12306᠎ ᠶᠢᠨ ᠡᠨᠡ ᠴᠢᠳᠠᠮᠵᠢ ᠶᠢ ᠮᠡᠳᠡᠬᠦ ᠦᠦ ︖
ᠨᠡᠶᠢᠲᠡᠯᠡᠭᠰᠡᠨ ᠴᠠᠭ᠄
2022/3/7
                          ᠲᠡᠮᠦᠷ ᠵᠠᠮ ᠤᠨ 12306 App᠎ ᠶᠢᠨ ᠰᠢᠨ᠎ᠡ ᠴᠢᠳᠠᠮᠵᠢ ᠨᠢ ︽ᠭᠡᠭᠡᠭᠰᠡᠨ ᠶᠠᠭᠤᠮ᠎ᠠ ᠪᠠᠨ ᠲᠠᠨᠢᠵᠤ ᠠᠪᠬᠤ︾᠎ ᠳᠤ ᠲᠤᠰᠠ ᠪᠤᠯᠤᠨ᠎ᠠ᠃             1 . ᠲᠡᠮᠦᠷ ᠵᠠᠮ ᠎ ᠤᠨ12306 App᠎ ᠎ ᠶᠢ ᠨᠡᠭᠡᠭᠡᠵᠦ ᠮᠢᠨᠤᠬᠢ ︵我的︶ ᠭᠡᠰᠡᠨ ᠶᠢ ᠲᠠᠷᠣᠵᠤ ᠣᠷᠣᠨ᠎ᠠ᠃             2 . ︽ᠬᠠᠯᠠᠭᠤᠨ ᠲᠤᠲᠤᠨᠤᠰᠤᠭ ᠦᠢᠯᠡᠴᠢᠯᠡᠭᠡ︾ ︵温馨服务︶ ᠲᠤᠲᠤᠷ᠎ᠠ ᠠᠴᠠ ᠭᠡᠭᠡᠭᠰᠡᠨ ᠶᠠᠭᠤᠮ᠎ᠠ ᠪᠠᠨ‌ᠬᠠᠶᠢᠵᠦ ᠤᠯᠤᠨ᠎ᠠ᠃             3 . ᠭᠡᠭᠡᠭᠰᠡᠨ ᠪᠣᠳᠠᠰ ᠤᠨ ᠪᠦᠷᠢᠳᠭᠡᠯ ᠤᠨ ᠬᠠᠭᠤᠳᠠᠰᠤ ︵遗失物品登记页面︶᠎ ᠠᠴᠠ ᠭᠡᠭᠡᠭᠰᠡᠨ ᠡᠳ᠋ ᠪᠣᠳᠠᠰ ᠢᠶᠠᠨ ᠲᠠᠨᠢᠵᠤ ᠰᠣᠩᠭᠤᠨ᠎ᠠ᠃             4 . ᠬᠡᠷᠪᠡ ᠭᠠᠯᠲᠤ ᠲᠡᠷᠭᠡᠨ ᠳᠡᠭᠡᠷ᠎ᠡ ᠶᠠᠭᠤᠮ᠎ᠠ ᠬᠡᠦᠮ᠎ᠡ ᠪᠠᠨ ᠭᠡᠭᠡᠭᠰᠡᠨ ᠪᠣᠯ᠂ ᠲᠡᠷᠭᠡᠨ ᠡᠭᠡᠯᠵᠢ ᠪᠠᠷ ᠨᠢ ᠪᠠᠶᠢᠴᠠᠭᠠᠨ ᠯᠠᠪᠯᠠᠵᠤ᠂ ᠬᠠᠮᠢᠶ᠎ᠠ ᠪᠦᠬᠦᠢ ᠲᠡᠷᠭᠡᠨ ᠡᠭᠡᠯᠵᠢ ᠵᠢᠴᠢ ᠴᠠᠭ  ᠬᠤᠭᠤᠴᠠᠭ᠎ᠠ ᠶᠢ ᠨᠢ ᠲᠠᠷᠣᠵᠤ ᠣᠷᠣᠭᠠᠳ ᠪᠠᠶᠢᠴᠠᠭᠠᠨ ᠯᠠᠪᠯᠠᠵᠤ ᠪᠣᠯᠤᠨ᠎ᠠ᠃ ᠬᠡᠷᠪᠡ ᠲᠡᠷᠭᠡᠨ ᠥᠷᠲᠡᠭᠡᠨ ᠳᠤ ᠭᠡᠭᠡᠭᠰᠡᠨ ᠪᠣᠯ ᠲᠡᠷᠭᠡᠨ ᠥᠷᠲᠡᠭᠡ ᠶᠢᠨ ᠨᠡᠷ᠎ᠡ ᠪᠠᠷ ᠪᠠᠶᠢᠴᠠᠭᠠᠨ ᠯᠠᠪᠯᠠᠵᠤ᠂ ᠬᠠᠮᠢᠶ᠎ᠠ ᠪᠥᠬᠦᠶ ᠲᠡᠷᠭᠡᠨ ᠥᠷᠲᠡᠭᠡ ᠪᠠ ᠴᠠᠭ ᠢᠶᠠᠨ ᠲᠠᠷᠣᠵᠤ ᠣᠷᠣᠭᠤᠯᠪᠠᠯ ᠳᠠᠷᠤᠶ ᠲᠦᠷᠭᠡᠨ ᠪᠠᠶᠢᠴᠠᠭᠠᠨ ᠤᠯᠵᠦ ᠪᠣᠯᠤᠨ᠎ᠠ᠃  
ᠢᠷᠡᠯᠲᠡ᠄ ᠠᠷᠠᠳ ᠤᠨ ᠰᠦᠯᠵᠢᠶ᠎ᠡ