ᠬᠡᠤᠭᠡᠳ ᠤᠨ ᠰᠠᠷ᠎ᠠ ᠶᠢᠨ ᠴᠠᠢ
ᠨᠡᠶᠢᠲᠡᠯᠡᠭᠰᠡᠨ ᠴᠠᠭ᠄
2022/6/27
    ᠨᠤᠲᠤᠭ ᠤᠨ ᠬᠦᠮᠦᠰ ᠡᠷᠳᠡ ᠢᠵᠠᠭᠤᠷ ᠠᠴᠠ ᠪᠠᠨ ᠨᠠᠶᠢᠷ ᠢᠶᠠᠷ ᠪᠠᠶᠠᠰᠣᠯᠳᠣᠵᠤ᠂ ᠳᠠᠭᠤᠤ ᠪᠠᠷ ᠢᠶᠠᠨ ᠴᠡᠩᠭᠡᠯᠳᠣᠵᠤ᠂ ᠠᠮᠢᠳᠣᠷᠠᠯ ᠤᠨ ᠳᠠᠩᠰᠤᠭ ᠢᠶᠠᠨ ᠪᠡᠯᠭᠡᠳᠡᠨ᠂ ᠰᠠᠨᠠᠭᠠᠨ ᠤ ᠪᠠᠨ ᠴᠢᠯᠡᠭᠡ ᠶᠢ ᠳᠠᠶᠢᠯᠠᠵᠤ᠂ ᠣᠷᠮ᠎ᠠ ᠰᠡᠳᠬᠢᠯᠭᠡ ᠪᠠᠨ ᠬᠦᠭᠵᠢᠭᠡᠨ ᠪᠠᠶ᠎ᠡ ᠰᠡᠳᠬᠢᠴᠡ ᠶᠢᠨ ᠵᠤᠬᠢᠴᠠᠯ ᠢᠶᠠᠨ ᠲᠡᠩᠴᠡᠭᠦᠯᠵᠤ᠂ ᠭᠡᠰᠢᠭ ᠪᠤᠶᠠᠨ ᠢᠶᠠᠨ ᠬᠤᠷᠣᠶᠢᠯᠠᠵᠤ ᠶᠠᠪᠤᠳᠠᠭ ᠣᠯᠠᠮᠵᠢᠯᠠᠯᠳᠣ ᠰᠠᠶᠢᠬᠠᠨ ᠪᠤᠯᠪᠠᠰᠣᠨ ᠳᠠᠳᠬᠠᠯ ᠲᠠᠢ᠃ ᠮᠠᠯᠴᠢᠨ ᠠᠷᠠᠳ ᠤᠨ ᠠᠵᠤ ᠠᠮᠢᠳᠣᠷᠠᠯ ᠳᠣᠮᠳᠠ ᠦᠨᠢ ᠣᠳᠠᠭᠠᠨ ᠳᠡᠤᠭᠡ ᠲᠠᠢ᠂ ᠨᠤᠲᠤᠭ ᠰᠣᠶᠣᠯ ᠳᠤ ᠨᠦᠯᠦᠭᠡ ᠲᠤᠰᠬᠠᠯ ᠲᠠᠢ ᠣᠯᠠᠮᠵᠢᠯᠠᠯᠳᠣ ᠬᠤᠷᠢᠮ ᠨᠠᠶᠢᠷ ᠠᠴᠠ ᠭᠠᠳᠠᠨ᠎ᠠ ᠰᠠᠷ᠎ᠠ ᠶᠢᠨ ᠴᠠᠢ᠂ ᠣᠢ ᠶᠢᠨ ᠪᠠᠶᠠᠷ᠂ ᠨᠠᠰᠣᠨ ᠪᠠᠶᠠᠷ᠂ ᠭᠡᠷ ᠤᠨ ᠪᠠᠶᠠᠷ᠂ ᠴᠠᠭᠠᠨ ᠰᠠᠷ᠎ᠠ ᠶᠢᠨ ᠪᠠᠶᠠᠷ ᠭᠡᠭᠦ ᠮᠡᠳᠣ᠃ ᠡᠭᠦᠨ ᠤ ᠳᠣᠳᠣᠷ᠎ᠠ ᠪᠠᠰᠠ ᠶᠤᠰᠣᠯᠠᠯ ᠨᠠᠶᠢᠷ ᠢ ᠬᠤᠤᠰᠯᠠᠭᠤᠯᠤᠭᠰᠡᠨ ᠦᠢᠯᠡᠰ ᠪᠦᠳᠦᠭᠡᠯ ᠢᠶᠠᠨ ᠪᠡᠯᠭᠡᠳᠡᠭᠰᠡᠨ ᠶᠤᠰᠣᠯᠠᠯ ᠨᠡᠶᠢᠷ᠂ ᠴᠡᠭᠡᠷ ᠭᠤᠮᠤᠳᠠᠯ ᠢᠶᠠᠨ ᠳᠠᠶᠢᠯᠬᠤ ᠰᠢᠷᠤᠢ ᠶᠢᠨ ᠬᠤᠷᠢᠮ ᠭᠡᠵᠤ ᠨᠠᠷᠢᠨ ᠢᠯᠭᠠᠵᠤ ᠪᠠᠶᠢᠳᠠᠭ᠃          ᠬᠡᠤᠭᠡᠳ ᠤᠨ ᠰᠠᠷ᠎ᠠ ᠶᠢᠨ ᠴᠠᠢ     ᠠᠯᠢ ᠨᠢᠭᠡᠨ ᠠᠶᠢᠯ ᠤᠨ ᠪᠡᠷᠢ ᠪᠤᠶᠤ ᠪᠦᠰᠡᠭᠦᠢ ᠬᠦᠮᠦᠨ ᠬᠡᠣᠭᠡᠳ ᠳᠦᠷᠦᠵᠤ ᠬᠦᠩᠭᠡᠵᠢᠭᠡᠳ᠂ ᠭᠡᠤᠭᠡᠳ ᠤᠨ ᠰᠠᠷ᠎ᠠ ᠳᠦᠭᠦᠷᠬᠦ ᠡᠳᠣᠷ ᠨᠢ ᠬᠦᠷᠴᠣ ᠢᠷᠡᠪᠡᠯ ᠂ ᠰᠠᠷ᠎ᠠ ᠶᠢᠨ ᠬᠤᠭᠤᠴᠠᠭᠠᠨ ᠳᠤ ᠡᠷᠬᠢᠵᠤ ᠪᠤᠯᠭᠤᠭᠠᠵᠤ ᠦᠵᠡᠭᠰᠡᠳ ᠢ ᠣᠷᠢᠨ ᠢᠷᠡᠭᠦᠯᠵᠤ ᠬᠡᠣᠭᠡᠳ ᠤᠨ ᠰᠠᠷ᠎ᠠ ᠳᠦᠭᠦᠷᠦᠭᠰᠡᠨ ᠪᠠᠭ᠎ᠠ ᠨᠠᠶᠢᠷ ᠬᠢᠳᠡᠭ ᠢ ︽ᠰᠠᠷ᠎ᠠ ᠎ ᠶᠢᠨ ᠴᠠᠢ︾ ᠭᠡᠳᠡᠭ᠃ ᠰᠠᠷ᠎ᠠ ᠶᠢᠨ ᠴᠠᠢ ᠳᠤ ᠢᠷᠡᠭᠰᠡᠳ ᠨᠢ ᠪᠤᠭᠤᠷᠰᠤᠭ᠂ ᠴᠠᠢ ᠶᠢᠨ ᠳᠡᠭᠡᠵᠢ ᠲᠠᠢ᠂ ᠨᠢᠯᠬ᠎ᠠ ᠬᠡᠤᠭᠡᠳ ᠲᠤ ᠨᠢ ᠪᠠᠷᠢᠳᠠᠭ ᠬᠤᠪᠴᠠᠰᠣ ᠬᠤᠨᠠᠷ ᠲᠤᠭᠯᠠᠭᠠᠮ ᠨᠠᠭᠠᠳᠣᠮ ᠤᠨ ᠵᠦᠢᠯ ᠪᠤᠶᠤ ᠵᠤᠭᠤᠰ ᠮᠦᠩᠭᠦᠨ ᠬᠤᠪᠢ ᠦᠭᠳᠡᠭ᠃ ᠠᠶᠢᠯ ᠤᠨ ᠬᠢᠨ ᠨᠢ ᠬᠤᠨᠢ ᠮᠠᠯ ᠠᠯᠠᠵᠤ᠂ ᠠᠷᠢᠬᠢ ᠬᠤᠭᠤᠯᠠ ᠪᠡᠯᠡᠳᠭᠡᠵᠤ᠂ ᠨᠠᠶᠢᠷᠠᠯᠠᠵᠤ ᠨᠠᠷᠬᠢᠯᠳᠣᠨ᠂ ᠠᠬᠠᠮᠠᠳ ᠶᠡᠭᠡᠴᠣᠣᠯ ᠠᠴᠠ ᠬᠡᠣᠭᠡᠳ ᠢ ᠢᠷᠦᠭᠡᠵᠤ ᠨᠡᠷ᠎ᠡ ᠬᠠᠶᠢᠷᠠᠯᠠᠳᠠᠭ ᠪᠠᠶᠢᠵᠡᠢ᠃
ᠢᠷᠡᠯᠲᠡ᠄ ᠲᠤᠰ ᠰᠦᠯᠵᠢᠶ᠎ᠡ