ᠨᠠᠰᠣᠨ ᠪᠠᠶᠠᠷ ᠪᠠ ᠵᠢᠯ ᠣᠷᠣᠭᠤᠯᠬᠤ
ᠨᠡᠶᠢᠲᠡᠯᠡᠭᠰᠡᠨ ᠴᠠᠭ᠄
2022/6/27
       ᠬᠠᠭᠤᠴᠢ ᠦᠭᠡᠨ ᠳᠤ ᠬᠦᠮᠦᠨ ᠨᠢᠭᠡ ᠨᠠᠰᠣᠨ ᠳᠤ ᠪᠠᠨ ︽ᠭᠤᠷᠪᠠᠨ ᠶᠡᠭᠡ ᠪᠠᠶᠠᠷ︾ ᠪᠠᠶᠢᠳᠠᠭ ᠬᠡᠳᠡᠭ᠃ ᠠᠩᠬᠠᠨ ᠪᠠᠶᠠᠷ ᠨᠢ 1 ᠨᠠᠰᠣᠨ ᠤ ᠣᠢ ᠶᠢᠨ ᠪᠠᠶᠠᠷ ᠨᠢ ᠰᠢᠷᠣᠢ ᠶᠢᠨ ᠬᠤᠷᠢᠮ ᠪᠤᠯᠤᠨ᠎ᠠ᠃ ᠳᠡᠭᠡᠭᠦᠯ᠎ᠡ ᠳᠠᠷᠢᠶᠠᠨ ᠰᠢᠯᠢ ᠶᠢᠨ ᠮᠤᠩᠭᠤᠯᠴᠣᠳ ᠶᠡᠷᠤ ᠨᠢ 60 ᠨᠠᠰᠣ᠂ 70 ᠨᠠᠰᠣᠨ ᠪᠠᠶᠠᠷ ᠭᠡᠵᠤ ᠬᠢᠳᠡᠭ ᠦᠭᠡᠢ᠃ ᠬᠡᠳᠡᠯ᠎ᠡ 80 ᠨᠠᠰᠣᠯᠠᠭᠰᠡᠨ ᠬᠦᠮᠦᠨ ᠢ ᠦᠨᠳᠦᠷ ᠨᠠᠰᠣᠳᠠᠨ ᠭᠡᠵᠤ ᠶᠡᠭᠡ ᠪᠠᠶᠠᠷ ᠬᠢᠳᠡᠭ ᠪᠠᠶᠢᠪᠠ᠃ ᠨᠠᠰᠣᠨ ᠪᠠᠶᠠᠷ ᠨᠢ ᠦᠨᠳᠦᠷ ᠨᠠᠰᠣᠳᠠᠢ ᠬᠦᠮᠦᠨ ᠳᠤ ᠨᠠᠰᠣᠨ ᠦᠯᠵᠡᠢ ᠶᠢᠨ ᠪᠠᠶᠠᠷ ᠬᠦᠷᠭᠡᠵᠤ ᠪᠠᠶᠢᠭ᠎ᠠ ᠶᠠᠪᠤᠳᠠᠯ ᠪᠤᠯᠤᠨ᠎ᠠ᠃ ᠡᠶᠢᠮᠤ ᠠᠴᠠ ᠨᠠᠰᠣᠨ ᠪᠠᠶᠠᠷ ᠬᠢᠬᠦ ᠣᠴᠢᠷ ᠪᠤᠯ ᠶᠡᠷᠤ ᠨᠢ ᠦᠳᠡᠯᠦᠭᠡ᠂ ᠦᠨᠳᠦᠷ ᠨᠠᠰᠣᠳᠠᠨ ᠤ ᠬᠢ ᠪᠠᠶᠢᠬᠤ ᠬᠡᠷᠡᠭᠳᠡᠢ᠃ ᠨᠤᠲᠤᠭ ᠤᠨ ᠵᠠᠩᠰᠢᠯ ᠭᠤᠷᠢᠮ ᠢᠶᠠᠷ ᠳᠠᠯᠠᠨ ᠨᠠᠰᠣᠨ ᠠᠴᠠ ᠳᠡᠭᠡᠭᠰᠢᠬᠢ ᠶᠢ ᠦᠨᠳᠦᠷ ᠨᠠᠰᠣᠳᠠᠨ ᠳᠤ ᠲᠤᠰᠬᠠᠶᠢᠯᠠᠨ ᠨᠠᠰᠣᠨ ᠦᠯᠵᠡᠢ ᠶᠢᠨ ᠨᠡᠶᠢᠷ ᠬᠢᠳᠡᠭ᠃ ᠳᠡᠭᠡᠭᠡᠳ ᠳᠠᠯᠠᠨ ᠨᠠᠰᠣᠨ ᠤ ᠨᠠᠶᠢᠷ᠂ ᠨᠠᠶᠠᠨ ᠨᠠᠰᠣᠨ ᠤ ᠨᠠᠶᠢᠷ᠂ ᠵᠠᠭᠤᠨ ᠨᠠᠰᠣᠨ ᠤ ᠨᠠᠶᠢᠷ ᠭᠡᠵᠤ ᠭᠢᠳᠡᠭ᠃ ᠶᠡᠷᠡᠨ ᠨᠠᠰᠦᠨ ᠤ ᠨᠠᠶᠢᠷ ᠨᠢ ᠢᠷᠡᠭᠰᠡᠨ ᠪᠦᠬᠦᠨ ᠳᠤ ᠦᠯᠵᠡᠶᠢᠳᠡᠢ ᠵᠠᠭᠤᠨ ᠨᠠᠰᠣᠨ ᠤ ᠨᠠᠶᠢᠷ ᠨᠢ ᠢᠷᠡᠭᠰᠡᠨ ᠪᠦᠬᠦᠨ ᠳᠤ ᠭᠡᠰᠢᠭᠳᠡᠢ ᠭᠡᠵᠤ ᠬᠡᠯᠳᠡᠭ ᠪᠤᠯᠬᠤᠷ ᠦᠨᠳᠦᠷ ᠨᠠᠰᠣᠨ ᠤ ᠨᠠᠶᠢᠷ ᠲᠤ ᠣᠷᠢᠭᠳᠠᠭᠰᠡᠨ ᠪᠦᠬᠦᠨ ᠣᠷᠣᠯᠴᠠᠳᠠᠭ᠃      ᠨᠠᠰᠣᠨ ᠪᠠᠶᠠᠷ ᠤᠨ ᠨᠠᠶᠢᠷ ᠨᠢ ᠬᠤᠷᠢᠮ ᠤᠨ ᠨᠠᠶᠢᠷ ᠲᠠᠢ ᠪᠠᠷᠤᠭ ᠶᠡᠭᠡ ᠲᠦᠯᠦᠪ ᠲᠤ ᠪᠠᠨ ᠠᠳᠠᠯᠢᠬᠠᠨ᠂ ᠮᠤᠷᠢᠯᠠᠨ ᠢᠷᠡᠭᠰᠡᠨ ᠭᠡᠶᠢᠴᠢᠨ ᠵᠤᠴᠢᠳ ᠤᠨ ᠪᠡᠯᠡᠭ ᠰᠡᠯᠳᠡ ᠶᠢ ᠬᠦᠯᠢᠶᠡᠨ ᠠᠪᠴᠣ᠂ ᠢᠷᠡᠭᠰᠡᠨ ᠵᠤᠴᠢᠨ ᠳᠤ ᠪᠠᠨ ᠠᠶᠢᠯ ᠭᠡᠷ ᠤᠨ ᠠᠯᠢ ᠪᠠᠶᠢᠬᠤ ᠢᠳᠡᠭᠡᠨ ᠤ ᠤᠬᠢ᠂ ᠬᠤᠨᠢᠨ ᠰᠢᠭᠦᠰᠣ ᠳᠡᠪᠰᠢᠭᠦᠯᠵᠤ᠂ ᠨᠠᠶᠢᠷ ᠎ ᠤᠨ ᠳᠠᠭᠤᠤ ᠡᠷᠭᠦᠵᠤ ᠶᠤᠰᠣᠯᠠᠯ ᠤᠨ ᠠᠷᠢᠬᠢ ᠪᠠᠷᠢᠳᠠᠭ᠃      ᠨᠠᠰᠣᠨ ᠪᠠᠶᠠᠷ ᠬᠢᠬᠦ ᠳᠤ ᠪᠠᠰᠠ ᠴᠡᠭᠡᠷᠯᠡᠬᠦ ᠵᠦᠢᠯ ᠪᠠᠶᠢᠳᠠᠭ᠃ ᠳᠠᠷᠤᠢ ᠦᠢᠷ᠎ᠠ ᠲᠦᠷᠦᠯ ᠎ ᠤᠨ ᠳᠣᠳᠣᠷ᠎ᠠ ᠳᠡᠭᠡᠷ᠎ᠡ ᠦᠶ᠎ᠡ ᠶᠢᠨ ᠠᠬᠠᠮᠠᠳ ᠨᠠᠰᠣᠳᠠᠨ᠂ ᠦᠶ᠎ᠡ ᠬᠤᠷᠠᠭ ᠤᠨ ᠠᠬᠠᠰ ᠵᠠᠬᠠᠰ ᠪᠠᠶᠢᠪᠠᠯ ᠨᠠᠰᠣᠨ ᠪᠠᠶᠠᠷ ᠬᠢᠳᠡᠭ ᠦᠭᠡᠢ ᠮᠦᠷᠳᠡᠭᠡᠨ ᠨᠢᠭᠡ ᠬᠦᠮᠦᠨ ᠨᠢᠭᠡ ᠨᠠᠰᠣᠨ ᠳᠤ ᠪᠠᠨ ᠬᠤᠶᠠᠷ ᠣᠳᠠᠭ᠎ᠠ ᠨᠠᠰᠣᠨ ᠪᠠᠶᠠᠷ ᠬᠢᠳᠡᠭ ᠦᠭᠡᠢ ᠭᠡᠰᠡᠨ ᠨᠠᠰᠣᠳᠠᠳ ᠤᠨ ᠬᠠᠭᠤᠴᠢ ᠶᠠᠷᠢᠶ᠎ᠠ ᠪᠠᠶᠢᠳᠠᠭ᠃ ᠦᠨᠳᠦᠷ ᠨᠠᠰᠣᠳᠠᠨ ᠪᠢᠰᠢ ᠪᠠᠶᠢᠭᠠᠳ ᠨᠠᠰᠣᠨ ᠪᠠᠶᠠᠷ ᠬᠢᠪᠡᠯ ᠨᠠᠰᠣᠨ ᠪᠤᠶᠠᠨ ᠪᠠᠭᠤᠷᠠᠨ᠎ᠠ ᠭᠡᠵᠤ ᠬᠡᠯᠡᠳᠡᠭ᠃      ᠵᠢᠯ ᠣᠷᠣᠬᠤ ᠭᠡᠳᠡᠭ ᠨᠢ ᠨᠢᠭᠡ ᠬᠦᠮᠦᠨ ᠤ ᠠᠮᠢ ᠨᠠᠰᠣᠨ ᠳᠤ ᠨᠢᠭᠡ ᠡᠷᠬᠢᠯᠳᠡ ᠶᠢᠨ ᠴᠠᠭ ᠬᠤᠭᠤᠴᠠᠭ᠎ᠠ ᠠᠴᠠ ᠨᠦᠭᠦᠭᠡ ᠨᠢᠭᠡ ᠡᠷᠬᠢᠯᠳᠡ ᠶᠢᠨ ᠴᠠᠭ ᠬᠤᠭᠤᠴᠠᠭ᠎ᠠ ᠳᠤ ᠰᠢᠯᠵᠢᠨ ᠣᠷᠣᠵᠣ᠂ ᠲᠦᠷᠦᠭᠰᠡᠨ ᠵᠢᠯ ᠤᠨ ᠣᠢ ᠪᠠᠨ ᠣᠭᠳᠣᠨ ᠠᠪᠴᠢᠷᠠᠭᠰᠡᠨ ᠳᠡᠷᠡ ᠵᠢᠯ ᠢ ᠬᠡᠯᠡᠳᠡᠭ᠃ ᠳᠡᠷᠡ ᠨᠢ12 ᠵᠢᠯ ᠢᠶᠠᠷ ᠨᠢᠭᠡ ᠨᠤᠭᠤᠯᠤᠭ᠎ᠠ ᠪᠤᠯᠭᠠᠨ ᠲᠤᠭᠠᠴᠠᠵᠤ᠂ ᠭᠡᠢ ᠨᠠᠰᠣ ᠪᠠᠷ ᠢᠶᠠᠨ 13᠂25᠂ 37᠂ 49᠂ 61᠂ ᠨᠠᠰᠦᠨ ᠳᠤ ᠪᠠᠨ ᠬᠦᠮᠦᠰ ᠵᠢᠯ ᠣᠷᠣᠳᠠᠭ᠃      ᠮᠤᠩᠭᠤᠯᠴᠣᠳ ᠶᠡᠷᠤ ᠳᠤ ᠪᠠᠨ ︽ᠨᠢᠭᠡ ᠨᠠᠰᠣ︾ ᠭᠡᠵᠤ᠂ ᠬᠢᠳᠠᠳ ᠦᠨᠳᠦᠰᠦᠳᠡᠨ ᠨᠢ ︽100 ᠡᠳᠣᠷ︾᠎ ᠢ ᠶᠡᠭᠡᠳᠡ ᠬᠦᠨᠳᠦᠳᠭᠡᠨ᠎ᠡ᠃100 ᠡᠳᠣᠷ ᠪᠠ ᠨᠢᠭᠡ ᠨᠠᠰᠣ ᠪᠤᠯ ᠨᠢᠯᠬ᠎ᠠ ᠬᠡᠤᠭᠡᠳ ᠬᠦᠮᠦᠨ ᠤ ᠬᠤᠷᠸ᠎ᠠ ᠳᠤ ᠮᠡᠨᠳᠦᠯᠡᠵᠤ ᠭᠠᠷᠴᠣ ᠢᠷᠡᠭᠡᠳ᠂ ᠦᠰᠦᠯᠳᠡ ᠪᠤᠶᠢᠵᠢᠯᠳᠡ ᠶᠢᠨ ᠴᠢᠬᠤᠯᠠ ᠴᠠᠭ ᠦᠶ᠎ᠡ ᠳᠤ ᠣᠷᠣᠭᠰᠡᠨ ᠭᠡᠵᠤ ︽100 ᠡᠳᠣᠷ︾ ᠪᠤᠶᠤ ︽ᠨᠢᠭᠡ ᠪᠦᠭᠦᠯᠢ ᠨᠠᠰᠣᠨ︾᠎ ᠤ ᠣᠢ ᠶᠢᠨ ᠪᠠᠶᠠᠷ ᠬᠢᠬᠦ ᠶᠢ ᠴᠢᠬᠤᠯᠠᠴᠢᠯᠠᠳᠠᠭ᠃ ᠪᠠᠰᠠ61 ᠨᠠᠰᠣᠨ ᠤ ᠵᠢᠯ ᠣᠷᠣᠭᠤᠯᠬᠤ ᠶᠢ ᠬᠦᠨᠳᠦᠳᠭᠡᠨ ᠦᠵᠡᠳᠡᠭ᠃ ᠣᠴᠢᠷ ᠨᠢ 61 ᠨᠠᠰᠣ ᠪᠣᠯ ᠡᠰᠢ ᠡᠷᠭᠡᠳᠡᠨ ᠲᠠᠢ ᠪᠠᠨ ᠠᠳᠠᠯᠢ ᠪᠤᠯᠵᠤ ᠢᠷᠡᠳᠡᠭ ᠦᠡᠭᠡ ᠡᠷᠬᠢᠯᠳᠡ ᠶᠢᠨ ᠨᠠᠰᠣ ᠬᠡᠳᠡᠭ ᠪᠤᠯᠬᠤᠷ ᠡᠨᠡ ᠨᠠᠰᠣᠨ ᠳᠡᠭᠡᠷ᠎ᠡ ᠨᠢ ᠲᠤᠰ ᠬᠦᠮᠦᠨ ᠤ ᠪᠡᠶ᠎ᠡ ᠮᠠᠬᠠᠪᠤᠳ ᠬᠠᠷᠢᠴᠠᠩᠭᠤᠢ ᠳᠣᠷᠣᠢ ᠪᠠᠶᠢᠳᠠᠭ ᠭᠡᠵᠤ ᠬᠡᠯᠡᠳᠡᠭ᠃ ᠡᠶᠢᠮᠤ ᠠᠴᠠ61 ᠳᠡᠭᠡᠷ᠎ᠡ ᠨᠢ ᠳᠠᠬᠢᠵᠤ ᠰᠢᠨᠡᠯᠡᠬᠦ ᠬᠦᠢᠴᠡᠳᠭᠡᠯ ᠬᠢᠵᠤ ︵ᠨᠢᠭᠡ ᠵᠢᠯ ᠳᠤ ᠬᠤᠶᠠᠷ ᠣᠳᠠᠭ᠎ᠠ ᠰᠢᠨᠡᠯᠡᠵᠤ︶᠂61 ᠨᠠᠰᠣ ᠪᠠᠨ ᠦᠭᠡᠷᠡᠳᠦᠭᠦᠯᠦᠨ62 ᠨᠠᠰᠣᠯᠠᠯ᠎ᠠ ᠬᠡᠳᠡᠭ᠃ ᠡᠬᠦᠨ ᠲᠠᠢ ᠠᠳᠠᠯᠢᠬᠠᠨ ᠢᠶᠠᠷ81 ᠨᠠᠰᠣᠯᠠᠭᠰᠠᠳ ᠢ ᠪᠠᠰᠠ ᠨᠢᠭᠡ ᠯᠡ ᠴᠠᠭᠠᠨ ᠰᠠᠷ᠎ᠠ ᠳᠡᠭᠡᠷ᠎ᠡ ᠳᠠᠬᠢᠨ ᠰᠢᠨᠡᠯᠡᠭᠦᠯᠬᠦ ︵ᠨᠢᠭᠡ ᠵᠢᠯ ᠳᠤ ᠬᠤᠶᠠᠷ ᠣᠳᠠᠭ᠎ᠠ ᠰᠢᠨᠡᠯᠡᠵᠤ︶᠎ ᠶᠢ ᠴᠢᠬᠤᠯᠠᠴᠢᠯᠠᠵᠤ᠂81 ᠨᠠᠰᠣ ᠪᠠᠨ82 ᠨᠠᠰᠣ ᠪᠤᠯᠭᠠᠨ ᠦᠭᠡᠷᠡᠳᠦᠭᠦᠯᠬᠦ ᠨᠠᠶᠢᠷ ᠢ ᠶᠡᠷᠤ ᠨᠢ ᠳᠦᠷᠦᠭᠰᠡᠨ ᠦᠷ᠎ᠡ ᠬᠡᠤᠭᠡᠳ ᠨᠢ ᠡᠷᠬᠢᠯᠡᠨ᠂ ᠲᠦᠷᠦᠯ ᠰᠠᠳᠣᠨ ᠨᠢ ᠴᠤᠭᠯᠠᠷᠠᠵᠤ ᠵᠢᠯ ᠣᠷᠣᠭᠰᠡᠨ ᠪᠡᠯᠡᠭ ᠪᠠᠷᠢᠨ᠂ ᠪᠡᠶ᠎ᠡ ᠮᠠᠬᠠᠪᠤᠳ ᠢ ᠨᠢ ᠬᠠᠯᠠᠮᠵᠢᠠᠯᠵᠤ᠂ ᠡᠷᠡᠬᠦᠯ ᠡᠩᠭᠡ᠂ ᠣᠷᠳᠣ ᠨᠠᠰᠣᠯᠠᠬᠤ ᠶᠢ ᠨᠢ ᠵᠦᠩᠨᠡᠵᠤ ᠪᠡᠯᠭᠡᠯᠡᠨ᠎ᠡ᠃ ᠬᠠᠷᠢᠨ12 ᠪᠦᠭᠦᠯᠢ ᠨᠠᠰᠣᠨ ᠳᠤ ᠲᠤᠰᠬᠠᠢ ᠵᠢᠯ ᠣᠷᠣᠭᠤᠯᠬᠤ ᠪᠠᠶᠠᠷ ᠨᠠᠶᠢᠷ ᠬᠢᠳᠡᠭ ᠳᠠᠳᠬᠠᠯ ᠦᠭᠡᠢ᠃ ᠭᠡᠳᠡᠯ᠎ᠡ ᠣᠳᠣᠬᠠᠨ ᠳᠡᠭᠡᠷ᠎ᠡ ᠪᠦᠭᠦᠯᠢ ᠨᠠᠰᠣᠨ ᠤ ᠣᠢ ᠎ ᠶᠢᠨ ᠪᠠᠶᠠᠷ ᠢ ᠶᠡᠭᠡ ᠬᠡᠪᠴᠢᠶ᠎ᠡ ᠲᠠᠢ ᠬᠢᠳᠡᠭ ᠪᠤᠯᠵᠡᠢ᠃
ᠢᠷᠡᠯᠲᠡ᠄ ᠲᠤᠰ ᠰᠦᠯᠵᠢᠶ᠎ᠡ