ᠬᠡᠤᠭᠡᠳ ᠪᠦᠭᠦᠯᠢ 1 ᠨᠠᠰᠣ ᠬᠦᠷᠪᠡᠯ ᠳᠦᠷᠦᠯ ᠰᠠᠳᠣᠨ᠂ ᠶᠡᠭᠡᠴᠣᠣᠯ᠂ ᠠᠶᠢᠯ ᠠᠶᠢᠮᠠᠭ᠂ ᠨᠡᠶᠢᠵᠠ ᠨᠦᠭᠦᠳ ᠢᠶᠠᠨ ᠤᠷᠢᠨ ᠢᠷᠡᠭᠦᠯᠵᠤ 1 ᠨᠠᠰᠣ | ᠬᠦᠷᠦᠭᠰᠡᠨ ᠣᠢ ᠶᠢᠨ ᠪᠠᠶᠠᠷ ᠬᠢᠳᠡᠭ ᠢ ︽ᠭᠡᠤᠭᠡᠳ ᠤᠨ ᠣᠢ ᠶᠢᠨ ᠬᠤᠷᠢᠮ︾ ᠭᠡᠭᠦ ᠪᠤᠶᠤ ︽ᠤᠩᠭᠤᠨ ᠦᠷᠪᠡᠯᠭᠡ ᠶᠢ ᠬᠦᠨᠳᠡᠬᠦ ︵ᠬᠠᠶᠢᠴᠢᠯᠠᠬᠤ︶ ᠨᠠᠶᠢᠷ︾ | ᠭᠡᠳᠡᠭ᠃ ᠣᠢ ᠶᠢᠨ ᠬᠤᠷᠢᠮ ᠢ ᠶᠡᠷᠤ ᠨᠢ ᠨᠠᠷᠠᠨ ᠵᠠᠯᠠᠭᠤ ᠶᠢᠨ ᠴᠠᠭ ᠪᠤᠯᠬᠤ ᠦᠳᠡ ᠶᠢᠨ ᠡᠮᠤᠨ᠎ᠡ ᠲᠤᠬᠢᠷᠠᠭᠤᠯᠳᠠᠭ᠃ ᠬᠡᠤᠭᠡᠳ ᠤᠨ ᠣᠩᠭᠤᠨ ᠦᠷᠪᠡᠯᠭᠡ ᠶᠢ | ᠬᠦᠨᠳᠡᠵᠤ ᠦᠰᠣ ᠬᠠᠶᠢᠴᠢᠯᠠᠬᠤ ᠶᠢ ︽ᠮᠤᠳᠣᠨ ᠤ ᠦᠨᠳᠦᠷ ᠨᠠᠷᠠᠰᠣ᠂ ᠬᠦᠮᠦᠨ ᠤ ᠦᠨᠳᠦᠷ ᠨᠠᠭᠠᠴᠣ︾ ᠬᠡᠳᠡᠭ ᠢᠶᠠᠷ ᠬᠡᠤᠭᠡᠳ ᠤᠨ ᠨᠠᠭᠠᠴᠣ ᠶᠡᠭᠡᠴᠣᠣᠯ ᠪᠤᠯᠬᠤ | ᠡᠷᠡᠭᠳᠡᠢ ᠬᠦᠮᠦᠨ ᠠᠴᠠ ᠡᠬᠢᠯᠡᠭᠦᠯᠦᠨ ᠠᠷᠢᠬᠢ ᠵᠠᠰᠠᠵᠤ ᠳᠡᠬᠦᠨ ᠢᠶᠠᠷ ᠦᠰᠦ ᠬᠠᠶᠢᠴᠢᠯᠠᠭᠤᠯᠬᠤ ᠶᠢᠨ ᠬᠠᠮᠳᠣ ᠣᠩᠭᠤᠨ ᠦᠷᠪᠡᠯᠭᠡ ᠬᠦᠨᠳᠡᠬᠦ ᠢᠷᠦᠭᠡᠯ | ᠳᠡᠪᠰᠢᠭᠦᠯᠳᠡᠭ᠃ ᠢᠩᠭᠢᠵᠤ ᠲᠦᠷᠦᠯ ᠶᠡᠭᠡ ᠪᠠᠭ᠎ᠠ ᠶᠢᠨ ᠳᠠᠷᠠᠭᠠᠯᠠᠯ ᠢᠶᠠᠷ ᠦᠰᠦ ᠬᠠᠶᠢᠴᠢᠯᠠᠵᠤ ᠦᠰᠦ ᠪᠠᠨ ᠶᠡᠭᠡ ᠫᠢᠯᠠᠨ ᠳᠤ ᠬᠢᠳᠡᠭ ᠬᠢᠳᠡᠭ᠃ ᠨᠠᠶᠢᠷ ᠲᠤ | ᠢᠷᠡᠭᠰᠡᠳ ᠨᠢ ᠠᠷᠢᠬᠢ ᠪᠤᠭᠤᠷᠰᠤᠭ᠂ ᠬᠡᠪ ᠤᠨ ᠴᠠᠢ᠂ ᠵᠤᠭᠤᠰ ᠵᠡᠷᠭᠡ ᠶᠢᠨ ᠰᠠᠭᠠᠯᠢ ᠪᠡᠯᠡᠭ ᠲᠠᠢ ᠢᠷᠡᠭᠦ ᠶᠢᠨ ᠬᠠᠮᠳᠣ ᠦᠰᠦ ᠬᠠᠶᠢᠴᠢᠯᠠᠬᠤ ᠦᠶ᠎ᠡ ᠳᠤ ᠬᠡᠤᠭᠡᠳ | ᠤᠨ ᠦᠰᠦ ᠬᠠᠶᠢᠴᠢᠯᠠᠬᠤ ᠪᠠᠷ ᠪᠡᠯᠡᠳᠭᠡᠭᠰᠡᠨ ᠫᠢᠯᠠᠨ ᠳᠤ ᠵᠤᠭᠤᠰ᠂ ᠬᠤᠪᠴᠠᠰᠣ ᠪᠦᠰ᠂ ᠬᠡᠤᠭᠡᠳ ᠤᠨ ᠬᠤᠪᠴᠠᠰᠣ᠂ ᠦᠵᠦᠭ ᠪᠢᠷ᠂ ᠬᠦᠬᠦᠷ ᠵᠡᠷᠭᠡ ᠶᠢ | ᠳᠠᠯᠪᠢᠳᠠᠭ᠃ | ᠦᠰᠦ ᠬᠠᠶᠢᠴᠢᠯᠠᠵᠤ ᠪᠠᠷᠠᠭᠰᠡᠨ ᠤ ᠳᠠᠷᠠᠭ᠎ᠠ ᠣᠢ ᠪᠠᠶᠠᠷ ᠬᠢᠵᠤ ᠪᠠᠶᠢᠭ᠎ᠠ ᠬᠡᠤᠭᠡᠳ ᠢ ᠳᠡᠪᠡᠷᠢᠨ ᠳᠡᠳᠡᠭᠡᠷ ᠵᠤᠭᠤᠰ᠂ ᠦᠵᠦᠭ ᠪᠢᠷ ᠲᠠᠢ ᠫᠢᠯᠠᠨ ᠳᠡᠷᠭᠡᠳᠡ | ᠠᠪᠠᠴᠢᠨ᠂ ᠳᠡᠭᠦᠨ ᠤ ᠶᠠᠭᠤ ᠶᠠᠭᠤ ᠶᠢ ᠨᠢ ᠰᠣᠩᠭᠤᠨ ᠠᠪᠬᠤ ᠶᠢ ᠰᠢᠨᠵᠢᠵᠤ ᠠᠩᠬᠠᠷᠣᠨ ᠳᠡᠪᠵᠢᠶᠡᠨ ᠪᠤᠯᠳᠠᠭ᠃ ᠦᠵᠦᠭ ᠪᠢᠷ ᠢ ᠰᠣᠩᠭᠤᠪᠠᠯ ᠬᠤᠵᠢᠮ ᠶᠡᠭᠡ | ᠪᠢᠴᠢᠭᠳᠡᠨ᠂ ᠵᠡᠷᠭᠡᠳᠡᠨ ᠪᠤᠯᠤᠨ᠎ᠠ ᠭᠡᠳᠡᠭ᠃ ᠵᠤᠭᠤᠰ ᠳᠠᠯᠪᠢᠨ ᠬᠠᠳᠠᠵᠤ ᠳᠤᠭᠤᠭᠰᠢ ᠨᠢ ᠮᠦᠨ ᠰᠢᠷ᠎ᠠ ᠵᠤᠭᠤᠰ ᠬᠡᠯᠬᠢᠨ ᠬᠠᠮᠤᠭ ᠤᠨ ᠳᠣᠣᠷ᠎ᠠ ᠨᠢ ᠭᠠᠰᠢᠸ᠎ᠠ | ᠣᠷᠣᠭᠤᠯᠤᠨ ᠠᠷᠣ ᠵᠠᠭᠠᠮᠠᠨ ᠤ ᠬᠢ ᠨᠢ ᠳᠣᠣᠷ᠎ᠠ ᠵᠡᠭᠦᠯᠭᠡᠨ᠎ᠡ᠃ ᠢᠩᠬᠢᠪᠡᠯ ᠬᠡᠤᠭᠡᠳ ᠬᠠᠨᠠᠭᠠᠷ ᠬᠦᠮᠦᠨ ᠪᠤᠯᠤᠨ᠎ᠠ ᠭᠡᠵᠤ ᠪᠡᠯᠭᠡᠳᠡᠳᠡᠭ᠃ ᠨᠡᠶᠢᠷ ᠤᠨ ᠵᠤᠴᠢᠯᠠᠭ᠎ᠠ ᠨᠢ | ᠬᠤᠷᠢᠮ ᠨᠠᠶᠢᠷ ᠤᠨ ᠲᠠᠶᠢᠯᠠᠯᠠᠭᠠ ᠲᠠᠢ ᠠᠳᠠᠯᠢ᠂ ᠠᠶᠢᠯ ᠭᠡᠷ ᠤᠨ ᠠᠯᠢ ᠪᠤᠯᠬᠤ ᠣᠬᠢ ᠢᠳᠡᠭᠡᠨ᠂ ᠠᠷᠢᠬᠢ ᠳᠡᠷᠡᠰᠣ᠂ ᠰᠢᠭᠦᠰᠣ ᠤᠭᠤᠴᠠ ᠪᠠᠨ ᠭᠠᠷᠡᠭᠠᠵᠤ | ᠵᠤᠴᠢᠯᠠᠳᠠᠭ᠃ |