︽ᠬᠤᠶᠠᠷ ᠬᠤᠷᠠᠯ︾᠎ ᠳᠤ ᠳᠠᠯᠪᠢᠭᠰᠡᠨ ᠮᠢᠨᠤ ᠬᠦᠰᠡᠯ ᠨᠠᠶᠢᠳᠠᠯᠭ᠎ᠠ
ᠨᠡᠶᠢᠲᠡᠯᠡᠭᠰᠡᠨ ᠴᠠᠭ᠄
2022/2/16
     ᠡᠵᠡᠨ ᠬᠤᠷᠤᠭ᠎ᠠ ᠬᠤᠰᠢᠭᠤᠨ ᠤ ᠣᠯᠠᠭᠠᠨᠮᠦ᠋ᠴᠢᠷ ᠤᠨ ᠪᠦᠵᠢᠭᠴᠢᠨ ᠰᠣᠷᠳᠣ ᠪᠤᠯ22 ᠨᠠᠰᠣ ᠲᠠᠢ ᠵᠠᠯᠠᠭᠤ ᠣᠷᠠᠯᠢᠭᠴᠢᠨ ᠪᠤᠯᠤᠨ᠎ᠠ᠃ ᠬᠡᠳᠣᠶᠢᠪᠡᠷ ᠨᠠᠰᠣ ᠪᠠᠭ᠎ᠠ ᠴᠢᠰᠣ ᠰᠢᠩᠭᠡᠨ ᠴᠣ᠋ ᠠᠵᠢᠯ ᠤᠨ ᠪᠠᠶᠢᠷᠢᠨ ᠳᠤ ᠬᠠᠷᠤᠭᠰᠡᠨ ᠬᠤᠦᠠᠷ ᠵᠢᠯ ᠤᠨ ᠳᠣᠷᠰᠢ  ᠣᠯᠣᠰ ᠤᠨ ᠳᠣᠳᠣᠭᠠᠳᠣ ᠶᠢᠨ ᠪᠦᠵᠢᠭ ᠤᠨ ᠣᠷᠣᠯᠳᠣᠭᠠᠨ ᠳᠤ ᠣᠯᠠᠨᠳᠠ ᠣᠷᠣᠯᠴᠠᠵᠤ᠂ ᠵᠠᠯᠠᠭᠤ ᠬᠦᠮᠦᠨ ᠤ ᠣᠮᠤᠭ ᠬᠡᠶᠢᠮᠤᠷᠢ ᠶᠢ ᠬᠠᠷᠠᠭᠤᠯᠵᠤ ᠶᠠᠪᠤᠨ᠎ᠠ᠃2021 ᠣᠨ ᠤ10 ᠰᠠᠷ᠎ᠠ ᠳᠤ ᠱᠠᠨᠳᠦ᠋ᠩ ᠮᠤᠵᠢ ᠳᠤ ᠶᠠᠪᠤᠭᠳᠠᠭᠰᠡᠨ ᠠᠷᠪᠠᠨ ᠭᠤᠷᠪᠠᠳᠣᠭᠠᠷ ᠬᠤᠭᠤᠴᠠᠭᠠᠨ ᠤ ︽ᠯᠢᠩᠬᠤᠸ᠎ᠠ ᠬᠤᠨᠳᠠᠭᠠᠳᠣ︾ ᠳᠣᠮᠳᠠᠳᠣ ᠶᠢᠨ ᠦᠨᠳᠦᠰᠦᠳᠡᠨ ᠤ ᠪᠦᠵᠢᠭ ᠤᠨ ᠱᠠᠩᠨᠠᠯᠳᠣ ᠣᠷᠣᠯᠳᠣᠭᠠᠨ ᠳᠤ ︽ᠠᠪᠤ ᠎ ᠶᠢᠨ ᠮᠤᠷᠢᠨ ᠨᠤᠭᠳᠣ︾ ᠭᠡᠰᠡᠨ ᠪᠦᠵᠢᠭ ᠢᠶᠠᠷ ᠪᠦᠬᠦ ᠣᠯᠣᠰ ᠤᠨ ᠲᠤᠰᠬᠠᠢ ᠮᠡᠷᠭᠡᠵᠢᠯ ᠤᠨ ᠪᠦᠵᠢᠭ ᠤᠨ ᠣᠷᠠᠯᠢᠭ ᠤᠨ ᠬᠦᠷᠢᠶᠠᠨ ᠤ ᠬᠠᠮᠤᠭ ᠦᠨᠳᠦᠷ ᠱᠠᠩᠨᠠᠯ ᠢ ᠳᠣᠰᠣᠭᠰᠡᠨ ᠪᠠᠶᠢᠨ᠎ᠠ᠃       ᠬᠤᠲᠠ ᠶᠢᠨ ︽ᠬᠤᠶᠠᠷ ᠬᠤᠷᠠᠯ︾ ᠬᠤᠷᠠᠯᠳᠣᠬᠤ ᠳᠠᠰᠢᠷᠠᠮ ᠢᠶᠠᠷ ᠳᠡᠷᠡ᠄ ︽ᠨᠢᠭᠡ ᠵᠠᠯᠠᠭᠤ ᠪᠦᠵᠢᠭᠴᠢᠨ ᠪᠤᠯᠤᠭᠰᠡᠨ ᠤ ᠬᠤᠪᠢ ᠳᠤ ᠣᠷᠳᠣᠰ ᠪᠦᠵᠢᠭ ᠢ ᠦᠪᠯᠡᠨ ᠣᠯᠠᠮᠵᠢᠯᠠᠬᠤ ᠳᠠᠯ᠎ᠠ ᠳᠡᠭᠡᠷ᠎ᠡ ᠢᠯᠡᠭᠦᠭᠡᠨ ᠠᠩᠬᠠᠷᠣᠯ ᠢᠶᠠᠨ ᠬᠠᠨᠳᠣᠭᠤᠯᠵᠤ ᠦᠪᠡᠷ ᠤᠨ ᠭᠡᠰᠡᠨ ᠬᠤᠪᠢ ᠨᠡᠮᠡᠷᠢ ᠪᠠᠨ ᠦᠵᠡᠭᠦᠯᠦᠨ᠎ᠡ᠃ ᠣᠷᠳᠣᠰ ᠪᠦᠵᠢᠭ ᠴᠢᠩᠬᠤᠸᠠ ᠶᠡᠭᠡ ᠰᠣᠷᠭᠠᠭᠤᠯᠢ ᠶᠢᠨ ᠬᠦᠷᠢᠶᠡᠨ ᠳᠤ 60 ᠭᠠᠷᠤᠢ ᠵᠢᠯ ᠣᠯᠠᠮᠵᠢᠯᠠᠭᠳᠠᠵᠤ᠂ ᠰᠣᠷᠭᠠᠭᠤᠯᠢ ᠪᠠᠶᠢᠭᠤᠯᠤᠭᠳᠠᠭᠰᠡᠨ80 ᠵᠢᠯ ᠤᠨ ᠣᠢ ᠠᠴᠠ110 ᠵᠢᠯ ᠎ ᠤᠨ ᠣᠢ ᠬᠦᠷᠳᠡᠯ᠎ᠡ ᠪᠦᠵᠢᠭᠯᠡᠭᠳᠡᠪᠡ᠂ ᠭᠠᠵᠠᠷ ᠣᠷᠣᠨ ᠤ ᠬᠠᠮᠳᠣᠷᠠᠯ ᠤᠨ ᠬᠦᠴᠦᠨ ᠤ ᠪᠡᠯᠭᠡᠳᠡᠯ ᠪᠤᠯᠤᠭᠰᠡᠨ ᠤ ᠬᠤᠪᠢ ᠳᠤ᠂  ᠪᠢᠳᠡ ᠨᠡᠩ ᠴᠣ᠋ ᠣᠷᠣᠨ ᠨᠤᠲᠤᠭ ᠎ ᠲᠠᠭᠠᠨ ᠨᠡᠩ  ᠦᠷᠭᠡᠨ ᠳᠡᠯᠭᠡᠷᠡᠭᠦᠯᠵᠤ᠂ ᠪᠦᠬᠦ ᠠᠷᠠᠳ ᠢᠶᠠᠷ ᠢᠶᠠᠨ ᠪᠡᠶ᠎ᠡ ᠴᠢᠭᠢᠷᠠᠭᠵᠢᠭᠤᠯᠬᠤ ᠬᠦᠳᠡᠯᠭᠡᠭᠡᠨ ᠲᠠᠢ ᠤᠶᠠᠯᠳᠣᠭᠤᠯᠤᠨ᠂ ᠣᠷᠳᠣᠰ ᠪᠦᠵᠢᠭ ᠢᠶᠠᠨ ᠳᠡᠯᠡᠭᠡᠢ  ᠎ ᠶᠢᠨ ᠬᠠᠷᠠᠭᠠᠨ ᠳᠤ ᠬᠦᠷᠭᠡᠪᠡᠯ ᠵᠤᠬᠢᠨ᠎ᠠ︾ ᠭᠡᠵᠤ ᠬᠦᠰᠡᠯ ᠡᠷᠡᠮᠡᠯᠵᠡᠯ ᠢᠶᠠᠨ ᠳᠡᠪᠰᠢᠭᠦᠯᠦᠭᠰᠡᠨ ᠪᠠᠶᠢᠨ᠎ᠠ᠃     ᠨᠠᠨ᠎ᠠ 2021 ᠤᠨ ᠳᠤ ᠦᠪᠦᠷ ᠮᠤᠩᠭᠤᠯ ᠤᠨ ᠳᠠᠷᠢᠶᠠᠯᠠᠩ ᠤᠨ ᠶᠡᠭᠡ ᠰᠣᠷᠭᠠᠭᠤᠯᠢ ᠶᠢᠨ ᠨᠡᠶᠢᠭᠡᠮ ᠤᠨ ᠠᠵᠢᠯ ᠤᠨ ᠮᠡᠷᠭᠡᠵᠢᠯ ᠢᠶᠠᠷ ᠣᠶᠣᠳᠠᠨ ᠴᠣᠯᠠ ᠬᠠᠮᠠᠭᠠᠯᠠᠵᠤ᠂ ᠣᠳᠣ ᠳᠦᠷᠦᠭᠰᠡᠨ ᠨᠤᠲᠤᠭ ᠬᠠᠩᠬᠢᠨ ᠬᠤᠰᠢᠭᠤᠨ ᠤ ᠶᠡᠭᠡᠨ᠋ᠣᠰᠣ ᠰᠣᠮᠣᠨ ᠤ ᠬᠦᠳᠡᠭᠡ ᠭᠡᠷ ᠲᠡᠭᠡᠨ ᠠᠵᠢᠯ ᠬᠦᠯᠢᠶᠡᠵᠤ ᠪᠠᠶᠢᠭ᠎ᠠ ᠦᠭᠢᠨ᠃ ᠳᠡᠷᠡ ᠬᠦᠳᠡᠭᠡ ᠶᠢᠨ ᠪᠤᠷᠤ ᠠᠵᠢᠯ ᠳᠤ ᠳᠠᠰᠴᠣ ᠠᠪᠤ ᠡᠵᠢ ᠳᠡᠭᠡᠨ ᠳᠣᠰᠠ ᠳᠡᠮ ᠪᠤᠯᠵᠤ ᠬᠠᠵᠠᠭᠤ ᠳᠤᠨᠢ ᠪᠠᠶᠢᠭ᠎ᠠ ᠳᠠᠭᠠᠨ ᠰᠡᠳᠬᠢᠯ ᠬᠠᠨᠤᠮᠵᠢᠳᠠᠢ ᠪᠠᠶᠢᠯ᠎ᠠ᠃ ᠬᠤᠵᠢᠮ ᠎ ᠤᠨ ᠲᠤᠬᠠᠢ ᠶᠠᠷᠢᠬᠤ ᠳᠤ ᠳᠡᠷᠡ᠄ ︽ᠠᠪᠤ ᠡᠵᠢ ᠶᠢᠨ ᠰᠠᠨᠠᠭ᠎ᠠ ᠪᠤᠯ ᠠᠯᠪᠠᠨ ᠠᠵᠢᠯ ᠣᠯᠵᠣ᠂ ᠬᠤᠲᠠ ᠪᠠᠯᠭᠠᠰᠣ ᠪᠠᠷ ᠠᠮᠢᠳᠣᠷᠠᠬᠤ ᠶᠢ ᠬᠦᠰᠡᠳᠡᠭ᠃ ᠬᠡᠳᠡᠯ᠎ᠡ ᠠᠯᠪᠠᠳᠠᠨ ᠰᠢᠯᠭᠠᠬᠤ ᠦᠷᠢᠰᠦᠯᠳᠦᠭᠡᠨ ᠰᠢᠷᠦᠭᠦᠨ᠂ ᠭᠠᠵᠠᠷ ᠣᠷᠣᠨ ᠤ ᠠᠯᠪᠠᠳᠠᠨ ᠠᠵᠢᠯᠳᠠᠨ ᠡᠯᠰᠡᠬᠦ ᠰᠢᠯᠭᠠᠯᠳᠠ ᠶᠢ ᠨᠡᠩ ᠣᠯᠠᠨ ᠲᠤᠬᠢᠷᠠᠭᠤᠯᠵᠤ᠂ ᠠᠵᠤ ᠠᠬᠤᠶᠢᠯᠠᠯ᠂ ᠠᠵᠢᠯ ᠦᠢᠯᠡᠰ ᠤᠨ ᠨᠢᠭᠡᠴᠢ ᠪᠠᠰᠠ ᠢᠯᠡᠭᠦᠭᠡᠨ ᠬᠦᠮᠦᠨ ᠡᠯᠰᠡᠬᠦ ᠶᠢ ᠬᠦᠰᠡᠵᠤ ᠪᠠᠶᠢᠨ᠎ᠠ᠃ ᠠᠵᠢᠯ ᠳᠡᠭᠡᠷ᠎ᠡ ᠡᠷᠳᠡᠭᠡᠨ ᠭᠠᠷᠴᠣ ᠠᠪᠤ ᠡᠵᠢ ᠪᠠᠨ ᠠᠮᠠᠷᠠᠭᠤᠯᠤᠶ᠎ᠠ ᠭᠡᠵᠤ ᠪᠤᠳᠤᠨ᠎ᠠ︾ ᠬᠡᠮᠡᠨ ᠤᠬᠠᠭᠠᠯᠢᠭ ᠶᠠᠷᠢᠵᠤ ᠪᠠᠶᠢᠯ᠎ᠠ᠃
ᠢᠷᠡᠯᠲᠡ᠄ ᠤᠷᠳᠤᠰ ᠮᠤᠩᠭᠤᠯ ᠰᠦᠯᠵᠢᠶ᠎ᠡ