ᠬᠠᠪᠤᠷ ᠤᠨ ᠣᠶᠢᠵᠢᠭᠤᠯᠤᠯᠲᠠ ᠳᠤᠮᠳᠠ ᠡᠵᠡᠮᠰᠢᠬᠦ ᠴᠢᠬᠤᠯᠠᠲᠠᠢ ᠬᠡᠳᠦᠨ ᠭᠤᠣᠯᠳᠠᠯᠭ᠎ᠠ
ᠨᠡᠶᠢᠲᠡᠯᠡᠭᠰᠡᠨ ᠴᠠᠭ᠄
2022/10/4
      ᠬᠠᠪᠤᠷ ᠪᠣᠯ ᠮᠣᠳᠣ ᠲᠠᠷᠢᠵᠣ ᠣᠶᠢᠵᠢᠭᠤᠯᠬᠤ ᠰᠢᠵᠢᠷ ᠠᠯᠳᠠᠠ ᠤᠯᠠᠷᠢᠯ ᠪᠣᠯᠣᠨ᠎ᠠ᠃ ᠲᠡᠭᠡᠪᠡᠯ ᠬᠠᠪᠤᠷ ᠤᠨ ᠣᠶᠢᠵᠢᠭᠤᠯᠤᠯᠲᠠ ᠳᠤᠮᠳᠠ ᠳᠣᠣᠷᠠᠬᠢ ᠬᠡᠳᠦᠨ  ᠭᠤᠣᠯᠳᠠᠯᠭ᠎ᠠ ᠶᠢ ᠡᠵᠡᠮᠰᠢᠬᠦ ᠴᠢᠬᠤᠯᠠᠲᠠᠢ᠄           ᠨᠢᠭᠡ᠂ ᠲᠠᠷᠢᠬᠤ ᠴᠠᠭ᠄ ᠬᠠᠪᠤᠷ ᠤᠨ ᠡᠬᠢ ᠪᠠᠷ ᠬᠥᠷᠥᠰᠥ ᠰᠢᠷᠣᠢ ᠶᠢᠨ ᠴᠢᠬᠢᠭ ᠤᠨ ᠪᠠᠶᠢᠳᠠᠯ ᠨᠡᠯᠢᠶᠡᠳ ᠰᠠᠶᠢᠨ ᠪᠠᠶᠢᠳᠠᠭ᠂ ᠭᠠᠵᠠᠷ ᠤᠨ ᠳᠤᠯᠠᠭᠠᠨ ᠤ  ᠬᠡᠮᠵᠢᠶ᠎ᠡ ᠠᠭᠠᠵᠢᠮ ᠢᠶᠠᠷ ᠳᠡᠭᠡᠭᠰᠢᠯᠡᠬᠦ ᠶᠢ ᠳᠠᠭᠠᠯᠳᠤᠨ ᠬᠥᠷᠥᠰᠥ ᠰᠢᠷᠣᠢ ᠶᠢᠨ ᠴᠢᠬᠢᠭ ᠤᠨ ᠬᠡᠮᠵᠢᠶ᠎ᠡ ᠪᠠᠭᠠᠰᠤᠨ ᠬᠠᠳᠠᠳᠠᠭ ᠪᠣᠯᠬᠤᠷ ᠬᠠᠪᠤᠷ ᠮᠣᠳᠣ ᠲᠠᠷᠢᠬᠤ ᠳᠤ  ᠣᠷᠦ᠋ᠢᠳᠠᠭᠤᠯᠵᠣ ᠪᠣᠯᠬᠤ ᠦᠭᠡᠢ᠃ ᠤᠮᠠᠷᠠᠲᠤ ᠣᠷᠣᠨ ᠳᠤ ᠪᠣᠯ 3 ᠰᠠᠷ᠎ᠠ ᠶᠢᠨ ᠰᠡᠭᠦᠯᠴᠢ 4 ᠰᠠᠷ᠎ᠠ ᠶᠢᠨ ᠡᠬᠢᠨ ᠠᠴᠠ ᠡᠬᠢᠯᠡᠭᠦᠯᠦᠨ ᠨᠦᠬᠡ ᠮᠠᠯᠲᠠᠵᠤ  ᠲᠠᠷᠢᠪᠠᠯ ᠵᠣᠬᠢᠨ᠎ᠠ᠃           ᠬᠤᠶᠠᠷ᠂ ᠮᠣᠳᠣᠨ ᠤ ᠲᠥᠷᠥᠯ ᠢ ᠰᠣᠩᠭᠤᠬᠤ᠄ ᠲᠤᠬᠠᠢ ᠶᠢᠨ ᠭᠠᠵᠠᠷ ᠲᠤᠨᠢ ᠲᠣᠬᠢᠷᠠᠭᠰᠠᠨ ᠮᠣᠳᠣ ᠶᠢ ᠰᠣᠩᠭᠤᠬᠤ ᠵᠠᠷᠴᠢᠮ ᠢ ᠪᠠᠷᠢᠮᠲᠠᠯᠠᠵᠤ᠂ ᠡᠯ᠎ᠡ  ᠭᠠᠵᠠᠷ ᠤᠨ ᠬᠥᠷᠥᠰᠥ ᠰᠢᠷᠣᠢ ᠶᠢᠨ ᠤᠷᠭᠤᠯᠲᠠ ᠶᠢᠨ ᠨᠥᠬᠦᠴᠡᠯ ᠳᠤ ᠲᠣᠬᠢᠷᠠᠭᠰᠠᠨ ᠮᠣᠳᠣᠨ ᠤ ᠲᠥᠷᠥᠯ ᠢ ᠰᠣᠩᠭᠤᠨ᠎ᠠ᠃           ᠭᠤᠷᠪᠠ᠂ ᠵᠤᠯᠵᠠᠭ᠎ᠠ ᠮᠣᠳᠣ ᠶᠢ ᠰᠣᠩᠭᠤᠬᠤ᠄       1᠂ ᠢᠳᠡᠷᠡᠭᠦᠨ ᠲᠣᠷᠨᠢᠭᠤᠨ᠂ ᠭᠦᠢᠴᠡᠳ ᠮᠣᠳᠣᠵᠢᠭᠰᠠᠨ᠂ ᠡᠪᠡᠳᠴᠢᠨ ᠬᠤᠷᠣᠬᠠᠢ ᠶᠢᠨ ᠬᠥᠨᠥᠭᠡᠯ  ᠦᠭᠡᠢ᠂ ᠪᠠᠷᠢᠮᠵᠢᠶ᠎ᠠ ᠨᠢ ᠨᠢᠭᠡᠳᠦᠯᠲᠡᠢ ᠴᠢᠬᠢ ᠮᠣᠳᠣ ᠶᠢ ᠰᠣᠩᠭᠤᠨ᠎ᠠ︔       2᠂ ᠴᠢᠬᠢ ᠮᠣᠳᠣᠨ ᠤ ᠡᠰᠢ ᠶᠢᠨ ᠰᠢᠷᠣᠢ ᠶᠢᠨ ᠪᠥᠮᠪᠥᠭᠡᠯᠢᠭ ᠨᠢ ᠶᠡᠭᠡ᠂  ᠦᠨᠳᠦᠰᠦ ᠶᠢᠨ ᠰᠢᠰᠲ᠋ᠧᠮ ᠨᠢ ᠪᠦᠷᠢᠨ ᠪᠦᠲᠦᠨ ᠪᠠᠶᠢᠵᠤ᠂ ᠰᠠᠬᠠᠯ ᠦᠨᠳᠦᠰᠦ  ᠨᠢ ᠣᠯᠠᠠ᠂ ᠭᠤᠣᠯ ᠦᠨᠳᠦᠰᠦ ᠶᠢᠨ ᠲᠠᠰᠤᠷᠬᠠᠢ ᠠᠮᠠᠰᠠᠷ ᠨᠢ ᠵᠢᠭᠳᠡ᠂  ᠴᠠᠪᠴᠢᠭᠰᠠᠨ ᠦᠭᠡᠢ ᠬᠠᠭᠠᠷᠠᠭᠰᠠᠨ ᠦᠭᠡᠢ ᠪᠠᠶᠢᠬᠤ ᠬᠡᠷᠡᠭᠲᠡᠢ︔ ᠴᠢᠬᠢ ᠮᠣᠳᠣᠨ ᠤ ᠬᠡᠪ ᠪᠠᠷᠢᠮᠵᠢᠶ᠎ᠠ ᠶᠢᠨ ᠳ᠋ᠢᠶᠠᠮᠧᠲᠷ ᠨᠢ 3 ᠰᠠᠨᠲ᠋ᠢᠮᠧᠲᠷ ᠠᠴᠠ ᠳᠡᠭᠡᠭᠰᠢ᠂  ᠥᠨᠳᠥᠷ ᠨᠢ 3.5 ᠮᠧᠲᠷ ᠠᠴᠠ ᠳᠡᠭᠡᠭᠰᠢ 2 ᠵᠢᠯ ᠤᠷᠭᠤᠭᠰᠠᠨ ᠶᠡᠭᠡ ᠴᠢᠬᠢ ᠮᠣᠳᠣ ᠨᠢ ᠰᠠᠶᠢᠨ᠃           ᠳᠥᠷᠪᠡ᠂ ᠲᠠᠷᠢᠬᠤ ᠮᠡᠷᠭᠡᠵᠢᠯ᠄       1᠂ ᠴᠢᠬᠢ ᠮᠣᠳᠣᠨ ᠤ ᠪᠠᠨ ᠬᠠᠵᠠᠭᠤ ᠰᠠᠯᠠᠭ᠎ᠠ ᠶᠢ ᠬᠠᠶᠢᠴᠢᠯᠠᠵᠤ᠂ 2 - 3 ᠨᠠᠬᠢᠶ᠎ᠠ ᠦᠯᠡᠳᠡᠭᠡᠵᠦ᠂  ᠥᠷᠢᠰᠦᠯᠳᠦᠬᠦ ᠰᠠᠯᠠᠭ᠎ᠠ ᠶᠢ ᠨᠢ ᠠᠷᠢᠯᠭᠠᠨ᠎ᠠ︔ ᠴᠢᠬᠢ ᠮᠣᠳᠣ ᠪᠠᠨ ᠳᠡᠪᠲᠦᠭᠡᠵᠦ᠂ ᠴᠢᠬᠢ ᠮᠣᠳᠣᠨ ᠳᠠᠭᠠᠨ ᠤᠰᠤ ᠬᠠᠳᠠᠭᠠᠯᠠᠬᠤ ᠡᠳ᠋ ᠪᠤᠶᠤ ABT  ᠦᠨᠳᠦᠰᠦ ᠣᠷᠭᠤᠭᠤᠯᠬᠤ ᠨᠤᠨᠳᠠᠭ ᠢ ᠨᠠᠭᠠᠯᠳᠤᠭᠤᠯᠵᠤ ᠳᠠᠷᠤᠢ ᠳᠤᠨᠢ ᠲᠠᠷᠢᠨ᠎ᠠ᠃ ᠴᠠᠭ ᠳᠠᠷᠤᠢ ᠳᠤᠨᠢ ᠲᠠᠷᠢᠵᠣ ᠠᠮᠵᠢᠬᠤ ᠦᠭᠡᠢ ᠪᠣᠯ ᠴᠢᠬᠢ ᠮᠣᠳᠣ ᠪᠠᠨ  ᠣᠰᠣᠠ ᠳᠤ ᠳᠡᠪᠲᠦᠭᠡᠵᠦ᠂ ᠨᠠᠷᠠᠠ ᠳᠤ ᠰᠢᠷᠠᠬᠳᠠᠠ ᠰᠠᠯᠬᠢᠨ ᠳᠤ ᠦᠯᠢᠶᠡᠭᠳᠡᠬᠦ ᠠᠴᠠ ᠬᠢᠴᠢᠶᠡᠬᠦ ᠬᠡᠷᠡᠭᠲᠡᠢ᠂ ᠬᠤᠯᠠ ᠠᠴᠠ ᠲᠡᠭᠡᠭᠡᠪᠦᠷᠢᠯᠡᠵᠦ ᠢᠷᠡᠭᠰᠡᠨ ᠴᠢᠬᠢ  ᠮᠣᠳᠣ ᠪᠠᠨ ᠡᠷᠬᠡᠪᠰᠢ 24 ᠴᠠᠭ ᠣᠰᠣᠠ ᠳᠤ ᠳᠡᠪᠲᠦᠭᠡᠭᠰᠡᠨ ᠤ ᠲᠠᠷᠠᠭ᠎ᠠ ᠲᠠᠷᠢᠨ᠎ᠠ᠃       2᠂ ᠣᠷᠳᠣ᠂ ᠥᠷᠭᠡᠨ᠂ ᠭᠦᠨ ᠨᠢ ᠪᠦᠷ 80 ᠰᠠᠨᠲ᠋ᠢᠮᠧᠲᠷ ᠤᠨ  ᠳᠥᠷᠪᠡᠯᠵᠢᠨ ᠨᠦᠬᠡ ᠮᠠᠯᠲᠠᠨ᠎ᠠ᠃ ᠬᠠᠳᠠ ᠴᠢᠯᠠᠭᠤ ᠲᠠᠢ ᠭᠠᠵᠠᠷ ᠳᠡᠭᠡᠷ᠎ᠡ ᠨᠦᠬᠡ ᠮᠠᠯᠲᠠᠬᠤ ᠳᠠᠭᠠᠨ ᠬᠠᠳᠠ ᠴᠢᠯᠠᠭᠤ ᠶᠢ ᠨᠢ ᠠᠪᠴᠤ ᠬᠠᠶᠠᠵᠤ᠂ ᠮᠣᠳᠣᠨ ᠤ  ᠡᠳᠡᠭᠡᠷᠡᠯᠲᠡ ᠶᠢ ᠨᠥᠯᠥᠭᠡᠯᠡᠬᠦ ᠠᠴᠠ ᠵᠠᠶᠢᠯᠠᠰᠬᠢᠨ᠎ᠡ᠃          ᠲᠠᠪᠤ᠂ ᠬᠠᠮᠢᠶᠠᠷᠤᠯᠲᠠ ᠶᠢᠨ ᠠᠵᠢᠯ᠄ ᠠᠭᠤᠷ ᠠᠮᠢᠰᠬᠤᠯ ᠪᠣᠯᠣᠨ ᠬᠥᠷᠥᠰᠥᠨ ᠤ ᠴᠢᠬᠢᠭ ᠤᠨ ᠪᠠᠶᠢᠳᠠᠯ ᠢ ᠦᠨᠳᠦᠰᠦᠯᠡᠵᠦ ᠰᠢᠨ᠎ᠡ ᠳᠠᠷᠢᠭᠰᠠᠨ ᠴᠢᠬᠢ  ᠮᠣᠳᠣ ᠪᠠᠨ ᠴᠠᠭ ᠳᠠᠷᠤᠢ ᠳᠤᠨᠢ ᠤᠰᠤᠯᠠᠨ᠎ᠠ᠂ ᠶᠡᠷᠦ ᠳᠡᠭᠡᠨ ᠰᠢᠨ᠎ᠡ ᠳᠠᠷᠢᠭᠰᠠᠨ ᠴᠢᠬᠢ ᠮᠣᠳᠣ ᠪᠠᠨ ᠨᠢᠭᠡᠳᠦᠭᠡᠷ ᠵᠢᠯ ᠳᠤᠨᠢ ᠪᠤᠭᠤᠳᠠᠢ ᠬᠤᠷᠢᠶᠠᠬᠤ ᠠᠴᠠ  ᠡᠮᠦᠨ᠎ᠡ ᠪᠣᠯᠳᠠᠯ᠎ᠠ 6 ᠤᠳᠠᠭ᠎ᠠ ᠠᠴᠠ ᠳᠡᠭᠡᠭᠰᠢ ᠤᠰᠤᠯᠠᠵᠤ᠂ ᠲᠡᠷᠡᠴᠢᠯᠡᠨ ᠤᠨᠠᠭᠰᠠᠨ ᠡᠰᠡᠬᠦ᠂ ᠬᠠᠵᠠᠶᠢᠭᠰᠠᠨ ᠡᠰᠡᠬᠦ ᠪᠤᠶᠤ ᠦᠨᠳᠦᠰᠦ ᠨᠢ ᠭᠠᠷᠤᠭᠰᠠᠨ  ᠡᠰᠡᠬᠦ ᠶᠢ ᠴᠠᠭ ᠢᠮᠠᠭᠲᠠ ᠪᠠᠶᠢᠴᠠᠭᠠᠨ ᠦᠵᠡᠵᠦ᠂ ᠬᠡᠷᠪᠡ ᠡᠶᠢᠮᠦᠷᠬᠦᠦ ᠪᠠᠶᠢᠳᠠᠯ ᠭᠠᠷᠤᠭᠰᠠᠨ ᠪᠠᠶᠢᠪᠠᠯ ᠳᠠᠷᠤᠶᠢᠬᠠᠨ ᠵᠠᠰᠠᠵᠤ ᠰᠢᠷᠣᠢ ᠨᠡᠮᠡᠨ ᠪᠥᠭᠡᠴᠢᠯᠡᠨ᠎ᠡ ︔  ᠮᠣᠳᠣ ᠪᠠᠨ ᠵᠠᠶᠢᠯᠠᠭᠰᠠᠨ ᠤ ᠲᠠᠷᠠᠭ᠎ᠠ ᠡᠪᠡᠳᠴᠢᠨ ᠬᠤᠷᠣᠬᠠᠢ ᠪᠤᠶᠤ ᠮᠠᠯ ᠤᠨ ᠬᠤᠬᠢᠷᠠᠯ ᠳᠤ ᠤᠴᠠᠷᠠᠬᠤ ᠠᠴᠠ ᠰᠡᠷᠭᠡᠶᠢᠯᠡᠬᠦ ᠶᠢᠨ ᠲᠥᠯᠥᠭᠡ ᠮᠣᠳᠣᠨ ᠤ  ᠳᠣᠣᠭᠤᠷ ᠨᠢ ᠴᠠᠭᠠᠨ ᠢᠶᠠᠷ ᠪᠣᠳᠣᠬᠤ ᠪᠤᠶᠤ ᠪᠠᠺᠲ᠋ᠧᠷᠢ ᠠᠯᠠᠬᠤ ᠡᠮ ᠴᠣᠬᠤᠢ ᠨᠡᠶᠢᠯᠡᠮᠡᠯ ᠡᠳ᠋ ᠢ ᠲᠥᠷᠬᠢᠨ᠎ᠠ᠃ 
ᠢᠷᠡᠯᠲᠡ᠄ ᠤᠷᠳᠤᠰ ᠤᠨ ᠮᠤᠩᠭᠤᠯ ᠭᠡᠯᠡᠨ ᠤ ᠰᠤᠨᠢᠨ ᠮᠡᠳᠡᠭᠡᠨ ᠤ ᠰᠦᠯᠵᠢᠶ᠎ᠡ