠭ ᠭᠡᠵᠥ ᠪᠣᠳᠣᠵᠠᠢ᠂ ᠣᠴᠢᠷ ᠨᠢ ᠲᠣᠬᠠᠢ ᠶᠢᠨ ᠦᠶ᠎ᠡ ᠳᠤ ᠴᠧᠨ ᠰᠢ ᠴᠦ ᠣᠷᠪᠠᠭᠠᠳ ᠪᠠᠶᠢᠭᠰᠠᠨ ᠪᠣᠯᠬᠤᠷ ᠠᠳᠡ ᠠᠴᠠ ᠴᠢᠨᠠᠭᠰᠢ ᠪᠠᠰᠠ ᠴᠧᠨ ᠰᠢ ᠶᠢ ᠲᠠᠷᠣᠩᠭᠤᠶᠢᠯᠠᠬᠤ ᠴᠢᠬᠤᠯᠠ ᠲᠠᠢ ᠪᠠᠶᠢᠵᠠᠢ᠃ ᠾᠦᠩᠨᠦ ᠶᠢᠨ ᠲᠠᠯ᠎ᠠ ᠴᠦ ᠦᠪᠡᠷ ᠤᠨ ᠠᠯᠢᠪᠠ ᠪᠡᠯᠡᠳᠭᠡᠯ ᠠᠵᠢᠯ ᠢᠶᠠᠨ ᠠᠮᠵᠢᠭᠤᠯᠣᠨ ᠬᠢᠵᠥ᠂ ᠰᠢᠯᠢᠳᠡᠭ ᠴᠢᠬᠢᠷᠠᠭ ᠴᠡᠷᠢᠭ ᠢᠶᠠᠨ ᠨᠢᠭᠡᠴᠥ ᠮᠡᠳᠡᠭᠳᠡᠭᠰᠡᠨ ᠦᠭᠡᠢ ᠨᠢᠭᠤᠵᠤ ᠪᠠᠶᠢᠪᠠ᠃ ᠣᠯᠠᠨ ᠣᠳᠠᠭᠠᠨ ᠤ ᠡᠯᠴᠢ ᠬᠠᠷᠢᠯᠴᠠᠬᠤ ᠪᠠᠷ ᠲᠠᠮᠵᠢᠨ ᠾᠦᠩᠨᠦ ᠶᠢᠨ ᠴᠡᠷᠢᠭ ᠰᠠᠨᠠᠭᠠᠨ ᠠᠴᠠ ᠭᠠᠳᠠᠭᠤᠷ ᠪᠠᠭᠤᠷᠠᠢ ᠭᠡᠳᠡᠭ ᠪᠣᠷᠣᠭᠤ ᠣᠶᠢᠯᠭᠠᠯᠳᠠ ᠣᠯᠣᠭᠰᠠᠨ ᠬᠠᠨ ᠣᠯᠣᠰ ᠤᠨ ᠬᠠᠭᠠᠨ ᠵᠠᠩᠵᠣᠨ ᠨᠡᠷ ᠦᠷᠬᠦᠯᠵᠢᠯᠡᠨ ᠣᠮᠠᠷᠠᠰᠢ ᠲᠣᠪᠳᠣᠯᠣᠨ᠂ ᠾᠦᠩᠨᠦᠴᠦᠳ ᠢ ᠬᠢᠯᠢ ᠭᠠᠷᠬᠤ ᠠᠴᠠ ᠡᠮᠦᠨ᠎ᠡ ᠵᠠᠪᠳᠣᠨ ᠣᠰᠠᠳᠬᠠᠬᠤ ᠪᠠᠷ ᠪᠠᠵᠠᠭᠠᠨ ᠶᠡᠭᠡ ᠴᠡᠷᠢᠭ ᠢᠶᠠᠨ ᠰᠢᠪᠠᠳᠠᠨ ᠣᠮᠠᠷᠠᠰᠢᠢ ᠲᠣᠪᠳᠣᠯᠭᠠᠪᠠ᠃ ᠲᠣᠬᠠᠢ ᠶᠢᠨ ᠦᠶ᠎ᠡ ᠡᠪᠦᠯ ᠪᠣᠯᠣᠭᠠᠳ᠂ ᠴᠠᠰᠣ ᠪᠣᠷᠣᠭᠠᠨ ᠬᠤᠯᠢᠯᠳᠣᠨ ᠣᠷᠣᠵᠤ ᠮᠠᠰᠢ ᠬᠦᠢᠳᠡᠨ ᠪᠠᠶᠢᠭᠰᠠᠨ ᠴᠦ ᠡᠳᠦᠷ ᠲᠠᠷᠠᠭᠠᠯᠠᠨ ᠴᠡᠷᠢᠭ ᠮᠣᠷᠢᠳ ᠢᠶᠠᠨ ᠲᠦᠷᠭᠡᠨ ᠲᠣᠪᠳᠣᠯᠭᠠᠭᠰᠠᠨ ᠤ ᠣᠯᠠᠮ ᠢᠶᠠᠷ ᠬᠠᠨ ᠣᠯᠣᠰ ᠤᠨ ᠲᠣᠯᠣᠭᠠᠨ ᠲᠦᠮᠡ ᠭᠠᠷᠣᠢ ᠮᠣᠷᠢᠳᠣ ᠴᠡᠷᠢᠭ ᠨᠢ ᠫᠢᠩ ᠴᠧᠩ ᠣᠶᠢᠷᠠᠳᠴᠣ ᠢᠷᠡᠲᠡᠯ᠎ᠡ᠂ ᠶᠠᠪᠠᠭᠠᠨ ᠴᠡᠷᠢᠭ ᠨᠢ ᠮᠣᠷᠢᠳᠤ ᠴᠡᠷᠢᠭ ᠠᠴᠠ ᠪᠠᠨ ᠬᠤᠯᠠ ᠲᠠᠰᠣᠷᠠᠨ ᠬᠤᠶᠢᠨ᠎ᠠ ᠬᠤᠴᠣᠷᠴᠡᠢ᠃ ᠰᠣᠳᠣᠷ ᠲᠡᠮᠳᠡᠭᠯᠡᠯ ᠳᠤ ᠲᠡᠮᠳᠡᠭᠯᠡᠭᠰᠡᠨ ᠢᠶᠠᠷ ᠬᠠᠨ ᠣᠯᠣᠰ ᠤᠨ ᠴᠡᠷᠢᠭ ᠡᠷᠡᠰ ᠴᠠᠰᠣ ᠪᠣᠷᠣᠭᠠᠨ ᠰᠦᠷᠦᠨ ᠣᠷᠣᠭᠰᠢᠯᠠᠵᠤ᠂ ᠬᠦᠢᠲᠡᠨ ᠳᠤ ᠢᠯᠳᠦ ᠵᠢᠳᠡ ᠪᠠᠨ ᠠᠳᠬᠤᠵᠤ ᠴᠢᠳᠠᠬᠤ ᠦᠭᠡᠢ ᠪᠣᠯᠵᠤ᠂ ᠭᠠᠷ ᠤᠨ ᠬᠤᠷᠣᠭᠤ ᠪᠠᠨ ᠬᠦᠯᠳᠡᠭᠡᠨ ᠣᠨᠠᠭᠠᠰᠠᠳ ᠠᠷᠪᠠᠨ ᠤ ᠬᠤᠶᠠᠷ ᠭᠤᠷᠪᠠ ᠪᠠᠶᠢᠯ᠎ᠠ ᠭᠡᠵᠡᠢ᠃ ᠶᠠᠮᠠᠷ ᠪᠠᠶᠢᠭᠰᠠᠨ ᠴᠦ ᠬᠠᠨ ᠣᠯᠣᠰ ᠤᠨ ᠮᠣᠷᠢᠳᠣ ᠴᠡᠷᠢᠭ ᠪᠠᠢ ᠳ᠋ᠧᠩ ᠱᠠᠨ ᠠᠭᠤᠯᠠ ᠣᠶᠢᠷᠠᠳᠣᠨ ᠬᠦᠷᠬᠦ ᠦᠶ᠎ᠡ ᠳᠤ ᠾᠦᠩᠨᠦ ᠶᠢᠨ ᠴᠡᠷᠢᠭ ᠬᠠᠨ ᠣᠯᠣᠰ ᠤᠨ ᠴᠡᠷᠢᠭ ᠤᠨ ᠡᠮᠦᠨ᠎ᠡ ᠲᠠᠯ᠎ᠠ ᠳᠤ ᠦᠷᠬᠦᠯᠵᠢᠯᠡᠨ ᠣᠮᠠᠷᠠᠰᠢ ᠪᠣᠷᠣᠭᠤᠯᠠᠵᠤ ᠪᠠᠶᠢᠭ᠎ᠠ ᠨᠢ ᠬᠠᠷᠠᠭᠳᠠᠵᠠᠢ᠃ ᠯᠢᠥ ᠪᠠᠩ ᠵᠠᠷᠯᠢᠭ ᠣᠯᠠᠮᠵᠢᠯᠠᠨ᠂ ᠲᠠᠶᠢᠰᠣᠨ ᠢ ᠬᠢᠯᠢ ᠭᠠᠷᠬᠤ ᠠᠴᠠ ᠡᠮᠦᠨ᠎ᠡ ᠲᠠᠷᠣᠨ ᠣᠰᠠᠳᠬᠠᠭᠴᠢᠳ ᠲᠤ ᠬᠦᠨᠳᠦᠳᠡ ᠱᠠᠩ ᠬᠦᠷᠲᠡᠭᠡᠮᠦᠢ ᠬᠡᠮᠡᠨ ᠴᠡᠷᠢᠭ ᠵᠠᠩᠵᠣᠨ ᠢᠶᠠᠨ ᠬᠦᠬᠢᠭᠦᠯᠦᠨ ᠲᠣᠪᠳᠣᠯᠭᠠᠨ ᠣᠷᠣᠪᠠ᠃ ᠦᠵᠡᠳᠡᠯ᠎ᠡ ᠲᠠᠶᠢᠰᠣᠨ ᠢᠶᠠᠨ ᠨᠡᠬᠡᠵᠥ ᠠᠮᠵᠢᠲᠠᠯ᠎ᠠ᠂ ᠭᠡᠨᠡᠳᠲᠡ ᠪᠠᠷ ᠠᠭᠤᠯᠠᠨ ᠬᠤᠶᠠᠷ ᠬᠠᠵᠠᠭᠤ ᠠᠴᠠ ᠾᠦᠩᠨᠦ ᠶᠢᠨ ᠬᠡᠳᠦᠨ ᠲᠦᠮᠡᠨ ᠮᠣᠷᠢᠳᠣ ᠴᠡᠷᠢᠭ ᠲᠠᠭᠠᠷᠢᠨ ᠭᠠᠷᠴᠣ ᠢᠷᠡᠨ᠂ ᠬᠠᠨ ᠣᠯᠣᠰ ᠤᠨ ᠴᠡᠷᠢᠭ ᠢ ᠬᠦᠳᠡᠯᠵᠥ ᠪᠠᠷᠢᠵᠣ ᠠᠮᠵᠢᠬᠤ ᠠᠴᠠ ᠡᠮᠦᠨ᠎ᠡ ᠲᠠᠪᠬᠤᠷ ᠲᠠᠪᠬᠤᠷ ᠪᠦᠰᠡᠯᠡᠨ ᠠᠪᠣᠪᠠ᠃ ᠠᠳᠡ ᠬᠦᠷᠦᠭᠡᠳ ᠬᠠᠨ ᠣᠯᠣᠰ ᠤᠨ ᠬᠠᠭᠠᠨ ᠳᠦᠰᠢᠮᠡᠳ ᠠᠴᠠ ᠴᠡᠷᠢᠭ ᠡᠷᠡᠰ ᠬᠦᠷᠳᠡᠯ᠎ᠡ ᠨᠢᠳᠦ ᠨᠢ ᠪᠦᠷ ᠣᠳᠣ ᠪᠣᠯᠵᠤ ᠣᠷᠣᠢ ᠲᠡᠭᠡᠷ᠎ᠡ ᠪᠠᠨ ᠭᠠᠷᠴᠠᠢ᠃ ᠣᠪᠣᠨ ᠴᠣᠪᠣᠨ ᠡᠮᠦᠨ᠎ᠡ ᠨᠢ ᠲᠣᠳᠠᠭᠠᠵᠤ ᠪᠠᠶᠢᠭᠰᠠᠨ ᠾᠦᠩᠨᠦ ᠴᠡᠷᠢᠭ ᠲᠠᠢ ᠬᠠᠷᠢᠴᠠᠭᠤᠯᠪᠠᠯ᠂ ᠡᠨᠡ ᠰᠠᠶ᠋ᠢ ᠾᠦᠩᠨᠦ ᠶᠢᠨ ᠰᠢᠯᠢᠳᠡᠭ ᠴᠡᠷᠢᠭ ᠪᠠᠶᠢᠵᠣ᠂ ᠵᠢᠳᠠ ᠢᠯᠳᠦ ᠲᠤᠭ ᠬᠢᠬᠢᠷᠢ ᠨᠠᠷᠠ ᠰᠠᠷᠠᠨ ᠢ ᠬᠠᠯᠬᠠᠯᠠᠨ᠂ ᠬᠤᠶᠠᠭ ᠲᠣᠭᠤᠯᠭ᠎ᠠ ᠠᠴᠠ ᠭᠡᠷᠡᠯ ᠰᠠᠴᠣᠷᠠᠨ᠂ ᠬᠠᠨ ᠣᠯᠣᠰ ᠤᠨ ᠴᠡᠷᠢᠭ ᠢ ᠬᠡᠳᠦᠨ ᠲᠠᠪᠬᠤᠷ ᠬᠤᠮᠣᠷᠭᠠᠯᠠᠨ ᠠᠪᠣᠪᠠ᠃ ᠬᠠᠨ ᠣᠯᠣᠰ ᠤᠨ ᠮᠣᠷᠢᠳᠣ ᠴᠡᠷᠢᠭ ᠨᠡᠶᠢᠲᠡ ᠲᠣᠯᠣᠭᠠᠨ ᠲᠦᠮᠡ ᠪᠠᠶᠢᠯᠤᠭ᠎ᠠ ᠭᠡᠵᠥ ᠲᠡᠣᠬᠡ ᠰᠣᠳᠣᠷ ᠲᠤ ᠲᠡᠮᠳᠡᠭᠯᠡᠵᠡᠢ᠃ ᠡᠨᠡ ᠲᠣᠯᠣᠭᠠᠨ ᠲᠦᠮᠡᠨ ᠴᠡᠷᠢᠭ ᠲᠣᠲᠣᠷ᠎ᠠ ᠲᠡᠷᠡ ᠪᠦᠬᠦᠨ ᠢᠶᠠᠷ ᠢᠶᠠᠨ ᠪᠦᠷ ᠮᠣᠷᠢ ᠣᠨᠣᠭᠰᠠᠨ ᠮᠣᠷᠢᠲᠤ ᠴᠡᠷᠢᠭ ᠪᠢᠰᠢ᠂ ᠬᠠᠷᠢᠨ ᠨᠡᠯᠢᠶᠡᠳ ᠲᠣᠭᠠᠨ ᠤ ᠮᠣᠷᠢᠳᠣ ᠴᠡᠷᠢᠭ ᠨᠢ ᠪᠣᠳᠠᠳᠠᠢ ᠬᠡᠯᠡᠪᠡᠯ ᠮᠣᠷᠢᠨ ᠲᠡᠷᠭᠡᠳᠥ ᠴᠡᠷᠢᠭ ᠪᠠᠶᠢᠵᠠᠢ᠃ ᠮᠣᠷᠢᠨ ᠲᠡᠷᠭᠡᠳᠦ ᠴᠡᠷᠢᠭ ᠪᠣᠯ ᠮᠣᠷᠢ ᠣᠨᠣᠵᠤ ᠲᠠᠶᠢᠯᠠᠯᠳᠣᠵᠤ ᠴᠢᠳᠠᠬᠤ ᠦᠭᠡᠢ ᠪᠣᠶᠣ ᠮᠣᠷᠢ ᠣᠨᠣᠵᠤ ᠲᠠᠶᠢᠯᠠᠯᠳᠣᠬᠤ ᠲᠣᠨᠤᠭ ᠬᠡᠷᠡᠭᠰᠡᠨ ᠭᠦᠢᠴᠡᠳ ᠦᠭᠡᠢ ᠬᠢᠲᠠᠳ ᠬᠦᠮᠦᠰ ᠤᠨ ᠦᠪᠡᠷ ᠤᠨ ᠪᠠᠶᠢᠳᠠᠯ  ᠳᠠᠭᠠᠨ ᠲᠣᠬᠢᠷᠠᠭᠤᠯᠣᠭᠰᠠᠨ ᠴᠡᠷᠢᠭ ᠠᠩᠬᠢ ᠠᠵᠠᠢ᠃ ᠯᠢᠥ ᠪᠠᠩ ᠲᠡᠷᠡ ᠲᠣᠣᠷ᠎ᠠ ᠪᠠᠨ ᠴᠡᠷᠢᠭ ᠤᠨ ᠲᠡᠷᠭᠡ ᠪᠠᠷ ᠭᠠᠳᠠᠭᠤᠷ ᠢᠶᠠᠨ ᠬᠦᠷᠢᠶ᠎ᠡ ᠲᠠᠳᠠᠨ ᠾᠦᠩᠨᠦ ᠶᠢᠨ ᠮᠣᠷᠢᠳᠣ ᠴᠡᠷᠢᠭ ᠤᠨ ᠲᠠᠭᠠᠷᠢᠯᠲᠠ ᠶᠢ ᠬᠤᠷᠢᠭᠯᠠᠵᠤ᠂ ᠲᠡᠷᠭᠡᠨ ᠵᠢᠬᠰᠠᠭᠠᠯ ᠤᠨ ᠲᠣᠲᠣᠷ᠎ᠠ ᠪᠠᠨ ᠬᠦᠴᠦᠳᠥ ᠨᠣᠮᠣ ᠪᠠᠷᠢᠭᠰᠠᠨ ᠴᠡᠷᠢᠭ ᠢᠶᠠᠨ ᠬᠡᠳᠦᠨ ᠲᠠᠪᠬᠤᠷ ᠵᠢᠬᠰᠠᠭᠠᠨ᠂ ᠾᠦᠩᠨᠦ ᠴᠡᠷᠢᠭ ᠣᠶᠢᠷᠠᠳᠣᠨ ᠢᠷᠡᠪᠡᠯ ᠬᠠᠷᠪᠣᠨ ᠬᠤᠷᠢᠭᠯᠠᠵᠤ ᠪᠠᠶᠢᠪᠠ᠃ ᠬᠠᠨ ᠣᠯᠣᠰ ᠤᠨ ᠴᠡᠷᠢᠭ ᠡᠨᠡ ᠮᠡᠳᠦ ᠪᠠᠷ ᠪᠦᠰᠡᠯᠡᠭᠳᠡᠨ᠂ ᠲᠣᠯᠣᠭᠠᠨ ᠡᠳᠦᠷ ᠲᠣᠯᠣᠭᠠᠨ ᠰᠦᠨᠢ ᠦᠯ ᠬᠤᠭᠤᠯᠠ ᠦᠭᠡᠢ ᠮᠦᠷᠳᠡᠭᠡᠨ ᠬᠤᠶᠢᠨ᠎ᠠ ᠬᠤᠴᠣᠷᠣᠭᠰᠠᠨ ᠶᠠᠪᠠᠭᠠᠨ ᠴᠡᠷᠢᠭ ᠲᠠᠢ ᠪᠠᠨ ᠴᠢᠮᠡᠭᠡ ᠮᠡᠳᠡᠭᠡ ᠲᠠᠰᠣᠷᠠᠨ᠂ ᠬᠠᠷᠢᠯᠴᠠᠨ ᠶᠠᠮᠠᠷᠴᠣ ᠬᠤᠯᠪᠣᠭ᠎ᠠ ᠠᠪᠴᠣ ᠴᠢᠳᠠᠭᠰᠠᠨ ᠦᠭᠡᠢ ᠠᠵᠠᠢ᠃ ᠾᠦᠩᠨᠦ ᠴᠡᠷᠢᠭ᠂ ᠬᠠᠨ ᠣᠯᠣᠰ ᠤᠨ ᠴᠡᠷᠢᠭ ᠤᠨ ᠪᠦᠰᠡᠯᠡᠯᠲᠡ ᠶᠢᠨ ᠭᠠᠳᠠᠭᠤᠷ ᠲᠦᠷᠪᠡᠨ ᠲᠠᠯ᠎ᠠ ᠪᠠᠷ ᠠᠭᠳᠠᠨ ᠤ ᠦᠩᠭᠡ ᠪᠠᠷ ᠢᠯᠭᠠᠷᠠᠭᠰᠠᠨ ᠮᠣᠷᠢᠳᠣ ᠴᠡᠷᠢᠭ ᠪᠦᠰᠡᠯᠡᠵᠥ᠂ ᠡᠮᠦᠨ᠎ᠡ ᠲᠠᠯ᠎ᠠ ᠪᠠᠷ ᠰᠢᠷᠭ᠎ᠠ ᠮᠣᠷᠢᠳᠣ ᠴᠡᠷᠢᠭ᠂ ᠠᠷᠣ ᠲᠠᠯ᠎ᠠ ᠪᠠᠷ ᠨᠢ ᠣᠰᠣᠨ ᠬᠠᠷ᠎ᠠ ᠬᠡᠬᠡᠷ ᠮᠣᠷᠢ ᠣᠨᠣᠭᠰᠠᠨ ᠴᠡᠷᠢᠭ᠂ ᠵᠡᠭᠦᠨ ᠲᠠᠯ᠎ᠠ ᠪᠠᠷ ᠨᠢ ᠪᠦᠷ ᠪᠣᠷᠤ ᠮᠣᠷᠢ ᠣᠨᠣᠭᠰᠠᠨ ᠴᠡᠷᠢᠭ᠂ ᠪᠠᠷᠠᠭᠤᠨ ᠲᠠᠯ᠎ᠠ ᠪᠠᠷ ᠨᠢ ᠪᠦᠷ ᠴᠠᠭᠠᠨ ᠰᠠᠷᠠᠯ ᠮᠣᠷᠢᠳᠠᠨ ᠪᠠᠶᠢᠯᠤᠭ᠎ᠠ ᠭᠡᠵᠡᠢ᠃       ᠯᠢᠥ ᠪᠠᠩ ᠶᠠᠮᠠᠷ ᠪᠠᠶᠢᠭᠰᠠᠨ ᠴᠦ ᠨᠢᠭᠡᠨ ᠨᠠᠰᠣᠨ ᠳᠠᠭᠠᠨ ᠯᠣᠶᠢᠪᠠᠷᠴᠢᠨ ᠣᠯᠣᠰ ᠲᠦᠷᠦᠴᠢ ᠶᠠᠪᠣᠭᠰᠠᠨ ᠬᠦᠮᠦᠨ ᠪᠣᠯᠬᠤᠷ᠂ ᠭᠤᠣᠯ ᠨᠢ ᠲᠠᠰᠣᠷᠠᠬᠤ ᠦᠭᠡᠢ ᠪᠣᠯ ᠭᠤᠷᠢ ᠨᠢ ᠳᠠᠰᠣᠷᠠᠬᠤ ᠦᠭᠡᠢ ᠭᠡᠳᠡᠭᠴᠢᠯᠡᠨ᠂ ᠬᠡᠳᠦᠶᠢᠪᠡᠷ ᠲᠠᠶᠢᠰᠣᠨ ᠳᠠᠭᠠᠨ ᠪᠦᠰᠡᠯᠡᠭᠳᠡᠵᠥ ᠪᠠᠶᠢᠪᠡᠴᠦ᠂ ᠦᠪᠡᠷ ᠤᠨ ᠴᠡᠷᠢᠭ ᠤᠨ ᠵᠢᠬᠰᠠᠭᠠᠯ ᠢᠶᠠᠨ ᠵᠢᠭᠠᠬᠠᠨ ᠪᠠᠬᠢᠯᠡᠨ ᠠᠪᠣᠮᠠᠭᠴᠠ ᠪᠠᠨ ᠵᠦᠪᠯᠡᠭᠴᠢ ᠨᠡᠷ ᠢᠶᠠᠨ ᠬᠤᠷᠠᠭᠤᠯᠣᠨ ᠲᠦᠷᠭᠡᠨ ᠵᠦᠪᠯᠡᠯᠭᠡ ᠠᠪᠴᠠᠢ᠃ ᠡᠨᠡ ᠦᠶ᠎ᠡ ᠳᠤ ᠡᠯᠳᠡᠪ ᠰᠠᠨᠠᠯ ᠤᠨ ᠲᠣᠮᠳᠠ᠂ ᠲᠡᠭᠦᠨ ᠤ ᠨᠢᠭᠡᠨ ᠮᠡᠷᠭᠡᠨ ᠵᠦᠪᠯᠡᠭᠴᠢ ᠴᠧᠨ ᠫᠢᠩ ᠭᠡᠳᠡᠭ ᠬᠦᠮᠦᠨ ᠲᠡᠭᠦᠨ ᠳᠤ ᠨᠢᠭᠤᠴᠠ ᠠᠷᠭ᠎ᠠ ᠡᠷᠭᠦᠨ᠂ ᠰᠠᠶᠢᠨ ᠠᠷᠭ᠎ᠠ ᠶᠢ ᠢᠯᠡ ᠬᠡᠯᠡᠵᠥ ᠪᠣᠯᠬᠤ ᠦᠭᠡᠢ ᠬᠡᠮᠡᠨ ᠡᠵᠡᠨ ᠳᠦᠰᠢᠮᠡᠯ ᠰᠢᠪᠡᠨᠡᠨ ᠨᠢᠭᠡᠨ ᠵᠡᠷᠭᠡ ᠶᠠᠷᠢᠯᠴᠠᠭᠰᠠᠨ ᠤ ᠡᠴᠦᠰ ᠲᠤ ᠯᠢᠥ ᠪᠠᠩ ᠪᠦᠬᠦ ᠴᠡᠷᠢᠭ ᠲᠡᠭᠡᠨ ᠵᠠᠷ ᠲᠠᠷᠬᠠᠭᠠᠨ᠂ ᠠᠯᠢᠪᠠ ᠬᠦᠮᠦᠨ ᠤ ᠪᠡᠶ᠎ᠡ ᠳᠡᠭᠡᠨ ᠠᠪᠴᠣ ᠶᠠᠪᠣᠵᠤ ᠪᠠᠶᠢᠭ᠎ᠠ ᠠᠯᠳᠠ ᠮᠦᠩᠭᠦ ᠡᠳ᠋ ᠡᠷᠳᠡᠨᠢᠰ ᠢᠶᠠᠨ ᠪᠦᠬᠦᠨ ᠢ ᠠᠪᠴᠢᠷᠠᠨ ᠬᠠᠭᠠᠨ ᠡᠵᠡᠨ ᠳᠤ ᠲᠣᠰᠢᠶᠠᠭᠳᠣᠨ᠂ ᠬᠤᠵᠢᠮ ᠬᠡᠳᠦᠨ ᠲᠡᠭᠢᠨ ᠢᠶᠠᠷ ᠱᠠᠩᠨᠠᠵᠤ᠂ ᠡᠰᠡ ᠲᠣᠰᠢᠶᠠᠭᠴᠢᠳ ᠢ ᠬᠦᠨᠳᠦ ᠪᠠᠷ ᠰᠢᠳᠭᠡᠮᠣᠢ ᠬᠡᠮᠡᠨ ᠵᠠᠷᠯᠠᠵᠤ᠂ ᠬᠡᠳᠦᠨ ᠲᠠᠭᠠᠷ ᠡᠳ᠋ ᠡᠷᠳᠡᠨᠢᠰ ᠣᠯᠵᠣ᠂ ᠲᠡᠭᠦᠨ ᠢᠶᠠᠨ ᠨᠢᠭᠡᠨ ᠡᠳᠡᠭᠡᠮᠵᠢ ᠲᠠᠢ ᠶᠡᠭᠡ ᠳᠦᠰᠢᠮᠡᠯ ᠳᠡᠭᠡᠨ ᠲᠣᠰᠢᠶᠠᠨ ᠦᠭᠴᠦ᠂ ᠾᠦᠩᠨᠦ ᠶᠢᠨ ᠴᠡᠷᠢᠭ ᠤᠨ ᠬᠦᠷᠢᠶᠡᠨ ᠳᠤ ᠣᠴᠢᠭᠤᠯᠣᠨ ᠬᠡᠯᠡᠯᠴᠡᠭᠡᠷ ᠬᠢᠬᠦ ᠪᠠᠷ ᠶᠠᠪᠣᠭᠤᠯᠵᠠᠢ᠃ ᠡᠯᠴᠢᠨ ᠳᠦᠰᠢᠮᠡᠯ ᠨᠢ ᠾᠦᠩᠨᠦ ᠶᠢᠨ ᠴᠡᠷᠢᠭ ᠤᠨ ᠬᠦᠷᠢᠶ᠎ᠡ ᠬᠦᠷᠦᠭᠡᠳ ᠠᠪᠴᠢᠷᠠᠭᠰᠠᠨ ᠡᠳ᠋ ᠡᠷᠳᠡᠨᠢᠰ ᠤᠨ ᠬᠠᠭᠠᠰ ᠲᠤᠭ᠎ᠠ ᠶᠢ ᠬᠠᠭᠠᠨ ᠵᠠᠷᠯᠢᠭ ᠢᠶᠠᠷ ᠴᠠᠨ ᠢᠥᠢ ᠳᠤ ᠨᠢᠭᠤᠷ ᠵᠣᠯᠭᠠᠬᠤ ᠪᠡᠯᠡᠭ ᠬᠡᠮᠡᠨ ᠡᠷᠭᠦᠵᠥ᠂ ᠨᠦᠭᠦᠭᠡ ᠬᠠᠭᠠᠰ ᠢ ᠦᠵᠢ ᠬᠠᠳᠣᠨ ᠳᠤ ᠡᠷᠭᠦᠬᠦ ᠪᠡᠯᠡᠭ ᠬᠡᠮᠡᠨ᠂ ᠮᠠᠨ ᠤ ᠬᠠᠭᠠᠨ ᠵᠠᠪᠠᠯ ᠡᠯᠴᠢ ᠨᠠᠳᠠ ᠶᠢ ᠦᠵᠢ ᠬᠠᠳᠣᠨ ᠳᠤ ᠨᠢᠭᠤᠷᠲᠠᠨ ᠵᠣᠯᠭᠠᠵᠤ ᠡᠨᠡᠬᠦ ᠪᠡᠯᠡᠭ ᠢ ᠡᠷᠭᠦᠳᠦᠭᠡᠢ ᠭᠡᠰᠡᠨ ᠵᠠᠷᠯᠢᠭ ᠲᠠᠢ ᠬᠡᠮᠡᠨ ᠦᠵᠢ ᠬᠠᠳᠣᠨ ᠳᠤ ᠪᠠᠷᠠᠭᠠᠳᠠᠪᠠ᠃ ᠲᠡᠭᠡᠭᠡᠳ ᠦᠵᠢ ᠬᠠᠳᠣᠨ ᠳᠤ ᠬᠠᠵᠠᠭᠤ ᠶᠢᠨ ᠬᠦᠮᠦᠰ ᠢᠶᠠᠨ ᠵᠠᠶᠢᠯᠠᠭᠤᠯᠣᠮᠣ ᠬᠡᠮᠡᠨ ᠭᠤᠶᠣᠴᠢᠯᠠᠨ ᠵᠠᠶᠢᠯᠠᠭᠤᠯᠵᠤ᠂ ᠬᠠᠨᠴᠣᠢ ᠲᠣᠲᠣᠷ᠎ᠠ ᠠᠴᠠ ᠪᠠᠨ ᠨᠢᠭᠡᠨ ᠣᠷᠢᠶᠠᠮᠠᠭ ᠵᠢᠷᠤᠭ ᠭᠠᠷᠭᠠᠨ ᠦᠵᠢ ᠬᠠᠳᠣᠨ ᠳᠤ ᠡᠷᠭᠦᠨ ᠪᠠᠷᠢᠬᠤ ᠶᠢᠨ ᠬᠠᠮᠳᠣ ᠦᠭᠦᠯᠡᠭᠰᠡᠨ ᠨᠢ᠂ ᠴᠠᠨ ᠢᠥᠢ ᠡᠵᠡᠨ ᠮᠠᠨ ᠤ ᠬᠠᠭᠠᠨ ᠢ ᠪᠦᠰᠡᠯᠡᠨ ᠬᠠᠭᠠᠭᠰᠠᠨ ᠳᠤ ᠵᠦᠪᠯᠡᠭᠴᠢ ᠲᠦᠰᠢᠮᠡᠳ ᠠᠷᠭ᠎ᠠ ᠡᠷᠭᠦᠨ ᠬᠠᠨ ᠣᠯᠣᠰ ᠤᠨ ᠬᠠᠮᠤᠭ ᠭᠤᠸ᠎ᠠ ᠦᠬᠢᠳ ᠠᠴᠠ ᠠᠷᠪᠠᠨ ᠬᠦᠮᠦᠨ ᠰᠣᠩᠭᠤᠨ ᠴᠠᠨ ᠢᠥᠢ ᠳᠤ ᠬᠦᠷᠭᠡᠰᠦᠭᠡᠢ ᠬᠡᠮᠡᠨ ᠲᠣᠭᠳᠠᠪᠠ᠂ ᠡᠨᠡ ᠵᠢᠷᠤᠭ ᠪᠣᠯ ᠲᠡᠭᠦᠨ ᠤ ᠲᠣᠲᠣᠷᠠᠬᠢ ᠵᠠᠷᠢᠮ ᠨᠢᠭᠡᠨ ᠤ ᠬᠢᠨᠢ ᠬᠦᠷᠦᠭ ᠵᠢᠷᠤᠭ ᠪᠣᠯᠣᠨ᠎ᠠ᠃ ᠬᠡᠷᠪᠡ ᠡᠬᠡ ᠬᠠᠳᠣᠨ ᠴᠠᠨ ᠢᠥᠢ ᠶᠢ ᠢᠳᠬᠠᠨ ᠪᠦᠰᠡᠯᠡᠯᠲᠡ ᠪᠠᠨ ᠲᠠᠶᠢᠯᠣᠨ ᠮᠠᠨ ᠤ ᠬᠠᠭᠠᠨ ᠢ ᠲᠠᠯᠪᠢᠨ ᠭᠠᠷᠭᠠᠪᠠᠯ᠂ ᠮᠠᠨ ᠤ ᠬᠠᠭᠠᠨ ᠵᠢᠯ ᠤᠨ ᠡᠷᠭᠦᠴᠡ ᠠᠯᠳᠠ ᠮᠦᠩᠭᠦ᠂ ᠲᠣᠷᠭ᠎ᠠ ᠲᠣᠷᠳᠣᠩ᠂ ᠡᠳ᠋ ᠠᠭᠤᠷᠰᠣ᠂ ᠢᠳᠡᠭᠡᠨ ᠣᠮᠳᠠᠭᠠᠨ ᠢ ᠲᠣᠭᠳᠠᠭᠰᠠᠨ ᠲᠤᠭ᠎ᠠ ᠶᠣᠰᠣᠭᠠᠷ ᠡᠷᠭᠦᠨ ᠪᠠᠷᠢᠬᠤ ᠪᠣᠯᠣᠨ᠎ᠠ ᠭᠡᠵᠡᠢ᠃ ᠦᠵᠢ ᠬᠠᠳᠣᠨ ᠭᠤᠶᠣ ᠪᠦᠰᠡᠭᠦᠢ ᠶᠢᠨ ᠵᠢᠷᠤᠭ ᠢ ᠨᠠᠷᠢᠪᠴᠢᠯᠠᠨ ᠦᠵᠡᠭᠡᠳ ᠶᠠᠭᠤ ᠴᠦ ᠲᠣᠣᠭᠠᠷᠣᠭᠰᠠᠨ ᠦᠭᠡᠢ ᠬᠠᠵᠠᠭᠤ ᠳᠠᠭᠠᠨ ᠲᠠᠯᠪᠢᠵᠤ᠂ ᠡᠯᠴᠢ ᠲᠠ ᠬᠡᠵᠢᠶ᠎ᠡ ᠪᠣᠴᠠᠮᠣᠢ ᠬᠡᠮᠡᠨ ᠠᠰᠠᠭᠤᠭᠰᠠᠨ ᠳᠤ᠂ ᠬᠠᠨ ᠣᠯᠣᠰ ᠤᠨ ᠡᠯᠴᠢ ᠪᠠᠷᠢᠨ ᠲᠣᠣᠷ᠎ᠠ ᠪᠠᠨ ᠲᠠᠬᠢᠨ ᠰᠦᠭᠦᠳᠦᠨ ᠮᠦᠷᠭᠦᠵᠥ᠂ ᠡᠬᠡ ᠬᠠᠳᠣᠨ ᠦᠷᠦᠰᠢᠶᠡᠪᠡᠰᠦ ᠦᠴᠦᠬᠡᠨ ᠳᠦᠰᠢᠮᠡᠯ ᠲᠣᠣᠷ᠎ᠠ ᠪᠠᠨ ᠮᠣᠷᠳᠠᠵᠤ᠂ ᠬᠡᠣᠬᠡᠨ ᠬᠦᠷᠭᠡᠬᠦ ᠬᠡᠷᠡᠭ ᠢ ᠴᠢᠳᠠᠬᠤ ᠶᠢᠨ ᠲᠣᠲᠣᠷ᠎ᠠ ᠬᠤᠷᠢᠭᠯᠠᠵᠣ ᠪᠠᠶᠢᠶ᠎ᠠ ᠭᠡᠵᠡᠢ᠃ ᠲᠡᠭᠡᠭᠡᠳ ᠦᠵᠢ ᠬᠠᠳᠣᠨ ᠴᠠᠨ ᠢᠥᠢ ᠳᠠᠭᠠᠨ ᠠᠶᠢᠯᠠᠳᠬᠠᠯ ᠡᠷᠭᠦᠨ ᠬᠤᠶᠠᠷ ᠡᠵᠡᠳ ᠬᠠᠷᠢᠯᠴᠠᠨ ᠪᠦᠰᠡᠯᠡᠬᠦ ᠠᠨᠣ ᠵᠣᠬᠢᠰ ᠦᠭᠡᠢ ᠪᠣᠯᠠᠢ᠂ ᠲᠡᠲᠡᠨᠡᠷ ᠤᠨ ᠰᠠᠬᠢᠭᠤᠯᠰᠣ ᠴᠦ ᠲᠡᠭᠦᠨ ᠢᠶᠠᠨ ᠢᠪᠡᠭᠡᠬᠦ ᠶᠤᠮ ᠭᠡᠪᠡ᠃ ᠢᠩᠭᠢᠭᠡᠳ ᠴᠠᠨ ᠢᠥᠢ ᠵᠠᠷᠯᠢᠭ ᠪᠠᠭᠤᠯᠭᠠᠨ ᠪᠦᠰᠡᠯᠡᠯᠲᠡ ᠶᠢᠨ ᠨᠢᠭᠡᠨ ᠦᠨᠴᠦᠭ ᠢ ᠲᠠᠶᠢᠯᠠᠵᠣ ᠬᠠᠨ ᠣᠯᠣᠰ ᠤᠨ ᠡᠵᠡᠨ ᠳᠦᠰᠢᠮᠡᠳ ᠬᠤᠶᠢᠨ᠎ᠠ ᠬᠤᠶᠢᠨ᠎ᠠ ᠠᠴᠠ ᠪᠠᠨ ᠬᠡᠯᠬᠢᠶᠡᠷᠡᠯᠳᠦᠨ ᠪᠦᠰᠡᠯᠡᠯᠲᠡ ᠠᠴᠠ ᠭᠠᠷᠴᠣ᠂ ᠭᠠᠳᠠᠨ᠎ᠠ ᠪᠠᠶᠢᠭᠰᠠᠨ ᠶᠠᠪᠠᠭᠠᠨ ᠴᠡᠷᠢᠭ ᠲᠠᠢ ᠪᠠᠨ ᠨᠡᠶᠢᠯᠡᠵᠥ᠂ ᠣᠯᠣᠰ ᠲᠠᠭᠠᠨ ᠪᠣᠴᠠᠪᠠ᠃ ᠡᠨᠡ ᠪᠣᠯ ᠴᠧᠨ ᠫᠢᠩ ᠤᠨ ᠭᠠᠷᠭᠠᠭᠰᠠᠨ ᠲᠣᠯᠣᠭᠠᠨ ᠣᠳᠠᠭᠠᠨ ᠤ ᠭᠠᠶᠢᠬᠠᠮᠰᠢᠭ ᠲᠤ ᠠᠷᠭ᠎ᠠ ᠬᠢᠨᠢ ᠨᠢᠭᠡᠨ ᠪᠣᠯᠣᠨ᠎ᠠ ᠭᠡᠵᠥ ᠬᠤᠵᠢᠮ ᠤᠨ ᠬᠦᠮᠦᠰ ᠮᠠᠭᠲᠠᠨ ᠬᠡᠯᠡᠯᠴᠡᠬᠦ ᠪᠣᠯᠵᠠᠢ᠃       ᠲᠡᠣᠬᠡᠨ ᠦᠨᠡᠨ ᠣᠴᠢᠷ ᠪᠣᠯ ᠡᠨᠡ ᠦᠶ᠎ᠡ ᠶᠢᠨ ᠪᠣᠭᠳᠠ ᠴᠠᠨ ᠢᠥᠢ ᠶᠢᠨ ᠨᠢᠳᠤᠨ ᠡᠮᠦᠨ᠎ᠡ ᠬᠤᠶᠠᠷ ᠲᠣᠮᠣ ᠠᠰᠠᠭᠤᠳᠠᠯ ᠨᠢᠭᠤᠷᠯᠠᠵᠣ ᠪᠠᠶᠢᠵᠠᠢ᠃ ᠬᠡᠳᠦᠶᠢᠪᠡᠷ ᠬᠢᠲᠠᠳ ᠲᠡᠣᠬᠡᠨ ᠳᠤ ᠾᠦᠩᠨᠦ ᠶᠢᠨ ᠴᠡᠷᠢᠭ ᠢ ᠳᠦᠴᠢᠨ ᠲᠦᠮᠡ ᠪᠠᠶᠢᠯ᠎ᠠ ᠭᠡᠵᠥ ᠲᠡᠮᠳᠡᠭᠯᠡᠵᠥ ᠪᠠᠶᠢᠪᠠᠴᠤ᠂ ᠦᠨᠡᠨ ᠪᠠᠶᠢᠳᠠᠯ ᠠᠷᠠᠢ ᠲᠡᠳᠦᠢ ᠪᠠᠶᠢᠭᠰᠠᠨ ᠦᠭᠡᠢ᠂ ᠡᠯ᠎ᠡ ᠦᠶ᠎ᠡ ᠶᠢᠨ ᠬᠢᠲᠠᠳ ᠲᠡᠣᠬᠡᠴᠢᠳ ᠦᠪᠡᠷ ᠤᠨ ᠬᠠᠭᠠᠨ ᠡᠵᠡᠨ ᠪᠣᠶᠤ ᠵᠠᠩᠵᠣᠨ ᠪᠠᠭᠠᠳᠣᠷᠴᠦᠳ ᠤᠨ ᠲᠠᠶᠢᠨ ᠤ ᠢᠯᠠᠭᠳᠠᠯ ᠢ ᠬᠠᠯᠬᠠᠯᠠᠬᠤ ᠡᠭᠦᠳᠡᠨ ᠠᠴᠠ ᠲᠠᠶᠢᠰᠣᠨ ᠡᠳᠡᠭᠡᠳ ᠤᠨ ᠲᠤᠭ᠎ᠠ ᠶᠢ ᠬᠡᠳᠦᠨ ᠲᠠᠬᠢᠨ ᠢᠶᠠᠷ ᠬᠡᠳᠦᠷᠡᠭᠦᠯᠦᠨ ᠬᠡᠯᠡᠬᠦ ᠪᠠᠶᠢᠳᠠᠯ ᠮᠠᠰᠢ ᠡᠩ ᠤᠨ ᠬᠡᠷᠡᠭ ᠪᠠᠶᠢᠵᠠᠢ᠃ ᠲᠣᠬᠠᠢ ᠶᠢᠨ ᠦᠶ᠎ᠡ ᠶᠢᠨ ᠾᠦᠩᠨᠦ ᠴᠡᠷᠢᠭ ᠬᠡᠳᠦᠷᠡᠬᠦ ᠲᠡᠭᠡᠨ ᠠᠷᠪᠠᠨ ᠲᠦᠮᠡ ᠠᠴᠠ ᠲᠠᠪᠠᠭ᠋ᠣ ᠦᠭᠡᠢ ᠮᠦᠷᠳᠡᠭᠡᠨ ᠬᠤᠶᠠᠷ ᠬᠤᠪᠢᠶᠠᠭᠳᠠᠨ᠂ ᠨᠢᠭᠡ ᠬᠡᠰᠡᠭ ᠨᠢ ᠬᠠᠨ ᠣᠯᠣᠰ ᠤᠨ ᠮᠣᠷᠢᠳᠣ ᠴᠡᠷᠢᠭ ᠢ ᠪᠦᠰᠡᠯᠡᠨ᠂ ᠨᠦᠭᠦᠭᠡ ᠬᠡᠰᠡᠭ ᠨᠢ ᠶᠠᠪᠠᠭᠠᠨ ᠴᠡᠷᠢᠭ ᠢ ᠨᠢ ᠬᠤᠷᠢᠭᠯᠠᠨ ᠬᠠᠭᠠᠵᠣ ᠪᠠᠶᠢᠵᠠᠢ᠃ ᠬᠠᠨ ᠣᠯᠣᠰ ᠤᠨ ᠴᠡᠷᠢᠭ ᠤᠨ ᠨᠡᠶᠢᠲᠡ ᠲᠤᠭ᠎ᠠ ᠪᠣᠯ ᠲᠡᠣᠬᠡᠨ ᠳᠤ ᠭᠤᠴᠢᠨ ᠬᠤᠶᠠᠷ ᠲᠦᠮᠡ ᠭᠡᠵᠥ ᠲᠡᠮᠳᠡᠭᠯᠡᠵᠡᠢ᠃ ᠡᠨᠡ ᠪᠣᠯ ᠮᠣᠨᠳᠠᠭ ᠲᠣᠭᠠᠨ ᠤ ᠶᠡᠭᠡ ᠴᠡᠷᠢᠭ ᠶᠤᠮ᠃ ᠪᠣᠭᠳᠠ ᠴᠠᠨ ᠢᠥᠢ ᠶᠢᠨ ᠨᠢᠭᠡ ᠨᠠᠰᠣᠨ ᠳᠤ ᠡᠶᠢᠮᠦ ᠶᠡᠭᠡ ᠲᠣᠭᠠᠨ ᠤ ᠲᠠᠶᠢᠰᠣᠨ ᠲᠠᠢ ᠪᠠᠨ ᠲᠠᠶᠢᠯᠠᠯᠳᠣᠵᠣ ᠦᠩᠭᠡᠷᠡᠭᠡ ᠦᠭᠡᠢ ᠪᠣᠯᠬᠤᠷ᠂ ᠲᠡᠷᠡ ᠶᠡᠷᠦᠨᠢ ᠦᠪᠡᠷ ᠤᠨ ᠴᠡᠷᠢᠭ ᠤᠨ ᠲᠣᠭᠠᠨ ᠳᠤ ᠰᠡᠳᠭᠢᠯ ᠬᠠᠩᠭᠠᠮᠵᠢ ᠦᠭᠡᠢ ᠪᠠᠶᠢᠵᠠᠢ᠃ ᠬᠤᠶᠠᠳᠣᠭᠠᠷ ᠶᠡᠭᠡ ᠠᠰᠠᠭᠤᠳᠠᠯ ᠭᠡᠪᠡᠯ ᠬᠠᠨ ᠸᠠᠩ ᠬᠠᠨ ᠰᠢᠨ ᠬᠡᠳᠦᠶᠢᠪᠡᠷ ᠴᠦᠬᠡᠨ ᠬᠦᠮᠦᠰ ᠢᠶᠠᠨ ᠲᠠᠭᠠᠭᠤᠯᠣᠨ ᠪᠣᠭᠳᠠ ᠴᠠᠨ ᠢᠥᠢ ᠶᠢᠨ ᠲᠡᠷᠭᠡᠳᠡ ᠢᠷᠡᠭᠰᠡᠨ ᠪᠣᠯᠪᠠᠴᠤ᠂ ᠲᠡᠭᠦᠨ ᠤ ᠭᠤᠣᠯ ᠬᠦᠴᠦᠨ ᠪᠣᠯᠣᠭᠰᠠᠨ ᠶᠡᠭᠡ ᠴᠡᠷᠢᠭ ᠢ ᠲᠠᠶᠢᠴᠢᠯᠠᠭᠴᠢ ᠬᠤᠶᠠᠷ ᠵᠠᠩᠵᠣᠨ ᠸᠠᠩ ᠬᠤᠸᠠᠩ᠂ ᠵᠣᠣ ᠯᠢ ᠬᠤᠶᠠᠭᠤᠯᠠ ᠪᠣᠯᠵᠤᠭ᠎ᠠ ᠶᠢ ᠦᠳᠡᠭᠡᠷᠡᠨ᠂ ᠡᠳᠦᠢ ᠪᠣᠯᠲᠠᠯ᠎ᠠ ᠶᠠᠮᠠᠷᠴᠥ ᠴᠢᠮᠡᠭᠡ ᠢᠮᠡᠭᠡ ᠦᠭᠡᠢ ᠪᠠᠶᠢᠭ᠎ᠠ ᠨᠢ ᠮᠠᠰᠢ ᠰᠡᠵᠢᠭᠯᠡᠯ ᠲᠠᠢ ᠬᠡᠷᠡᠭ ᠮᠡᠳᠦ ᠰᠠᠨᠠᠭᠳᠠᠵᠠᠢ᠃ ᠣᠨᠴᠠᠭᠠᠶᠢᠯᠠᠨ ᠡᠨᠡ ᠬᠤᠶᠠᠭᠤᠯᠠ ᠦᠪᠡᠷ ᠤᠨ ᠸᠠᠩ ᠬᠠᠨ ᠰᠢᠨ ᠢᠶᠠᠨ ᠣᠷᠣᠯᠠᠬᠤ ᠦᠢᠯᠡ ᠶᠢ ᠬᠡᠳᠦᠨᠲᠡ ᠦᠢᠯᠡᠳᠦᠨ᠂ ᠪᠣᠭᠳᠠ ᠴᠠᠨ ᠢᠥᠢ ᠳᠤ ᠨᠢᠭᠡᠮᠦᠰᠦᠨ ᠢᠳᠡᠭᠡᠯ ᠦᠭᠡᠢ ᠬᠦᠮᠦᠨ ᠢᠶᠠᠷ ᠦᠵᠡᠭᠳᠡᠭᠡᠳ ᠪᠠᠶᠢᠵᠠᠢ᠃ ᠬᠡᠷᠪᠡ ᠡᠨᠡ ᠬᠤᠶᠠᠭᠤᠯᠠ ᠳᠠᠯᠳᠠᠭᠤᠷ ᠬᠠᠨ ᠣᠯᠣᠰ ᠲᠠᠢ ᠬᠤᠯᠪᠣᠭ᠎ᠠ ᠨᠡᠶᠢᠯᠡᠬᠦ ᠶᠤᠮ ᠪᠣᠯ ᠲᠣᠶᠢᠯ ᠤᠨ ᠠᠶᠣᠮᠰᠢᠭ ᠲᠠᠢ ᠬᠡᠷᠡᠭ ᠪᠣᠯᠣᠨ᠎ᠠ ᠭᠡᠵᠥ ᠰᠡᠵᠢᠭᠯᠡᠵᠥ ᠪᠠᠶᠢᠭᠰᠠᠨ ᠪᠣᠭᠳᠠ ᠴᠠᠨ ᠢᠥᠢ᠂ ᠦᠵᠢ ᠬᠠᠳᠣᠨ ᠠᠴᠠ ᠪᠠᠨ ᠢᠳᠬᠠᠯ ᠢᠷᠡᠮᠡᠭᠴᠡ ᠵᠠᠷᠯᠢᠭ ᠲᠠᠷᠬᠠᠭᠠᠨ᠂ ᠪᠦᠰᠡᠯᠡᠯᠲᠡ ᠶᠢᠨ ᠵᠡᠭᠦᠨ ᠡᠮᠦᠨ᠎ᠡ ᠦᠨᠴᠦᠭ ᠢ ᠲᠠᠶᠢᠯᠠᠵᠣ᠂ ᠬᠠᠨ ᠣᠯᠣᠰ ᠤᠨ ᠴᠡᠷᠢᠭ ᠢ ᠲᠠᠯᠪᠢᠨ ᠭᠠᠷᠭᠠᠭᠳᠣᠨ᠂ ᠬᠡᠷᠪᠡ ᠲᠠᠶᠢᠰᠣᠨ ᠡᠳᠡᠭᠡᠳ ᠰᠠᠮᠠᠭᠤᠷᠠᠨ ᠲᠣᠳᠠᠭᠠᠯᠳᠣᠪᠠᠯ ᠪᠣᠷᠪᠢᠳᠡᠨ ᠲᠠᠷᠣᠵᠣ ᠲᠠᠰᠣ ᠬᠢᠷᠭᠠᠭᠳᠣᠨ᠂ ᠬᠡᠷᠪᠡ ᠲᠠᠶᠢᠰᠣᠨ ᠰᠠᠮᠠᠭᠤᠷᠠᠬᠤ ᠦᠭᠡᠢ ᠪᠣᠯ ᠮᠠᠨ ᠤ ᠬᠢᠨ ᠴᠦ ᠬᠦᠩᠭᠡᠨ ᠢᠶᠠᠷ ᠬᠦᠳᠡᠯᠵᠥ ᠪᠣᠯᠬᠤ ᠦᠭᠡᠢ ᠬᠡᠮᠡᠪᠡ᠃ ᠬᠠᠨ ᠣᠯᠣᠰ ᠤᠨ ᠨᠣᠮᠣ ᠪᠠᠷᠢᠭᠰᠠᠨ ᠴᠡᠷᠢᠭ ᠬᠤᠶᠠᠷ ᠭᠠᠷᠯᠠᠨ ᠰᠣᠮᠣ ᠪᠠᠨ ᠭᠠᠳᠠᠭᠰᠢ ᠣᠨᠢᠯᠠᠨ ᠵᠢᠬᠰᠠᠭᠠᠵᠤ᠂ ᠲᠣᠮᠳᠠᠭᠤᠷ ᠨᠢ ᠬᠠᠭᠠᠨ ᠳᠦᠰᠢᠮᠡᠯ ᠣᠯᠠᠨ ᠵᠠᠩᠵᠣᠨ ᠨᠡᠷ ᠨᠢ ᠭᠠᠳᠠᠭᠰᠢ ᠡᠮᠬᠢ ᠲᠠᠷᠠᠭ᠎ᠠ ᠲᠠᠢ ᠴᠣᠪᠣᠷᠢᠯᠳᠣᠨ ᠭᠠᠷᠴᠠᠭᠠᠵᠠᠢ᠃ ᠢᠩᠭᠢᠵᠥ ᠪᠠᠢ ᠳ᠋ᠧᠩ ᠤᠨ ᠲᠠᠶᠢᠨ ᠡᠭᠦᠰᠴᠥ ᠴᠢᠳᠠᠭᠰᠠᠨ ᠦᠭᠡᠢ ᠲᠡᠭᠦᠰᠪᠡ᠂ ᠭᠡᠶ᠎ᠡ ᠪᠣᠭᠳᠠ ᠴᠠᠨ ᠢᠥᠢ ᠳᠤ ᠠᠪᠴᠣ ᠬᠡᠯᠡᠪᠡᠯ ᠨᠢᠭᠡ ᠴᠡᠷᠢᠭ ᠨᠢᠭᠡ ᠰᠣᠮᠣ ᠶᠢᠨ ᠬᠤᠷᠣᠭᠳᠠᠯ ᠦᠬᠡᠢ ᠪᠠᠷ ᠰᠢᠢᠳᠪᠦᠷᠢᠲᠥ ᠴᠢᠨᠠᠷ ᠲᠠᠢ ᠶᠡᠭᠡ ᠢᠯᠠᠯᠳᠠ ᠣᠯᠣᠭᠰᠠᠨ ᠨᠢ ᠲᠡᠣᠬᠡᠨ ᠳᠤ ᠬᠠᠳᠠᠭᠳᠠᠭᠰᠠᠨ ᠪᠣᠳᠠᠳᠣ ᠬᠡᠷᠡᠭ ᠪᠣᠯᠵᠠᠢ᠃       ᠯᠢᠥ ᠪᠠᠩ ᠪᠣᠴᠠᠬᠤ ᠵᠠᠮ ᠲᠠᠭᠠᠨ ᠣᠷᠣᠮᠠᠭᠴᠠ ᠪᠠᠨ ᠭᠢᠨᠳᠠᠨ ᠳᠤ ᠬᠤᠷᠢᠵᠣ ᠪᠠᠶᠢᠭᠰᠠᠨ ᠯᠸᠥ ᠵᠢᠩ ᠭᠡᠳᠡᠭ ᠳᠦᠰᠢᠮᠡᠯ ᠢᠶᠠᠨ ᠲᠠᠯᠪᠢᠨ ᠭᠠᠷᠭᠠᠵᠣ᠂ ᠲᠡᠭᠦᠨ  ᠳᠤ ᠪᠣᠷᠣᠭᠤ ᠮᠡᠳᠡᠨ᠂ ᠵᠡᠷᠭᠡ ᠶᠢ ᠰᠡᠷᠭᠦᠭᠡᠨ ᠭᠡᠷᠬᠢᠮ ᠨᠡᠮᠡᠵᠡᠢ᠃ ᠰᠢᠯᠳᠠᠭᠠᠨ ᠨᠢ ᠯᠢᠥ ᠪᠠᠩ ᠾᠦᠩᠨᠦ ᠴᠡᠷᠢᠭ ᠢ ᠨᠡᠬᠡᠮᠵᠢᠯᠡᠵᠥ ᠪᠠᠶᠢᠭ᠎ᠠ ᠦᠶ᠎ᠡ ᠳᠡᠭᠡᠨ ᠠᠷᠪᠠᠨ ᠬᠡᠳᠦᠨᠲᠡ ᠡᠯᠴᠢ ᠢᠯᠡᠭᠡᠨ ᠾᠦᠩᠨᠦ ᠶᠢᠨ ᠪᠠᠶᠢᠳᠠᠯ ᠢ ᠲᠠᠩᠨᠠᠵᠣ ᠪᠠᠶᠢᠵᠠᠢ᠃ ᠡᠳᠡᠭᠡᠷ ᠡᠯᠴᠢᠨ ᠤ ᠲᠣᠲᠣᠷᠠᠬᠢ ᠨᠢᠭᠡ ᠨᠢ ᠲᠠᠷᠣᠢ ᠯᠸᠥ ᠵᠢᠩ ᠪᠠᠶᠢᠭᠰᠠᠨ ᠠᠵᠠᠢ᠃ ᠲᠡᠭᠡᠭᠡᠳ ᠭᠠᠭᠴᠠ ᠯᠸᠥ ᠵᠢᠩ ᠤᠨ ᠬᠠᠷᠢᠭᠤ ᠮᠡᠳᠡᠭᠦᠯᠦᠯᠳᠡ ᠨᠢ ᠪᠣᠰᠣᠳ ᠲᠠᠢ ᠠᠳᠠᠯᠢ ᠦᠭᠡᠢ ᠪᠠᠶᠢᠵᠤ᠂ ᠲᠠᠬᠢᠨ ᠬᠦᠩᠭᠡᠨ ᠢᠶᠠᠷ ᠾᠦᠩᠨᠦ ᠴᠡᠷᠢᠭ ᠢ ᠨᠡᠬᠡᠮᠵᠢᠯᠡᠵᠥ ᠪᠣᠯᠬᠤ ᠦᠭᠡᠢ᠂ ᠬᠤᠶᠠᠷ ᠣᠯᠣᠰ ᠬᠠᠷᠢᠯᠴᠠᠨ ᠲᠡᠮᠡᠴᠡᠯᠳᠦᠬᠦᠶ᠎ᠡ ᠬᠡᠨ ᠠᠯᠢᠨ ᠴᠦ ᠦᠪᠡᠷ ᠤᠨ ᠬᠦᠴᠦᠷᠬᠡᠭ ᠢᠶᠠᠨ ᠭᠠᠶᠢᠬᠠᠭᠤᠯᠣᠨ ᠪᠠᠭᠠᠳᠣᠷ ᠢᠶᠠᠨ ᠦᠵᠡᠭᠦᠯᠦᠮᠦᠢ᠃ ᠡᠳᠦᠬᠡ ᠳᠦᠰᠢᠮᠡᠯ ᠪᠢ ᠾᠦᠩᠨᠦ ᠳᠤ ᠬᠦᠷᠦᠭᠡᠳ ᠣᠯᠵᠤ ᠦᠵᠡᠭᠰᠡᠨ ᠢᠶᠠᠷ ᠪᠦᠷ ᠡᠴᠡᠩᠬᠡᠢ ᠲᠣᠷᠠᠩᠬᠠᠢ ᠡᠪᠦᠭᠡᠳ ᠬᠡᠣᠬᠡᠳ ᠪᠠᠶᠢᠵᠣ ᠵᠣᠷᠢᠭᠤᠳᠠ ᠦᠭᠡᠨᠴᠡ ᠪᠠᠭᠤᠷᠠᠢ ᠪᠠᠨ ᠬᠠᠷᠠᠭᠤᠯᠵᠤ᠂ ᠰᠢᠯᠢᠳᠡᠭ ᠴᠢᠬᠢᠷᠠᠭ ᠢᠶᠠᠨ ᠨᠢᠭᠤᠵᠤ ᠪᠠᠶᠢᠭ᠎ᠠ ᠮᠠᠶ᠋ᠢᠭᠲᠠᠢ᠃ ᠮᠣᠩᠬᠠᠭ ᠳᠦᠰᠢᠮᠡᠯ ᠤᠨ ᠪᠣᠳᠣᠬᠤ ᠪᠠᠷ ᠲᠠᠬᠢᠨ ᠣᠷᠣᠭᠰᠢ ᠲᠠᠶᠢᠰᠣᠨ ᠢ ᠨᠡᠬᠡᠮᠵᠢᠯᠡᠪᠡᠰᠤ ᠶᠡᠭᠡ ᠠᠯᠳᠠᠰᠢ ᠭᠠᠷᠬᠤ ᠪᠣᠯᠭᠤᠵᠢ ᠬᠡᠮᠡᠨ ᠡᠵᠡᠨ ᠬᠠᠭᠠᠨ ᠢᠶᠠᠨ ᠬᠦᠴᠦᠯᠡᠨ ᠢᠳᠬᠠᠵᠠᠢ᠃ ᠭᠡᠲᠡᠯ᠎ᠡ ᠯᠢᠥ ᠪᠠᠩ ᠶᠡᠬᠡᠯ᠎ᠡ ᠬᠢᠯᠢᠩᠯᠡᠨ ᠴᠢᠮ᠎ᠠ ᠮᠠᠭᠤ ᠴᠢ ᠭᠠᠵᠠᠷ ᠤᠨ ᠬᠤᠯᠠᠭᠠᠢ᠂ ᠦᠭᠡ ᠬᠡᠯᠡᠨ ᠤ ᠰᠠᠶᠢᠨ ᠢᠶᠠᠷ ᠦᠴᠦᠬᠡᠨ ᠵᠡᠷᠭᠡ ᠣᠯᠣᠭᠠᠳ᠂ ᠡᠳᠦᠬᠡ ᠮᠢᠨᠦ ᠶᠡᠭᠡ ᠴᠡᠷᠢᠭ ᠤᠨ ᠰᠡᠳᠭᠢᠯ ᠢ ᠰᠠᠮᠠᠷᠠᠭᠤᠯᠬᠤ ᠰᠠᠨᠠᠭ᠎ᠠ ᠲᠠᠢ ᠦᠦ ᠬᠡᠮᠡᠨ ᠲᠡᠭᠦᠨ ᠢ ᠶᠠᠯᠠᠳᠠᠨ᠂ ᠲᠠᠶᠢᠨ ᠠᠴᠠ ᠪᠣᠴᠠᠵᠣ ᠢᠷᠡᠭᠰᠡᠭᠡᠷ ᠲᠣᠯᠣᠭᠠᠢ ᠶᠢ ᠴᠢᠨᠢ ᠠᠪᠣᠶ᠎ᠠ ᠬᠡᠮᠡᠨ ᠬᠤᠷᠢᠵᠤ ᠪᠠᠶᠢᠭᠰᠠᠨ ᠠᠵᠠᠢ᠃ ᠯᠸᠥ ᠵᠢᠩ ᠣᠣᠯ ᠨᠢ ᠴᠢ ᠭᠠᠵᠠᠷ ᠲᠠᠷᠣᠢ ᠱᠠᠨᠳᠥᠩ ᠤᠨ ᠬᠦᠮᠦᠨ ᠪᠠᠶᠢᠵᠠᠢ᠃ ᠡᠳᠦᠬᠡ ᠯᠸᠥ ᠵᠢᠩ ᠤᠨ ᠢᠳᠬᠠᠯ ᠪᠦᠷ ᠵᠦᠪ ᠪᠠᠶᠢᠭᠰᠠᠨ ᠪᠣᠯᠬᠤᠷ ᠯᠢᠥ ᠪᠠᠩ ᠲᠡᠭᠦᠨ ᠢ ᠲᠠᠯᠪᠢᠨ ᠭᠠᠷᠭᠠᠵᠣ ᠪᠣᠷᠣᠭᠤ ᠬᠦᠯᠢᠶᠡᠨ᠂ ᠮᠡᠭᠦᠰ ᠬᠦᠮᠦᠨ ᠭᠦᠩ ᠤᠨ ᠦᠭᠡ ᠶᠢ ᠠᠪᠣᠭᠰᠠᠨ ᠦᠭᠡᠢ ᠪᠣᠯᠬᠤᠷ ᠰᠠᠶ᠋ᠢ ᠫᠢᠩ ᠴᠧᠩ ᠤᠨ ᠵᠣᠪᠠᠯᠠᠩ ᠲᠤᠷ ᠣᠨᠠᠵᠣᠬᠤᠢ ᠬᠡᠮᠡᠨ ᠲᠡᠭᠦᠨ ᠢ ᠬᠤᠶᠠᠷ ᠮᠢᠩᠭᠠᠨ ᠡᠷᠦᠬᠡ ᠪᠠᠷ ᠱᠠᠩᠨᠠᠨ ᠭᠤᠸᠠᠨ ᠨᠸᠢ ᠾᠸᠥ ᠬᠡᠷᠬᠢᠮ ᠢᠶᠠᠷ ᠡᠷᠭᠦᠮᠵᠢᠯᠡᠵᠡᠢ ᠭᠡᠳᠡᠭ ᠶᠤᠮ᠃       ︽ᠰᠣᠳᠣᠷ ᠲᠡᠮᠳᠡᠭᠯᠡᠯ · ᠯᠢᠥ ᠵᠢᠩ ᠤᠨ ᠨᠠᠮᠳᠠᠷ︾ ᠲᠤ ᠦᠭᠦᠯᠡᠭᠰᠡᠨ ᠢ ᠦᠨᠳᠦᠰᠦᠯᠡᠪᠡᠯ᠂ ᠬᠠᠨ ᠣᠯᠣᠰ ᠪᠣᠭᠳᠠ ᠴᠠᠨ ᠢᠥᠢ ᠳᠤ ᠲᠡᠷᠡ ᠲᠣᠣᠷ᠎ᠠ ᠪᠠᠨ ᠵᠢᠯ  ᠤᠨ ᠠᠯᠪᠠ ᠪᠠᠨ ᠪᠠᠷᠢᠵᠣ᠂ ᠭᠦᠩᠵᠥ ᠬᠡᠣᠬᠡᠨ ᠢᠶᠠᠨ ᠬᠦᠷᠭᠡᠵᠥ ᠪᠠᠶᠢᠭᠰᠠᠨ ᠦᠭᠡᠢ ᠪᠣᠯᠬᠤᠷ᠂ ᠪᠣᠭᠳᠠ ᠴᠠᠨ ᠢᠥᠢ ᠲᠠᠬᠢᠨ ᠲᠠᠪᠳᠠᠨ ᠴᠡᠷᠢᠭ ᠭᠠᠷᠴᠤ᠂ ᠬᠠᠨ ᠣᠯᠣᠰ ᠤᠨ ᠬᠢᠯᠢ ᠬᠢᠵᠠᠭᠠᠷ ᠣᠷᠣᠨ ᠢ ᠲᠣᠪᠳᠣᠯᠵᠤ ᠪᠠᠶᠢᠭᠰᠠᠨ ᠮᠦᠷᠳᠡᠭᠡᠨ᠂ ᠬᠠᠨ ᠣᠯᠣᠰ ᠠᠴᠠ ᠣᠷᠪᠠᠭᠰᠠᠨ ᠸᠠᠩ ᠾᠸᠥ ᠨᠡᠷ ᠤᠨ ᠬᠡᠳᠦᠨ ᠬᠦᠮᠦᠨ ᠢ ᠠᠬᠤᠭᠤᠯᠣᠨ ᠠᠪᠴᠣ᠂ ᠯᠢᠥ ᠪᠠᠩ ᠳᠤ ᠰᠡᠳᠭᠢᠯ ᠤᠨ ᠵᠣᠪᠠᠯᠠᠩ ᠪᠣᠯᠵᠠᠢ᠃ ᠡᠶᠢᠮᠦ ᠪᠠᠶᠢᠳᠠᠯ ᠲᠣᠣᠷ᠎ᠠ ᠯᠢᠥ ᠪᠠᠩ ᠲᠠᠬᠢᠨ ᠯᠸᠥ ᠵᠢᠩ ᠯᠤᠭ᠎ᠠ ᠵᠦᠪᠯᠡᠭᠰᠡᠨ ᠳᠤ ᠯᠸᠥ ᠵᠢᠩ ᠲᠡᠭᠦᠨ ᠳᠤ᠄ ︽ᠲᠡᠭᠷᠢ ᠶᠢᠨ ᠲᠣᠣᠷᠠᠬᠢᠨ ᠲᠦᠩᠭᠡᠵᠢ ᠲᠣᠭᠳᠠᠨᠢᠵᠤ᠂ ᠴᠡᠷᠢᠭ ᠪᠠᠭᠠᠳᠣᠷᠴᠣᠳ ᠨᠢᠭᠡᠮᠦᠰᠦᠨ ᠲᠠᠶᠢᠨ ᠳᠤ ᠵᠦᠳᠡᠵᠦᠬᠦᠢ᠃ ᠡᠶᠢᠮᠦ ᠠᠴᠠ ᠾᠦᠩᠨᠦ ᠯᠤᠭ᠎ᠠ ᠴᠡᠷᠢᠭ ᠤᠨ ᠬᠦᠴᠦ ᠪᠠᠷ ᠲᠡᠮᠡᠴᠡᠡᠬᠦ ᠨᠢ ᠰᠠᠶᠢᠨ ᠠᠷᠭ᠎ᠠ ᠪᠢᠰᠢ᠂ ᠵᠦᠪᠬᠡᠨ ᠠᠷᠭ᠎ᠠ ᠬᠡᠷᠡᠭᠯᠡᠨ ᠠᠭᠠᠵᠢᠮ ᠢᠶᠠᠷ ᠲᠡᠭᠦᠨ ᠤ ᠦᠷ᠎ᠡ ᠬᠡᠣᠬᠡᠳ ᠢ ᠨᠢ ᠳᠦᠰᠢᠮᠡᠯ ᠪᠣᠯᠭᠠᠨ ᠠᠪᠬᠤ ᠨᠢ ᠰᠠᠶ᠋ᠢ ᠬᠠᠮᠤᠭ ᠲᠡᠭᠡᠳᠦ ᠠᠷᠭ᠎ᠠ ᠪᠣᠯᠣᠨ᠎ᠠ᠃ ᠭᠡᠪᠡᠴᠦ ᠠᠶᠣᠬᠤ ᠨᠢ ᠡᠵᠡᠨ ᠬᠠᠭᠠᠨᠲᠠᠨ ᠮᠢᠨᠦ ᠠᠷᠭ᠎ᠠ ᠳᠤ ᠲᠣᠷ᠎ᠠ ᠦᠭᠡᠢ ᠪᠣᠯᠭᠤᠵᠢ ᠬᠡᠮᠡᠨ ᠰᠠᠨᠠᠮᠣᠢ︾ ᠭᠡᠪᠡ᠃ ᠯᠢᠥ ᠪᠠᠩ᠄ ︽ᠪᠣᠯᠵᠤ ᠪᠦᠳᠦᠬᠦ ᠠᠷᠭ᠎ᠠ ᠪᠣᠯ ᠶᠠᠭᠤᠨ ᠳᠤ ᠲᠣᠷ᠎ᠠ ᠦᠭᠡᠢ ᠬᠡᠷᠡᠭ ᠪᠠᠶᠢᠮᠣᠢ︾ ᠬᠡᠮᠡᠭᠰᠡᠨ ᠳᠤ ᠯᠸᠥ ᠵᠢᠩ ᠦᠭᠦᠯᠡᠷᠦᠨ᠄ ︽ᠲᠡᠶᠢᠮᠦ ᠪᠣᠯ ᠬᠠᠭᠠᠨᠲᠠᠨ ᠮᠢᠨᠢ ᠦᠨᠡᠬᠡᠷ ᠦᠪᠡᠷ ᠤᠨ ᠠᠬᠠᠮᠠᠳ ᠭᠦᠩᠵᠥ ᠪᠠᠨ ᠴᠠᠨ ᠢᠥᠢ ᠳᠤ ᠪᠣᠭᠳᠣᠯᠣᠨ᠂ ᠬᠦᠨᠳᠦ ᠵᠣᠵᠠᠭᠠᠨ ᠪᠡᠯᠡᠭ ᠲᠠᠢ ᠬᠠᠷᠢᠯᠠᠭᠤᠯᠪᠠᠰᠣ᠂ ᠲᠡᠳᠡᠨᠡᠷ ᠬᠠᠨ ᠣᠯᠣᠰ ᠤᠨ ᠭᠦᠩᠵᠥ ᠶᠢᠨ ᠬᠦᠨᠳᠦ ᠪᠡᠯᠡᠭ ᠲᠤ ᠰᠡᠳᠭᠢᠯ ᠲᠠᠲᠠᠭᠳᠠᠨ ᠬᠤᠷᠭᠤᠳᠠᠵᠤ᠂ ᠭᠦᠩᠵᠥ ᠪᠠᠷ ᠦᠵᠢ ᠬᠠᠳᠣᠨ ᠪᠣᠯᠭᠠᠬᠤ ᠶᠤᠮ᠃ ᠬᠡᠷᠪᠡ ᠭᠦᠩᠵᠥ ᠠᠴᠠ ᠬᠦᠪᠡᠭᠦᠨ ᠲᠦᠷᠦᠪᠡᠰᠥ ᠲᠠᠶᠢᠽᠢ ᠪᠣᠯᠭᠠᠬᠤ ᠨᠢ ᠯᠠᠪ ᠪᠣᠯᠠᠢ᠃ ᠢᠩᠭᠢᠪᠡᠯ ᠬᠤᠵᠢᠮ ᠤᠨ ᠴᠠᠨ ᠢᠥᠢ ᠨᠢ ᠬᠠᠭᠠᠨ ᠲᠠᠨ ᠤ ᠵᠢᠭᠡ ᠪᠣᠯᠣᠨ᠎ᠠ᠃ ᠲᠡᠳᠡ ᠬᠠᠨ ᠣᠯᠣᠰ ᠤᠨ ᠡᠳ᠋ ᠮᠦᠩᠭᠦᠨ ᠳᠤ ᠲᠣᠷᠠᠯᠠᠵᠣ᠂ ᠬᠠᠭᠠᠨᠲᠠᠨ ᠮᠢᠨᠢ ᠵᠢᠯ ᠪᠦᠷᠢ ᠡᠯᠳᠡᠪ ᠪᠠᠶᠠᠷ ᠲᠣᠷᠠᠰᠬᠠᠯ ᠲᠣᠬᠢᠶᠠᠯᠳᠣᠭᠤᠯᠣᠨ᠂ ᠡᠳ᠋ ᠮᠦᠩᠭᠦ ᠪᠠᠷ ᠱᠠᠩᠨᠠᠵᠣ ᠯᠠ ᠪᠠᠶᠢᠪᠠᠯ ᠣᠳᠠᠯ ᠦᠭᠡᠢ ᠮᠠᠨ ᠳᠤ ᠨᠣᠭᠲᠣᠯᠣᠭᠳᠠᠮᠣᠢ᠃ ᠪᠣᠭᠳᠠ ᠴᠠᠨ ᠢᠥᠢ ᠠᠮᠢᠳᠣ ᠠᠪᠠᠰᠣ᠂ ᠬᠠᠭᠠᠨ ᠲᠠᠨ ᠤ ᠬᠦᠷᠭᠡᠨ ᠪᠣᠯᠠᠢ᠂ ᠦᠬᠦᠪᠡᠴᠥ ᠬᠠᠭᠠᠨᠲᠠᠨ ᠤ ᠵᠢᠭᠡ ᠨᠠᠷ ᠴᠠᠨ ᠢᠥᠢ ᠪᠣᠯᠣᠮᠣᠢ᠃ ᠬᠡᠵᠢᠶ᠎ᠡ ᠵᠢᠭᠡ ᠨᠡᠷ ᠨᠢ ᠨᠠᠭᠠᠴᠣ ᠡᠪᠦᠭᠡ ᠲᠠᠢ ᠪᠠᠨ ᠶᠣᠰᠣᠨ ᠠᠴᠠ ᠭᠠᠳᠠᠭᠤᠷ ᠲᠡᠮᠡᠴᠡᠯᠳᠦᠵᠥ ᠪᠠᠶᠢᠭᠰᠠᠨ ᠬᠡᠷᠡᠭ ᠪᠠᠶᠢᠮᠣᠢ᠃ ᠬᠡᠷᠪᠡ ᠡᠵᠡᠨ ᠮᠢᠨᠢ ᠦᠪᠡᠷ ᠤᠨ ᠠᠬᠠᠮᠠᠳ ᠭᠦᠩᠵᠥ ᠪᠠᠨ ᠬᠦᠷᠭᠡᠬᠦ ᠲᠣᠷ᠎ᠠ ᠦᠭᠡᠢ ᠪᠣᠯ ᠲᠦᠷᠦᠯ ᠭᠡᠷ ᠤᠨ ᠬᠡᠣᠬᠡᠨ ᠢ ᠭᠦᠩᠵᠥ ᠡᠷᠭᠦᠬᠦ ᠪᠣᠶᠤ ᠣᠷᠳᠣᠨ ᠤ ᠬᠡᠣᠬᠡᠨ  ᠢ ᠬᠠᠭᠤᠷᠮᠠᠭᠯᠠᠨ ᠭᠦᠩᠵᠥ ᠬᠡᠮᠡᠨ ᠬᠦᠷᠭᠡᠪᠡᠯ᠂ ᠲᠡᠳᠡ ᠬᠤᠵᠢᠮ ᠮᠡᠳᠡᠭᠰᠡᠨ ᠴᠦ ᠨᠢᠭᠡᠨᠲᠡ ᠬᠡᠷᠡᠭ ᠦᠭᠡᠢ ᠪᠣᠯᠣᠮᠣᠢ︾ ᠬᠡᠮᠡᠪᠡ᠃ ᠭᠤᠣ ᠳ᠋ᠢ ᠬᠠᠭᠠᠨ ᠰᠣᠨᠣᠰᠣᠭᠠᠳ ᠮᠠᠰᠢ ᠰᠠᠶᠢᠨ ᠬᠡᠮᠡᠨ ᠰᠠᠶᠢᠰᠢᠶᠠᠨ ᠦᠪᠡᠷ ᠤᠨ ᠠᠬᠠᠮᠠᠳ ᠭᠦᠩᠵᠥ ᠪᠠᠨ ᠬᠦᠷᠭᠡᠬᠦ ᠪᠠᠷ ᠪᠣᠯᠵᠠᠢ᠃ ᠭᠡᠳᠡᠯ᠎ᠡ ᠯᠢᠥᠢ ᠾᠸᠥ ᠬᠠᠳᠣᠨ ᠦᠪᠡᠷ ᠤᠨ ᠲᠦᠷᠦᠭᠰᠡᠨ ᠬᠡᠣᠬᠡᠨ  ᠢᠶᠠᠨ ᠾᠦᠩᠨᠦ ᠳᠤ ᠬᠦᠷᠭᠡᠬᠦ ᠲᠣᠷ᠎ᠠ ᠦᠭᠡᠢ ᠡᠳᠦᠷᠵᠢᠨ ᠰᠦᠨᠢᠵᠢᠨ ᠣᠬᠢᠯᠠᠵᠣ ᠣᠨᠵᠢᠭᠠᠳ ᠪᠠᠶᠢᠬᠤᠯᠠᠷ ᠯᠢᠥ ᠪᠠᠩ ᠠᠷᠭ᠎ᠠ ᠪᠣᠰᠣ ᠭᠡᠷ ᠤᠨ ᠬᠦᠮᠦᠰ ᠤᠨ ᠬᠡᠣᠬᠡᠨ ᠢ ᠠᠬᠠᠮᠠᠳ ᠬᠦᠩᠵᠥ ᠬᠡᠮᠡᠨ ᠬᠠᠭᠤᠷᠮᠠᠭᠯᠠᠨ ᠡᠷᠭᠦᠮᠵᠢᠯᠡᠵᠥ ᠴᠠᠨ ᠢᠥᠢ ᠳᠤ ᠬᠠᠳᠣᠨ ᠪᠣᠯᠭᠠᠨ ᠬᠦᠷᠭᠡᠬᠦ ᠪᠠᠷ ᠯᠸᠥ ᠵᠢᠩ ᠢ ᠲᠣᠮᠢᠯᠠᠨ᠂ ᠣᠷᠣᠭᠴᠠᠨ ᠡᠪᠰᠡᠬᠦ ᠪᠣᠯᠵᠤᠭ᠎ᠠ ᠶᠢ ᠲᠣᠭᠳᠠᠭᠠᠪᠠ ᠭᠡᠵᠡᠢ᠃       ᠢᠩᠭᠢᠭᠡᠳ ᠬᠠᠨ ᠣᠯᠣᠰ ᠪᠣᠯᠣᠨ ᠾᠦᠩᠨᠦ ᠬᠤᠶᠠᠷ ᠲᠠᠯ᠎ᠠ ᠪᠠᠷ ᠢᠶᠠᠨ ᠡᠶᠡᠯᠳᠦᠨ᠂ ᠯᠸᠥ ᠵᠢᠩ ᠡᠨᠡᠬᠦ ᠭᠠᠪᠢᠶ᠎ᠠ ᠪᠠᠷ ᠢᠶᠠᠨ ᠬᠠᠭᠠᠨ ᠣᠪᠣᠭ ᠢᠶᠠᠷ ᠱᠠᠩᠨᠠᠭᠳᠠᠨ ᠯᠢᠥ ᠵᠢᠩ ᠨᠡᠷ᠎ᠡ ᠲᠠᠢ ᠪᠣᠯᠣᠭᠰᠠᠨ ᠭᠡᠳᠡᠭ᠃ ᠡᠶᠢᠮᠦᠷᠬᠦ ᠵᠢᠯ ᠪᠦᠷᠢ ᠠᠯᠪᠠ ᠪᠠᠷᠢᠬᠤ᠂ ᠭᠦᠩᠵᠥ ᠬᠡᠣᠬᠡᠨ ᠢᠶᠠᠨ ᠬᠦᠷᠭᠡᠬᠦ ᠭᠠᠳᠠᠭᠠᠳᠣ ᠬᠠᠷᠢᠯᠴᠠᠭ᠎ᠠ ᠶᠢ ᠬᠠᠨ ᠣᠯᠣᠰ  ᠤᠨ ᠲᠡᠣᠬᠡᠴᠢᠳ ᠪᠣᠯ ︽ᠡᠪᠰᠡᠬᠦ ᠣᠷᠤᠭ︾ ᠬᠡᠮᠡᠨ ᠭᠤᠶᠣᠯᠠᠨ ᠨᠡᠷᠡᠶᠢᠳᠦᠬᠦ ᠪᠣᠯᠪᠠ᠃ ᠭᠡᠪᠡᠴᠦ ᠬᠠᠨ ᠣᠯᠣᠰ ᠯᠢᠥ ᠪᠠᠩ ᠠᠴᠠ ᠬᠤᠵᠢᠮ᠂ ᠵᠢᠯ ᠤᠨ ᠠᠯᠪᠠ ᠪᠠᠨ ᠵᠢᠯ ᠪᠦᠷᠢ ᠬᠦᠷᠭᠡᠵᠥ ᠪᠠᠶᠢᠭᠰᠠᠨ ᠦᠭᠡᠢ ᠪᠣᠯᠣᠯᠳᠠᠢ᠂ ᠵᠦᠪᠬᠡᠨ ᠾᠦᠩᠨᠦ ᠶᠢᠨ ᠴᠠᠨ ᠢᠥᠢ ᠨᠡᠷ ᠨᠢ ᠰᠣᠯᠢᠭᠳᠠᠬᠤ ᠦᠶ᠎ᠡ ᠳᠤ ᠭᠦᠩᠵᠥ ᠬᠦᠷᠭᠡᠵᠥ ᠠᠮᠠ ᠪᠦᠭᠯᠡᠵᠥ ᠪᠠᠶᠢᠭᠰᠠᠨ ᠲᠦᠯᠦᠪᠳᠡᠢ᠂ ᠡᠰᠡᠬᠦᠯ᠎ᠡ ᠴᠡᠷᠢᠭ ᠲᠠᠶᠢᠨ ᠳᠤ ᠰᠢᠬᠠᠮᠳᠠᠭᠳᠠᠪᠠᠯ ᠰᠠᠶ᠋ᠢ ᠠᠯᠪᠠ ᠪᠠᠷᠢᠳᠠᠭ ᠪᠠᠶᠢᠵᠠᠢ᠃ ᠣᠨᠴᠠᠠᠭᠠᠶᠢᠯᠠᠨ ᠬᠠᠨ ᠡᠣ ᠳ᠋ᠢ ᠬᠠᠭᠠᠨ ᠤ ᠲᠣᠮᠳᠠ ᠰᠡᠬᠦᠯᠴᠢ ᠶᠢᠨ ᠦᠶ᠎ᠡ ᠳᠤ ᠬᠠᠨ ᠣᠯᠣᠰ ᠴᠡᠷᠢᠭ ᠲᠠᠶᠢᠨ ᠤ ᠲᠠᠪᠠᠭᠤ ᠪᠠᠶᠢᠷᠢᠨ ᠳᠤ ᠣᠷᠣᠮᠣᠭᠴᠠ ᠪᠠᠨ ᠠᠯᠪᠠ ᠪᠠᠷᠢᠬᠤ ᠪᠠᠨ ᠵᠣᠭᠰᠣᠵᠤ᠂ ᠭᠡᠳᠡᠷᠭᠡᠨ ᠾᠦᠩᠨᠦᠴᠦᠳ ᠢ ᠳᠦᠰᠢᠮᠡᠯ ᠪᠣᠯᠳᠣᠭᠠᠢ ᠬᠡᠮᠡᠨ ᠱᠠᠭᠠᠷᠳᠠᠬᠤ ᠪᠣᠯᠵᠠᠢ᠃ ᠬᠢᠲᠠᠳ ᠲᠦᠷᠦ ᠳᠤ ᠠᠪᠴᠣ ᠬᠡᠯᠡᠪᠡᠯ ᠡᠨᠡ ᠪᠣᠯ ᠨᠢᠭᠡᠨ ᠴᠠᠭ ᠠᠷᠭᠠᠴᠠᠬᠤ ᠠᠷᠭ᠎ᠠ ᠬᠡᠮᠵᠢᠶ᠎ᠡ ᠪᠠᠶᠢᠵᠤ᠂ ᠵᠦᠪᠬᠡᠨ ᠨᠢᠭᠡᠨ ᠣᠯᠣᠰ ᠲᠦᠷᠦ ᠶᠢᠨ ᠣᠷᠤᠭ ᠢᠶᠠᠷ ᠦᠵᠡᠵᠥ᠂ ᠲᠡᠭᠦᠨ ᠢ ᠠᠰᠢᠭᠯᠠᠨ ᠦᠪᠡᠷ ᠤᠨ ᠠᠰᠢᠭᠳᠠᠢ ᠪᠠᠶᠢᠷᠢ ᠰᠠᠭᠤᠷᠢ ᠪᠠᠨ ᠰᠡᠷᠭᠦᠭᠡᠨ ᠪᠠᠳᠣᠳᠬᠠᠵᠣ ᠪᠠᠶᠢᠵᠠᠢ᠃ ᠡᠶᠢᠮᠦ ᠠᠴᠠ ᠡᠶᠢᠮᠦᠷᠬᠦ ᠲᠦᠷᠦ ᠶᠢᠨ ᠪᠣᠳᠣᠯᠭ᠎ᠠ ᠬᠤᠵᠢᠮ ᠤᠨ ᠬᠢᠲᠠᠳ ᠲᠦᠷᠦ ᠴᠦ ᠨᠡᠶᠢᠳᠡᠮ ᠬᠡᠷᠡᠭᠯᠡᠬᠦ ᠪᠣᠯᠵᠠᠢ᠃        ᠠᠳᠡ ᠠᠩᠬᠠᠷᠬᠤ ᠨᠢ᠂ ᠯᠸᠥ ᠵᠢᠩ ᠤᠨ ᠬᠡᠯᠡᠭᠰᠡᠨ ᠮᠡᠳᠦ ᠪᠠᠷ ᠭᠦᠩᠵᠥ ᠨᠢ ᠾᠦᠩᠨᠦ ᠳᠤ ᠢᠷᠡᠪᠡᠯ ᠦᠵᠢ ᠬᠠᠳᠣᠨ ᠪᠣᠯᠬᠤ᠂ ᠭᠦᠩᠵᠥ ᠠᠴᠠ ᠬᠦᠪᠡᠭᠦᠨ ᠲᠦᠷᠦᠪᠡᠰᠦ ᠲᠠᠶᠢᠽᠢ ᠪᠣᠯᠭᠠᠬᠤ ᠴᠢᠨᠠᠭᠰᠢᠯᠠᠪᠠᠯ ᠬᠤᠵᠢᠮ ᠤᠨ ᠴᠠᠨ ᠢᠥᠢ ᠪᠣᠯᠬᠤ ᠵᠡᠷᠭᠡ ᠬᠡᠯᠡᠯᠭᠡ ᠪᠣᠯ ᠪᠦᠷ ᠨᠢᠭᠡᠨ ᠯᠠ ᠲᠠᠯ᠎ᠠ ᠶᠢᠨ ᠦᠭᠡ ᠲᠡᠳᠦᠢ ᠶᠤᠮ᠃ ᠲᠣᠬᠠᠢ ᠶᠢᠨ ᠦᠶ᠎ᠡ ᠶᠢ ᠪᠠᠶᠢᠳᠣᠭᠠᠢ ᠡᠳᠦᠬᠡ ᠴᠠᠭ ᠲᠤ ᠢᠷᠡᠭᠡᠳ ᠣᠯᠠᠩᠬᠢ ᠬᠦᠮᠦᠰ ᠾᠦᠩᠨᠦ ᠶᠢᠨ ᠰᠣᠶᠤᠯ ᠪᠠ ᠲᠠᠳᠬᠠᠯ ᠵᠣᠷᠰᠢᠯ ᠢ ᠣᠶᠢᠯᠭᠠᠬᠤ ᠦᠭᠡᠢ ᠪᠣᠯᠬᠤᠷ ᠦᠪᠡᠷ ᠤᠨ ᠬᠢᠲᠠᠳ ᠰᠣᠶᠣᠯ ᠢᠶᠠᠷ ᠢᠶᠠᠨ ᠬᠡᠮᠵᠢᠶᠡᠯᠡᠨ ᠦᠭᠦᠯᠡᠯᠴᠡᠬᠦ ᠬᠦᠮᠦᠨ ᠲᠣᠩ ᠣᠯᠠᠨ ᠪᠠᠶᠢᠳᠠᠭ᠃ ᠴᠠᠨ ᠢᠥᠢ ᠳᠤ ᠮᠣᠷᠳᠠᠭᠰᠠᠨ ᠬᠢᠲᠠᠳ ᠦᠵᠢ ᠬᠠᠳᠣᠨ ᠠᠴᠠ ᠲᠦᠷᠦᠭᠰᠡᠨ ᠬᠦᠪᠡᠭᠦᠳ ᠪᠦᠷ ᠲᠡᠶᠢᠮᠦ ᠠᠮᠠᠷᠬᠠᠨ ᠲᠠᠶᠢᠽᠢ ᠪᠣᠯᠵᠤ ᠴᠠᠨ ᠢᠥᠢ ᠰᠠᠭᠤᠬᠤ ᠪᠣᠯᠣᠯᠴᠠᠭ᠎ᠠ ᠪᠠᠶᠢᠬᠤ ᠦᠭᠡᠢ᠂ ᠾᠦᠩᠨᠦ ᠳᠤ ᠮᠦᠨ ᠨᠡᠶᠢᠭᠡᠮ ᠨᠡᠶᠢᠲᠡ ᠶᠢᠨ ᠬᠠᠳᠠᠭᠤ ᠴᠢᠩᠭ᠎ᠠ ᠲᠢᠭᠯᠢᠮ ᠵᠠᠶ᠋ᠢᠭ ᠲᠠᠢ ᠪᠣᠯᠬᠤᠷ ᠬᠠᠭᠠᠨ ᠡᠵᠡᠳ ᠴᠦ ᠡᠪᠳᠡᠵᠥ ᠪᠣᠯᠬᠤ ᠦᠭᠡᠢ ᠶᠤᠰᠣ ᠵᠢᠷᠣᠮ ᠲᠠᠢ ᠪᠠᠶᠢᠵᠠᠢ᠃ ᠵᠢᠱᠢᠶᠡᠯᠡᠪᠡᠯ ᠸᠠᠩ ᠵᠣᠣ ᠵᠢᠶᠦ᠋ᠨ ᠮᠡᠳᠦ ᠨᠡᠷ᠎ᠡ ᠬᠦᠨᠳᠦᠳᠡᠢ ᠨᠢᠩ ᠬᠣ᠋ ᠦᠵᠢ ᠬᠡᠮᠡᠨ ᠠᠯᠳᠠᠷᠰᠢᠭᠰᠠᠨ ᠬᠠᠳᠣᠨ ᠠᠴᠠ ᠲᠦᠷᠦᠭᠰᠡᠨ ᠡᠶ᠎ᠡ ᠲᠣᠲᠣᠳᠬᠠᠭᠴᠢ ᠨᠡᠷ᠎ᠡ ᠲᠠᠢ ᠬᠠᠨ ᠬᠦᠪᠡᠭᠦᠨ ᠴᠦ ᠴᠠᠨ ᠢᠥᠢ ᠪᠣᠯᠵᠤ ᠴᠢᠳᠠᠭᠰᠠᠨ ᠦᠭᠡᠢ ᠶᠤᠮ᠃ ᠬᠢᠲᠠᠳ ᠲᠡᠣᠬᠡᠴᠢᠳ ᠬᠢᠲᠠᠳ ᠰᠣᠶᠣᠯ ᠢᠶᠠᠷ ᠢᠶᠠᠨ ᠬᠡᠮᠵᠢᠨ ᠬᠡᠯᠡᠯᠴᠡᠬᠦ ᠨᠢ ᠲᠡᠳᠡᠨᠡᠷ ᠤᠨ ᠰᠣᠶᠣᠯ ᠤᠨ ᠬᠢᠵᠠᠭᠠᠷᠳᠠᠮᠠᠯ ᠲᠠᠯ᠎ᠠ ᠶᠢ ᠯᠠ ᠬᠠᠷᠠᠭᠤᠯᠵᠤ ᠪᠠᠶᠢᠭ᠎ᠠ ᠬᠡᠷᠡᠭ ᠲᠡᠳᠦᠢ ᠶᠤᠮ᠃
ᠢᠷᠡᠯᠲᠡ᠄ ᠬᠤᠯᠪᠤᠭ᠎ᠠ ᠰᠦᠯᠵᠢᠶ᠎ᠡ