ᠪᠠᠴᠢᠮ ᠰᠡᠷᠡᠮᠵᠢᠯᠡᠭᠦᠯᠦᠯ︕ ︽ᠡᠮᠴᠢᠯᠡᠭᠡ ᠶᠢᠨ ᠳᠠᠭᠠᠳᠬᠠᠯ ᠤᠨ ᠺᠠᠷᠲ ᠤᠨ ᠬᠡᠷᠡᠭᠯᠡᠯᠲᠡ ᠶᠢ ᠵᠣᠭᠰᠣᠭᠠᠬᠤ︾ ᠭᠡᠰᠡᠨ ᠮᠡᠳᠡᠭᠡ ᠨᠢ ᠨᠢᠭᠡ ᠵᠦᠢᠯ ᠤᠨ ᠮᠡᠬᠡᠯᠡᠯ ᠪᠣᠯᠬᠤ ᠶᠤᠮ
ᠨᠡᠶᠢᠲᠡᠯᠡᠭᠰᠡᠨ ᠴᠠᠭ᠄
2022/3/17
  ᠢᠯᠡᠷᠬᠡᠶᠢᠯᠡᠯᠲᠡ   ᠣᠶᠢᠷ᠎ᠠ ᠳᠤ᠂ ᠣᠯᠠᠨ ᠬᠥᠮᠦᠨ ᠡᠮᠴᠢᠯᠡᠭᠡ ᠶᠢᠨ ᠳᠠᠭᠠᠳᠬᠠᠯ ᠤᠨ ᠲᠠᠩᠰᠠᠨ ᠡᠷᠦᠬᠡ ᠶᠢᠨ ᠬᠡᠷᠡᠭᠯᠡᠯᠲᠡ ᠶᠢ ᠨᠢᠭᠡᠨᠲᠡ ᠵᠣᠭᠰᠤᠭᠠᠭᠰᠠᠨ ᠪᠣᠯᠬᠤᠷ ᠣᠬᠤᠷ ᠮᠡᠳᠡᠭᠡᠨ ᠳᠠᠬᠢ ᠰᠦᠯᠵᠢᠶᠡᠨ ᠳᠤ ᠳᠠᠩᠰᠠᠯᠠᠭᠤᠯᠵᠤ ᠡᠮᠴᠢᠯᠡᠭᠡ ᠶᠢᠨ ᠳᠠᠭᠠᠳᠬᠠᠯ ᠤᠨ ᠬᠤᠯᠪᠣᠭᠳᠠᠯ ᠪᠥᠬᠦᠶ ᠲᠤᠬᠠᠶᠢᠯᠠᠭᠰᠠᠨ ᠠᠵᠢᠯ ᠢᠶᠠᠨ ᠰᠡᠷᠭᠦᠭᠡᠵᠦ ᠲᠠᠰ ᠳᠡᠪᠰᠢᠭᠦᠯᠬᠦ ᠬᠡᠷᠡᠭᠲᠡᠶ ᠭᠡᠰᠡᠨ ᠣᠬᠤᠷ ᠮᠡᠳᠡᠭᠡᠨ ᠤ ᠮᠡᠳᠡᠭᠳᠡᠯ ᠢ ᠲᠣᠰᠤᠯ᠎ᠠ ᠭᠡᠵᠦ ᠳᠤᠰᠬᠠᠵᠤ ᠪᠠᠶᠢᠨ᠎ᠠ᠃ ᠮᠠᠨ ᠤ ᠲᠣᠪᠴᠢᠶ᠎ᠠ ᠲᠥᠪ ᠴᠢᠩᠭ᠎ᠠ ᠪᠠᠷ ᠢᠯᠡᠷᠭᠡᠶᠢᠯᠡᠬᠦ ᠨᠢ᠂ ᠲᠣᠰ ᠣᠬᠤᠷ ᠮᠡᠳᠡᠭᠡ ᠪᠣᠯ ᠮᠡᠬᠡᠯᠡᠯ ᠤᠨ ᠣᠬᠤᠷ ᠮᠡᠳᠡᠭᠡ ᠪᠣᠯᠬᠤ ᠶᠤᠮ᠂ ᠮᠠᠨ ᠤ ᠲᠣᠪᠴᠢᠶ᠎ᠠ ᠣᠬᠤᠷ ᠮᠡᠳᠡᠭᠡᠨ ᠤ ᠬᠡᠯᠪᠡᠷᠢ ᠪᠠᠷ ᠡᠶᠢᠮᠦᠷᠬᠦᠦ ᠮᠡᠳᠡᠭᠳᠡᠯ ᠶᠠᠪᠤᠭᠤᠯᠤᠭᠰᠠᠨ ᠦᠭᠡᠢ᠂ ᠮᠠᠨ ᠤ ᠲᠣᠪᠴᠢᠶ᠎ᠠ ᠶᠢᠨ ᠠᠯᠪᠠᠨ ᠰᠦᠯᠵᠢᠶᠡᠨ ᠤ ᠬᠠᠶ᠋ᠢᠭ ᠤᠨ ᠲᠡᠭᠦᠰᠬᠡᠯ ᠨᠢ ᠪᠦᠷ ylbzj.nmg.gov.cn᠎ ᠢᠶᠠᠷ ᠲᠡᠮᠳᠡᠭ ᠪᠣᠯᠭᠠᠵᠤ ᠂ ᠪᠤᠰᠤᠳ ᠬᠠᠶ᠋ᠢᠭ ᠪᠣᠯ ᠪᠦᠷ ᠬᠠᠭᠤᠷᠮᠠᠭ ᠶᠤᠮ᠃  ᠣᠯᠠᠨ ᠢᠶᠠᠷ ᠢᠶᠠᠨ ᠪᠢᠲᠡᠭᠡᠶ ᠢᠲᠡᠭᠡᠭᠡᠷᠡᠶ᠂ ᠣᠬᠤᠷ ᠮᠡᠳᠡᠭᠡᠨ ᠳᠠᠬᠢ ᠴᠥᠷᠬᠡᠯᠡᠭᠡ ᠶᠢ ᠪᠢᠲᠡᠭᠡᠶ ᠳᠠᠷᠤᠭᠠᠷᠠᠶ᠂ ᠪᠤᠰᠤᠳ ᠲᠤ ᠳᠠᠮᠵᠢᠭᠤᠯᠬᠤ ᠥᠬᠡᠶ ᠪᠠᠶᠢᠵᠤ᠂ ᠮᠡᠬᠡᠯᠡᠭᠳᠡᠬᠦ ᠠᠴᠠ ᠪᠣᠯᠭᠤᠮᠵᠢᠯᠠᠭᠠᠷᠠᠶ᠃  ▲ ᠮᠡᠬᠡᠯᠡᠭᠴᠢ ᠶᠢᠨ ᠶᠠᠪᠤᠭᠤᠯᠤᠭᠰᠠᠨ ᠮᠡᠬᠡᠯᠡᠯ ᠤᠨ ᠣᠬᠤᠷ ᠮᠡᠳᠡᠭᠡ
    ᠣᠶᠢᠷ᠎ᠠ ᠳᠤ᠂ ᠨᠢᠭᠡ ᠵᠦᠢᠯ ᠤᠨ ᠰᠢᠨ᠎ᠡ ᠬᠡᠯᠪᠡᠷᠢ ᠶᠢᠨ ᠮᠡᠬᠡᠯᠡᠯ ᠤᠨ ᠠᠷᠭ᠎ᠠ ᠪᠥᠬᠦ ᠤᠯᠤᠰ ᠲᠤ ᠳᠡᠯᠭᠡᠷᠡᠵᠦ᠂ ᠤᠳᠠᠯ ᠥᠬᠡᠶ ᠰᠦᠷᠴᠢᠮᠡᠯ ᠤᠰᠤ ᠮᠡᠲᠦ ᠲᠡᠯᠭᠡᠷᠡᠬᠦ ᠬᠠᠨᠳᠤᠰᠢ ᠢᠯᠡᠷᠡᠬᠦ ᠭᠡᠵᠦ ᠪᠣᠢ᠂ ᠡᠷᠬᠡᠪᠰᠢ ᠠᠩᠬᠠᠷᠤᠨ ᠰᠡᠷᠭᠡᠶᠢᠯᠡᠬᠦ ᠬᠡᠷᠡᠭᠲᠡᠶ︕    ᠮᠠᠰᠢ ᠣᠯᠠᠨ ᠬᠥᠮᠦᠨ ᠭᠠᠷ ᠤᠲᠠᠰᠤᠨ ᠳᠤ ᠪᠠᠨ ᠡᠶᠢᠮᠦ ᠣᠬᠤᠷ ᠮᠡᠳᠡᠭᠡ ᠶᠢ ᠣᠯᠤᠭᠰᠠᠨ ᠤ ᠳᠠᠷᠠᠭ᠎ᠠ ᠬᠡᠳᠦᠨ ᠮᠢᠩᠭ᠎ᠠ ᠠᠴᠠ ᠬᠡᠳᠦᠨ ᠲᠦᠮᠡᠨ ᠲᠥᠭᠦᠷᠢᠭ ᠮᠡᠬᠡᠯᠡᠭᠳᠡᠵᠦ ᠪᠠᠶᠢᠨ᠎ᠠ᠃ ︽ᠡᠮᠴᠢᠯᠡᠭᠡ ᠶᠢᠨ ᠳᠠᠭᠠᠳᠬᠠᠯ ᠤᠨ ᠺᠠᠷᠲ︾ ᠪᠣᠯ ᠮᠠᠰᠢ ᠣᠯᠠᠨ ᠬᠥᠮᠦᠨ ᠤ ᠠᠮᠢᠳᠤᠷᠠᠯ ᠳᠠᠬᠢ ᠬᠠᠮᠤᠭ ᠤᠨ ᠴᠢᠬᠤᠯᠠ ᠺᠠᠷᠲ ᠤᠨ ᠨᠢᠭᠡ ᠮᠥᠨ᠃   ᠡᠶᠢᠮᠦ ᠠᠴᠠ᠂ ᠡᠨᠡ ᠬᠦ ᠣᠬᠤᠷ ᠮᠡᠳᠡᠭᠡ ᠨᠢ ᠬᠡᠳᠦ᠋ᠢᠪᠡᠷ ᠣᠷᠳᠣ ᠪᠢᠰᠢ ᠪᠣᠯᠪᠠᠴᠤ ᠡᠮᠴᠢᠯᠡᠭᠡ ᠶᠢᠨ ᠳᠠᠭᠠᠳᠬᠠᠯ ᠤᠨ ᠺᠠᠷᠲ ᠤᠨ ︿ᠬᠡᠷᠡᠭᠯᠡᠯᠲᠡ ᠶᠢ ᠵᠣᠭᠰᠤᠭᠠᠬᠤ﹀ ᠭᠡᠰᠡᠨ ᠮᠡᠳᠡᠭᠡ ᠨᠢ ᠬᠥᠮᠦᠰ ᠢ ᠲᠡᠷᠡ ᠳᠤᠤᠷ᠎ᠠ ᠨᠢ ᠪᠠᠴᠢᠮᠳᠠᠵᠤ ᠰᠠᠨᠳᠤᠷᠬᠤ ᠪᠠᠶᠢᠳᠠᠯ ᠳᠤ ᠣᠷᠣᠭᠤᠯᠳᠠᠭ᠃   ᠬᠥᠮᠦᠨ ᠳᠤ ᠠᠳᠡᠭᠦᠷᠡᠯ ᠪᠣᠯᠬᠤ ᠠᠴᠠ ᠵᠠᠶᠢᠯᠠᠰᠬᠢᠵᠦ᠂ ᠠᠵᠤ ᠠᠬᠤᠶ ᠶᠢᠨ ᠬᠤᠬᠢᠷᠠᠯ ᠤᠴᠠᠷᠠᠭᠤᠯᠬᠤ ᠠᠴᠠ ᠵᠠᠶᠢᠯᠠᠰᠬᠢᠬᠤ ᠶᠢᠨ ᠲᠥᠯᠥᠭᠡ᠂ ᠵᠢᠷᠤᠭ ᠲᠠᠬᠢ ᠰᠦᠯᠵᠢᠶᠡᠨ ᠤ ᠬᠠᠶ᠋ᠢᠭ ᠢ ᠪᠠᠯᠠᠷᠬᠠᠶ ᠦᠵᠡᠭᠦᠯᠪᠡ᠃ ᠪᠢᠳᠠ ᠡᠨᠡ ᠣᠬᠤᠷ ᠮᠡᠳᠡᠭᠡᠨ ᠳᠠᠬᠢ ᠰᠦᠯᠵᠢᠶᠡᠨ ᠬᠠᠶ᠋ᠢᠭ ᠢ ᠦᠵᠡᠶ᠎ᠡ᠂ ᠨᠡᠭᠡᠭᠡᠭᠰᠡᠨ ᠤ ᠳᠠᠷᠠᠭ᠎ᠠ ᠴᠣᠬᠤᠮ ᠶᠠᠮᠠᠷ ᠶᠠᠩᠵᠤ ᠶᠢᠨ ᠪᠣᠯ︖   ᠣᠯᠠᠨ ᠤ ᠮᠡᠳᠡᠭᠡᠵᠢ ᠪᠠᠷ᠂ ᠠᠯᠢ ᠴᠤ ᠰᠦᠯᠵᠢᠶ᠎ᠡ ᠭᠡᠰᠡᠨ ᠥᠬᠡᠶ᠂ ᠵᠥᠪᠬᠡᠨ ᠨᠡᠯᠢᠶᠡᠳ ᠪᠠᠴᠢᠮ᠂ ᠬᠠᠮᠤᠭ ᠤᠨ ᠴᠢᠬᠤᠯᠠ ᠵᠦᠢᠯ ᠲᠤ ᠯᠡ ︽ᠲᠦᠷᠦᠭᠦᠦ ᠨᠢᠭᠤᠷ ᠤᠨ ᠬᠠᠷᠢᠮᠠᠭ ᠴᠣᠩᠬᠤ︾᠎ ᠶᠢᠨ ᠬᠡᠯᠪᠡᠷᠢ ᠪᠠᠷ ᠮᠡᠳᠡᠭᠳᠡᠳᠡᠭ᠃
   ᠮᠡᠬᠡᠯᠡᠯ ᠤᠨ ᠰᠦᠯᠵᠢᠶ᠎ᠡ ᠴᠦ ᠡᠨᠡ ᠬᠦ ᠳᠠᠳᠬᠠᠯ ᠢᠶᠠᠨ ᠦᠷᠭᠦᠯᠵᠢᠯᠡᠨ ᠬᠡᠷᠡᠭᠯᠡᠵᠦ᠂ ᠨᠢᠭᠡ ᠰᠠᠨᠠᠭᠤᠯᠤᠮᠵᠢ ᠶᠢᠨ ᠬᠦᠷᠢᠶ᠎ᠡ ᠵᠣᠬᠢᠶᠠᠵᠤ᠂ ︽ᠬᠠᠭᠤᠴᠢᠨ ᠡᠮᠴᠢᠯᠡᠭᠡ ᠶᠢᠨ ᠳᠠᠭᠠᠳᠬᠠᠯ ᠤᠨ ᠺᠠᠷᠲ︾᠎ ᠢ ᠤᠳᠠᠯ ᠦᠭᠡᠢ ᠬᠦᠴᠦᠨ ᠥᠬᠡᠶ ᠪᠣᠯᠭᠠᠬᠤ ᠭᠡᠵᠦ ᠪᠠᠶᠢᠭ᠎ᠠ ᠶᠢ ᠳᠠᠬᠢᠨ ᠰᠠᠨᠠᠭᠤᠯᠵᠤ ᠮᠡᠳᠡᠭᠳᠡᠨ᠂ ︽ᠰᠢᠨ᠎ᠡ ᠡᠮᠴᠢᠯᠡᠭᠡ ᠶᠢᠨ ᠳᠠᠭᠠᠳᠬᠠᠯ ᠤᠨ ᠺᠠᠷᠲ︾ ᠠᠪᠬᠤ ᠭᠠᠷ ᠭᠦᠢᠴᠡᠳᠭᠡᠯ ᠬᠢᠬᠦ ᠶᠢ ᠰᠠᠨᠠᠭᠤᠯᠬᠤ ᠨᠢ ᠦᠨᠡᠨ ᠬᠦ ︽ᠵᠢᠩᠬᠢᠨᠢ︾ ᠲᠥᠷᠦᠭᠳᠡᠯ ᠥᠭᠳᠡᠭ᠃ ︽ᠳᠠᠷᠤᠶ ᠲᠦᠷᠭᠡᠨ ᠬᠦᠢᠴᠡᠳᠭᠡᠬᠦ︾᠎ ᠶᠢ ᠲᠣᠪᠴᠢᠳᠠᠪᠠᠯ᠂ ᠲᠣᠮᠤ ᠤᠯᠠᠭᠠᠨ ᠤᠯᠤᠰ ᠤᠨ ᠰᠦᠯᠳᠡ ᠳᠠᠷᠤᠮᠠᠯᠯᠠᠭᠰᠠᠨ ᠰᠦᠯᠵᠢᠶ᠎ᠡ ᠰᠢᠭᠤᠳ ᠨᠡᠭᠡᠭᠡᠭᠳᠡᠨ᠎ᠡ᠃
  ᠬᠠᠷᠢᠴᠠᠭᠤᠯᠵᠤ ᠦᠵᠡᠪᠡᠯ᠂ ᠳᠤᠤᠷᠠᠬᠢ ᠦᠨᠡᠨ ︽ᠤᠯᠤᠰ ᠤᠨ ᠡᠮᠴᠢᠯᠡᠭᠡ ᠶᠢᠨ ᠪᠠᠲᠤᠯᠠᠭ᠎ᠠ ᠶᠢᠨ ᠲᠣᠪᠴᠢᠶ᠎ᠠ︾᠎ ᠶᠢᠨ ᠠᠯᠪᠠᠨ ᠰᠦᠯᠵᠢᠶ᠎ᠡ ᠲᠠᠢ ᠦᠨᠳᠦᠰᠦᠨ ᠳᠤ ᠪᠠᠨ ᠠᠳᠠᠯᠢᠬᠠᠨ ᠪᠠᠶᠢᠵᠤ᠂ ᠡᠩ ᠤᠨ ᠬᠥᠮᠦᠨ ᠢᠯᠭᠠᠬᠤ ᠳᠤ ᠪᠡᠷᠬᠡ ᠶᠤᠮ᠃
      ᠵᠥᠪᠬᠡᠨ ᠬᠤᠶᠠᠷ ᠵᠦᠢᠯ ᠢ ᠣᠷᠣᠭᠤᠯᠬᠤ ᠠᠴᠠ ᠮᠡᠳᠡᠵᠦ ᠪᠣᠯᠤᠨ᠎ᠠ᠄ ᠨᠡᠷ᠎ᠡ ᠪᠠ ᠪᠡᠶ᠎ᠡ ᠶᠢᠨ ᠦᠨᠡᠮᠯᠡᠯ ᠤᠨ ᠨᠣᠮᠧᠷ᠂ ᠰᠦᠯᠵᠢᠶᠡᠨ ᠳᠤ ᠳᠠᠩᠰᠠᠯᠠᠭᠤᠯᠬᠤ ᠳᠤ ᠦᠷᠭᠦᠯᠵᠢ ᠲᠣᠬᠢᠶᠠᠯᠳᠤᠳᠠᠭ ︽ᠭᠠᠷ ᠤᠲᠠᠰᠤ ᠪᠠᠨ ᠬᠤᠯᠪᠤᠬᠤ︾ ᠪᠠ ︽ᠰᠢᠯᠭᠠᠨ ᠪᠠᠲᠤᠯᠠᠬᠤ ᠨᠣᠮᠧᠷ ᠣᠷᠣᠭᠤᠯᠬᠤ︾ ᠵᠡᠷᠭᠡ ᠪᠡᠶ᠎ᠡ ᠶᠢᠨ ᠭᠠᠷᠤᠯ ᠢ ᠭᠡᠷᠡᠴᠢᠯᠡᠬᠦ ᠶᠠᠪᠤᠴᠠ ᠦᠭᠡᠢ᠂ ᠡᠨᠡ ᠨᠢ ᠳᠠᠷᠤᠶ᠄ ᠪᠢ ᠬᠡᠨ ᠢ ᠪᠠᠢᠴᠠᠭᠠᠶ᠎ᠠ ᠭᠡᠪᠡᠯ ᠬᠡᠨ ᠢ ᠪᠠᠢᠴᠠᠭᠠᠨ᠎ᠠ︖ ᠡᠨᠡ ᠨᠢ ᠰᠦᠯᠵᠢᠶᠡᠨ ᠤ ᠠᠮᠤᠷ ᠲᠦᠪᠰᠢᠨ ᠤ ᠪᠠᠷᠢᠮᠵᠢᠶ᠎ᠠ ᠳᠤ ᠨᠡᠢᠴᠡᠬᠦ ᠦᠭᠡᠢ ᠨᠢ ᠢᠯᠡᠷᠬᠡᠶ ᠮᠡᠳᠡᠭᠳᠡᠨ᠎ᠡ᠃   ᠭᠡᠪᠡᠴᠦ᠂ ᠬᠡᠷᠪᠡ ᠨᠠᠷᠢᠨ ᠪᠤᠳᠤᠯᠢᠶᠠᠨᠲᠠᠶ ᠭᠡᠷᠡᠴᠢᠯᠡᠬᠦ ᠶᠠᠪᠤᠴᠠ ᠶᠢ ᠲᠣᠬᠢᠷᠠᠭᠤᠯᠤᠭᠰᠠᠨ ᠪᠣᠯ ᠣᠶᠤᠨᠴᠢ ᠭᠠᠷ ᠤᠲᠠᠰᠤ ᠶᠢ ᠴᠢᠳᠠᠮᠠᠭᠠᠢ ᠣᠷᠣᠯᠳᠤᠵᠤ ᠴᠢᠳᠠᠬᠤ ᠥᠬᠡᠶ ᠪᠤᠶᠤ ᠶᠠᠷᠰᠢᠭ ᠲᠦᠪᠡᠭ ᠠᠴᠠ ᠠᠶᠤᠳᠠᠭ ᠢᠳᠡᠷ ᠥᠲᠡᠯᠦᠭᠡ ᠨᠠᠰᠤᠨ ᠤ ᠬᠥᠮᠦᠰ ᠢ ᠰᠢᠭᠤᠳ ᠢᠳᠬᠠᠵᠤ ᠪᠤᠴᠠᠭᠠᠭᠰᠠᠨ ᠶᠠᠪᠤᠳᠠᠯ ᠪᠣᠯᠤᠨ᠎ᠠ᠃ ᠡᠶᠢᠮᠦ ᠠᠴᠠ ᠮᠡᠬᠡᠯᠡᠭᠴᠢ ᠶᠢᠨ ᠬᠢᠭᠰᠡᠨ ᠨᠢ ᠲᠡᠶᠢᠮᠦ ᠦᠨᠡᠨ ᠪᠣᠳᠠᠲᠠᠶ ᠪᠢᠰᠢ᠂ ᠲᠡᠶᠢᠮᠦ ᠰᠠᠶᠢᠨ ᠪᠢᠰᠢ ᠶᠤᠮ᠂ ᠬᠠᠷᠢᠨ ︽ᠮᠡᠬᠡᠯᠡᠬᠦ ᠦᠷ᠎ᠡ ᠪᠦᠲᠦᠮᠵᠢ ᠶᠢ ᠬᠠᠮᠤᠭ ᠤᠨ ᠶᠡᠭᠡ ᠪᠣᠯᠭᠠᠭᠰᠠᠨ︾ ᠶᠠᠪᠤᠳᠠᠯ ᠮᠥᠨ᠃
   ᠨᠡᠷ᠎ᠡ ᠪᠠ ᠪᠡᠶ᠎ᠡ ᠶᠢᠨ ᠦᠨᠡᠮᠯᠡᠯ ᠤᠨ ᠨᠣᠮᠧᠷ ᠢᠶᠠᠨ ᠣᠷᠣᠭᠤᠯᠤᠭᠰᠠᠨ ᠤ ᠳᠠᠷᠠᠭ᠎ᠠ᠂ ᠰᠠᠨᠠᠭᠤᠯᠤᠮᠵᠢ ᠶᠢᠨ ᠬᠠᠭᠤᠳᠠᠰᠤ ᠳᠠᠬᠢᠨᠲᠠ ᠢᠯᠡᠷᠡᠵᠦ᠂ ᠨᠢᠭᠡᠨᠲᠡ ᠳᠠᠩᠰᠠᠯᠠᠭᠤᠯᠤᠭᠰᠠᠨ ᠢ ᠭᠡᠷᠡᠴᠢᠯᠡᠬᠦ ᠶᠢᠨ ᠬᠠᠮᠲᠤ ᠪᠠᠶᠢᠴᠠᠭᠠᠨ ᠯᠠᠪᠯᠠᠭᠰᠠᠨ ᠦᠷ᠎ᠡ ᠳ᠋ᠦᠩ ᠢ ᠮᠡᠳᠡᠭᠳᠡᠨ᠎ᠡ᠄ ᠡᠮᠴᠢᠯᠡᠭᠡ ᠶᠢᠨ ᠳᠠᠭᠠᠳᠬᠠᠯ ᠤᠨ ᠺᠠᠷᠲ ᠦᠨᠡᠨ ᠬᠦ ︽ᠬᠠᠭᠤᠴᠢᠨ ᠬᠡᠪ︾ ᠪᠣᠯᠬᠤᠷ ᠳᠠᠷᠤᠶ ᠳᠤ ᠨᠢ ᠭᠠᠷ ᠭᠦᠢᠴᠡᠳᠭᠡᠯ ᠬᠢᠬᠦ ᠬᠡᠷᠡᠭᠲᠡᠶ︕ ᠦᠨᠡᠨ ᠳᠤ ᠪᠠᠨ ᠴᠢ ᠳᠤᠷ᠎ᠠ ᠶᠢᠨ ᠨᠢᠭᠡ ᠨᠡᠷ᠎ᠡ ᠶᠢ ᠣᠷᠣᠭᠤᠯᠤᠭᠰᠠᠨ ᠴᠤ ᠪᠦᠷ ᠠᠳᠠᠯᠢᠬᠠᠨ ᠦᠷ᠎ᠡ ᠳ᠋ᠦᠩ ᠣᠯᠤᠨ᠎ᠠ᠃    ᠵᠠᠯᠭᠠᠭᠠᠳ ᠨᠠᠩ ᠣᠯᠠᠨ ᠮᠡᠳᠡᠭᠡ ᠵᠠᠩᠭᠢ ᠶᠢᠨ ᠮᠠᠲ᠋ᠧᠷᠢᠶᠠᠯ ᠢ ᠭᠦᠢᠴᠡᠳᠭᠡᠬᠦ ᠬᠡᠷᠡᠭᠲᠡᠢ᠃
    ᠭᠦᠢᠴᠡᠳᠭᠡᠬᠦ ᠴᠢᠬᠤᠯᠠᠲᠠᠶ ᠮᠠᠲ᠋ᠧᠷᠢᠶᠠᠯ ᠨᠢ ᠵᠥᠪᠬᠡᠨ ᠭᠤᠷᠪᠠᠭ᠋ᠠᠨ ᠵᠦᠢᠯ᠂ ᠲᠡᠳᠦᠢ ᠪᠤᠳᠤᠯᠢᠶᠠᠨᠲᠠᠶ ᠪᠢᠰᠢ᠂ ᠭᠡᠪᠡᠴᠦ ᠡᠨᠡ ᠨᠢ ᠮᠡᠬᠡᠯᠡᠭᠴᠢ ᠵᠣᠭᠤᠰ ᠢ ᠭᠠᠷ ᠲᠤ ᠪᠠᠨ ᠣᠷᠣᠭᠤᠯᠬᠤ ᠳᠤ ᠬᠦᠷᠴᠢᠬᠡᠨ᠎ᠡ᠃   ᠠᠳᠡ ︽ᠳᠠᠩᠰᠠᠨ ᠡᠷᠦᠬᠡ ᠶᠢᠨ ᠦᠯᠡᠳᠡᠪᠦᠷᠢ︾᠎ ᠶᠢ ᠣᠷᠣᠭᠤᠯᠬᠤ ᠶᠢ ᠠᠩᠬᠠᠷᠤᠭᠠᠷᠠᠶ᠃ ᠮᠡᠬᠡᠯᠡᠬᠦ ᠠᠴᠠ ᠭᠠᠳᠠᠨ᠎ᠠ᠂ ᠶᠠᠮᠠᠷ ᠪᠠᠶᠢᠳᠠᠯ ᠳᠤ ᠴᠤ ᠡᠨᠡ ᠲᠤᠭ᠎ᠠ ᠶᠢ ᠬᠠᠩᠭᠠᠬᠤ ᠶᠢ ᠱᠠᠭᠠᠷᠳᠠᠳᠠᠭ ᠦᠭᠡᠢ᠃ ᠡᠨᠡ ᠨᠢ ᠮᠡᠬᠡᠯᠡᠭᠴᠢ ᠵᠠᠯᠭᠠᠭᠠᠳ ᠳᠠᠩᠰᠠ ᠰᠢᠯᠵᠢᠭᠦᠯᠬᠦ ᠠᠵᠢᠯᠯᠠᠭ᠎ᠠ ᠬᠢᠬᠦ ᠠᠴᠠ ᠪᠣᠯᠤᠭᠰᠠᠨ ᠶᠤᠮ᠂ ᠬᠡᠷᠪᠡ ᠳᠠᠩᠰᠠ ᠰᠢᠯᠵᠢᠭᠦᠯᠬᠦ ᠲᠤᠭ᠎ᠠ ᠨᠢ ᠦᠯᠡᠳᠡᠪᠦᠷᠢ ᠲᠤᠭ᠎ᠠ ᠠᠴᠠ ᠬᠡᠲᠦᠷᠡᠭᠰᠡᠨ ᠪᠣᠯ ᠳᠠᠩᠰᠠ ᠰᠢᠯᠵᠢᠭᠦᠯᠬᠦ ᠶᠢᠨ ᠠᠷᠭ᠎ᠠ ᠦᠭᠡᠢ ᠪᠣᠯᠤᠨ᠎ᠠ᠂ ᠡᠨᠡ ᠨᠢ ᠮᠡᠬᠡᠯᠡᠭᠴᠢ ᠳᠤ ᠠᠪᠴᠤ ᠬᠡᠯᠡᠪᠡᠯ ᠲᠦᠢᠯ ᠤᠨ ᠴᠢᠬᠤᠯᠠ ᠶᠤᠮ︕
    ᠡᠨᠡ ᠬᠦ ︽ᠰᠢᠯᠭᠠᠨ ᠪᠠᠶᠢᠴᠠᠭᠠᠬᠤ ᠮᠡᠳᠡᠭᠡ ᠵᠠᠩᠭᠢ︾᠎ ᠶᠢᠨ ᠨᠢᠭᠤᠷ ᠬᠡᠳᠦᠨ ᠮᠢᠨᠦ᠋ᠲ ᠵᠣᠭᠰᠣᠳᠠᠭ᠃ ᠦᠨᠡᠨ ᠳᠤ ᠪᠠᠨ ᠡᠨᠡ ᠪᠣᠯ ᠮᠡᠬᠡᠯᠡᠭᠴᠢ ᠶᠢᠨ ᠤᠷᠢᠳᠴᠢᠯᠠᠨ ᠦᠯᠡᠳᠡᠭᠡᠭᠰᠡᠨ ︽ᠪᠡᠯᠡᠳᠬᠡᠬᠦ ᠴᠠᠭ︾ ᠪᠣᠯᠤᠨ᠎ᠠ᠃   ᠮᠡᠬᠡᠯᠡᠭᠴᠢ ︽ᠮᠡᠬᠡᠯᠡᠭᠳᠡᠭᠴᠢ︾᠎ ᠶᠢᠨ ᠮᠡᠳᠡᠭᠡ ᠵᠠᠩᠭᠢ ᠶᠢ ᠣᠯᠤᠭᠰᠠᠨ ᠤ ᠳᠠᠷᠠᠭ᠎ᠠ᠂ ᠡᠯ᠎ᠡ ᠵᠦᠢᠯ ᠤᠨ ᠲᠠᠩᠰᠠ ᠰᠢᠯᠵᠢᠭᠦᠯᠬᠦ ᠠᠵᠢᠯᠯᠠᠭᠠᠨ ᠤ ᠪᠡᠯᠡᠳᠬᠡᠯ ᠠᠵᠢᠯ ᠢ ᠳᠠᠷᠤᠶ ᠲᠦᠷᠭᠡᠨ ᠰᠠᠶᠢᠲᠤᠷ ᠭᠦᠢᠴᠡᠳᠬᠡᠨ᠎ᠡ᠂ ᠡᠭᠦᠨ ᠳᠤ ᠲᠠᠩᠰᠠ ᠰᠢᠯᠵᠢᠭᠦᠯᠬᠦ ᠵᠣᠭᠤᠰ ᠤᠨ ᠲᠤᠭ᠎ᠠ ᠶᠢ ᠣᠷᠣᠭᠤᠯᠬᠤ᠂ ᠲᠠᠩᠰᠠ ᠰᠢᠯᠵᠢᠭᠦᠯᠬᠦ ᠭᠤᠶᠤᠴᠢᠯᠠᠯ ᠲᠤᠰᠢᠶᠠᠬᠤ ᠵᠡᠷᠭᠡ ᠠᠯᠬᠤᠮ ᠳᠠᠷᠠᠭ᠎ᠠ ᠢ ᠪᠠᠭᠲᠠᠭᠠᠨ᠎ᠠ᠃ ᠮᠡᠬᠡᠯᠡᠭᠴᠢ ᠠᠯᠢᠪᠠ ᠶᠢ ᠪᠡᠯᠡᠳᠬᠡᠭᠰᠡᠨ ᠤ ᠳᠠᠷᠠᠭ᠎ᠠ᠂ ᠭᠠᠷ ᠤᠲᠠᠰᠤᠨ ᠳᠤ ᠴᠢᠨᠢ ᠣᠬᠤᠷ ᠮᠡᠳᠡᠭᠡ ᠪᠠᠷ ᠰᠢᠯᠭᠠᠨ ᠪᠠᠲᠤᠯᠠᠬᠤ ᠨᠣᠮᠧᠷ ᠢ ᠢᠷᠡᠭᠦᠯᠬᠦ ᠶᠢᠨ ᠬᠠᠮᠲᠤ ᠬᠠᠭᠤᠳᠠᠰᠤ ᠰᠣᠯᠢᠭᠳᠠᠵᠤ ᠳᠠᠷᠠᠭ᠎ᠠ ᠠᠯᠬᠤᠮ ᠳᠤ ᠰᠢᠯᠵᠢᠨ᠎ᠡ᠃
 
    ᠬᠡᠳᠦ᠋ᠢᠪᠡᠷ ᠰᠢᠯᠭᠠᠨ ᠪᠠᠲᠤᠯᠠᠬᠤ ᠺᠣᠳ᠋ ᠲᠤ ︽ᠪᠤᠰᠤᠳ ᠬᠥᠮᠦᠨ ᠳᠤ ᠪᠢᠲᠡᠭᠡᠶ ᠵᠠᠳᠠᠷᠠᠭᠤᠯ︾ ᠭᠡᠵᠦ ᠰᠠᠨᠠᠭᠤᠯᠤᠭᠰᠠᠨ ᠪᠣᠯᠪᠠᠴᠤ᠂ ᠠᠳᠡ ᠰᠦᠯᠵᠢᠶᠡᠨ ᠳᠤ ᠣᠷᠣᠭᠤᠯᠤᠭᠰᠠᠨ ᠠᠴᠠ ᠪᠢᠰᠢ ︽ᠪᠤᠰᠤᠳ ᠬᠥᠮᠦᠨ ᠳᠤ ᠥᠭᠭᠦᠭᠰᠡᠨ︾ ᠦᠭᠡᠢ︕
 
  【 ᠠᠩᠬᠠᠷᠤᠭᠠᠷᠠᠶ 】᠂ ᠰᠢᠯᠭᠠᠨ ᠪᠠᠲᠤᠯᠠᠬᠤ ᠺᠣᠳ᠋᠂ ᠪᠠᠰᠠ ᠴᠤ ᠬᠤᠪᠢ ᠬᠥᠮᠦᠨ ᠤ ᠳᠠᠩᠰᠠ ᠶᠢᠨ ᠬᠠᠮᠤᠭ ᠰᠡᠭᠦᠯᠴᠢ ᠶᠢᠨ ᠰᠡᠷᠭᠡᠶᠢᠯᠡᠯᠲᠡ ᠶᠢᠨ ᠱᠤᠭᠤᠮ᠃ ᠣᠯᠠᠩᠬᠢ ᠬᠥᠮᠦᠰ ᠰᠢᠯᠭᠠᠨ ᠪᠠᠲᠤᠯᠠᠬᠤ ᠺᠣᠳ᠋ ᠢ ᠣᠯᠤᠭᠰᠠᠨ ᠤ ᠳᠠᠷᠠᠭ᠎ᠠ ᠣᠬᠤᠷ ᠮᠡᠳᠡᠭᠡᠨ ᠤ ᠮᠡᠬᠡᠯᠡᠬᠦ ᠶᠢ ᠰᠡᠷᠭᠡᠶᠢᠯᠡᠬᠦ ᠠᠭᠤᠯᠭ᠎ᠠ ᠶᠢ ᠨᠠᠷᠢᠨ ᠬᠢᠨᠠᠮᠠᠭᠠᠶ ᠤᠩᠰᠢᠳᠠᠭ ᠥᠬᠡᠶ᠂ ᠬᠠᠷᠢᠨ ᠪᠣᠶ ᠪᠥᠬᠦᠶ ᠠᠩᠬᠠᠷᠤᠯ ᠢᠶᠠᠨ ᠴᠥᠮ ᠲᠡᠷᠡ ᠬᠦ 6 ᠣᠷᠣᠨᠲᠤ ᠬᠥᠬᠡ ᠬᠡᠷᠡᠯ ᠰᠠᠴᠤᠷᠠᠭᠰᠠᠨ ᠲᠤᠭ᠎ᠠ ᠳᠡᠭᠡᠷ᠎ᠡ ᠲᠠᠯᠪᠢᠵᠤ᠂ ᠨᠢᠭᠡ ᠣᠷᠣᠨ ᠢ ᠴᠤ ᠪᠤᠷᠤᠭᠤ ᠴᠡᠭᠡᠵᠢᠯᠡᠬᠦ ᠠᠴᠠ ᠠᠶᠤᠳᠠᠭ᠃ ᠪᠣᠳᠣᠵᠤ ᠦᠵᠡᠭᠡᠴᠢ᠂ ᠲᠠ ᠡᠶᠢᠮᠦ ᠳᠠᠳᠬᠠᠯ ᠲᠠᠢ ᠦᠦ︖ ᠮᠡᠬᠡᠯᠡᠭᠴᠢ ᠶᠢᠨ ︽1 ᠮᠢᠨᠦ᠋ᠲ ᠤᠨ ᠳᠣᠲᠣᠷ᠎ᠠ ᠬᠦᠴᠦᠨ ᠲᠠᠢ︾ ᠭᠡᠬᠦ ᠰᠡᠳᠬᠢᠴᠡ ᠶᠢᠨ ᠲᠣᠬᠢᠶᠠᠨ ᠳᠤ ᠰᠢᠯᠭᠠᠨ ᠪᠠᠲᠤᠯᠠᠬᠤ ᠺᠣᠳ᠋ ᠢ ᠳᠠᠷᠤᠶ ᠲᠦᠷᠭᠡᠨ ᠲᠠᠭᠯᠠᠬᠤ ᠬᠡᠷᠡᠭᠲᠡᠶ᠃ ᠣᠯᠤᠭᠰᠠᠨ ᠦᠷ᠎ᠡ ᠳ᠋ᠦᠩ ᠪᠣᠯ ᠳᠠᠷᠤᠶ ᠳᠠᠩᠰᠠ ᠳᠣᠲᠣᠷᠠᠬᠢ ᠵᠣᠭᠤᠰ ᠢ ᠰᠢᠯᠵᠢᠭᠦᠯᠪᠡ᠃ ᠢᠩᠭᠢᠭᠡᠳ ᠪᠠᠷᠠᠴᠢᠬᠠᠨ᠎ᠠ ᠤᠤ︖   ᠶᠠᠷᠢᠶᠠᠨ ᠦᠭᠡᠢ ᠲᠡᠶᠢᠮᠦ ᠪᠢᠰᠢ᠂ ᠵᠠᠯᠭᠠᠭᠠᠳ ᠲᠠᠨ ᠤ ᠣᠯᠵᠤ ᠦᠵᠡᠬᠦ ᠨᠢᠭᠤᠷ ᠪᠣᠯ᠄ ᠰᠢᠯᠭᠠᠨ ᠪᠠᠲᠤᠯᠠᠬᠤ ᠺᠣᠳ᠋ ᠴᠢᠨᠢ ᠪᠤᠷᠤᠭᠤ ᠪᠤᠶᠤ ᠰᠢᠯᠭᠠᠨ ᠪᠠᠲᠤᠯᠠᠬᠤ ᠺᠣᠳ᠋ ᠢ ᠣᠷᠣᠭᠤᠯᠬᠤ ᠴᠠᠭ ᠬᠡᠲᠦᠷᠡᠭᠰᠡᠨ᠂ ᠳᠠᠬᠢᠨ ᠣᠷᠣᠭᠤᠯᠤᠭᠠᠷᠠᠶ︕
     ᠡᠨᠡ ᠪᠣᠯ ᠮᠡᠬᠡᠯᠡᠭᠴᠢ ᠠᠴᠠ ᠳᠠᠬᠢᠨ ᠳᠠᠪᠲᠠᠨ ᠨᠢᠭᠡ ᠬᠡᠰᠡᠭ ᠵᠣᠭᠤᠰ ᠢ ᠰᠢᠨ᠎ᠡ ᠳᠠᠩᠰᠠᠨ ᠳᠤ ᠰᠢᠯᠵᠢᠭᠦᠯᠬᠦ ᠪᠠᠨ ᠡᠬᠢᠯᠡᠭᠦᠯᠦᠭᠰᠡᠨ ᠶᠠᠪᠤᠳᠠᠯ ᠪᠣᠯᠤᠨ᠎ᠠ᠂ ᠬᠡᠷᠪᠡ ᠱᠠᠭᠠᠷᠳᠠᠯᠭ᠎ᠠ ᠶᠣᠰᠤ ᠪᠠᠷ ᠳᠠᠬᠢᠨ ᠳᠠᠪᠲᠠᠨ ᠣᠷᠣᠭᠤᠯᠪᠠᠯ᠂ ᠳᠠᠩᠰᠠᠨ ᠳᠣᠲᠣᠷᠠᠬᠢ ᠵᠣᠭᠤᠰ ᠴᠢᠨᠢ ᠮᠠᠰᠢ ᠬᠤᠷᠳᠤᠨ ᠬᠤᠭᠤᠰᠣᠷᠠᠨ᠎ᠠ᠃    ᠣᠯᠠᠨ ᠢᠶᠠᠷ ᠢᠶᠠᠨ ᠬᠠᠷᠢᠯᠴᠠᠨ ᠳᠠᠮᠵᠢᠭᠤᠯᠵᠤ᠂ ᠤᠷᠢᠳᠴᠢᠯᠠᠨ ᠰᠡᠷᠭᠡᠶᠢᠯᠡᠬᠦ ᠪᠣᠯᠪᠠᠤ︕  
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠮᠴᠢᠯᠡᠭᠡᠨ ᠤ ᠪᠠᠲᠤᠯᠠᠭ᠎ᠠ ᠶᠢᠨ ᠲᠣᠪᠴᠢᠶ᠎ᠠ ​