ᠣᠲᠣ ᠶᠢᠨ ᠬᠦᠯᠡᠮᠵᠢ ᠳᠤ ᠨᠤᠭᠤᠰᠤ ᠲᠡᠵᠢᠭᠡᠬᠦ ᠳᠤ ᠶᠠᠮᠠᠷ ᠵᠡᠷᠭᠡ ᠪᠣᠶ︖ ᠬᠠᠮᠲᠤ ᠣᠴᠢᠵᠤ ᠦᠵᠡᠶ᠎ᠡ︕
ᠨᠡᠶᠢᠲᠡᠯᠡᠭᠰᠡᠨ ᠴᠠᠭ᠄
2022/6/28
   1. ᠬᠦᠯᠡᠮᠵᠢ ᠳᠤ ᠨᠤᠭᠤᠰᠤ ᠲᠡᠵᠢᠭᠡᠬᠦ ᠠᠵᠢᠯ ᠢ ᠬᠡᠷᠬᠢᠨ ᠬᠢᠬᠦ ᠪᠤᠶ︖    ︵1︶ ᠲᠣᠮᠣ ᠫᠧᠩ ᠪᠠᠷᠢᠬᠤ ᠳᠤ ᠦᠨᠡᠬᠡᠷ ᠮᠠᠰᠢ ᠣᠯᠠᠨ ᠮᠡᠷᠭᠡᠵᠢᠯ ᠤᠨ ᠠᠭᠤᠯᠤᠭᠳᠠᠴᠠ ᠲᠠᠢ᠂ ᠡᠩ ᠤᠨ ᠪᠠᠶᠢᠳᠠᠯ ᠳᠤ ᠬᠠᠮᠤᠭ ᠰᠠᠶᠢᠨ ᠨᠢ ᠲᠣᠮᠣ ᠫᠧᠩ ᠪᠠᠷᠢᠬᠤ ᠶᠢᠨ ᠡᠭᠦᠳᠡ ᠶᠢ ᠬᠤᠶᠢᠰᠢ ᠬᠠᠨᠳᠤᠭᠤᠯᠵᠤ᠂ ᠳᠠᠷᠠᠭ᠎ᠠ ᠨᠢ ᠣᠶᠢᠷᠠᠯᠴᠠᠭ᠎ᠠ ᠤᠰᠤ ᠲᠠᠢ ᠭᠠᠵᠠᠷ ᠢ ᠰᠣᠩᠭᠤᠬᠤ ᠶᠢᠨ ᠬᠠᠮᠲᠤ ᠤᠰᠤᠨ ᠤ ᠴᠢᠨᠠᠷ ᠢ ᠴᠤ ᠰᠠᠶᠢᠨ ᠪᠠᠶᠢᠯᠭᠠᠬᠤ ᠶᠢ ᠰᠠᠨᠠᠭᠤᠯᠤᠶ᠎ᠠ᠃     ︵2︶ ᠡᠭᠦᠨ ᠠᠴᠠ ᠭᠠᠳᠠᠨ᠎ᠠ᠂ ᠬᠦᠯᠡᠮᠵᠢ ᠶᠢ ᠪᠠᠷᠢᠬᠤ ᠳᠠᠭᠠᠨ ᠬᠤᠶᠠᠷ ᠮᠧᠲᠷ ᠣᠷᠴᠢᠮ ᠤᠨ ᠥᠨᠳᠥᠷ ᠬᠡᠮᠵᠢᠶᠡᠨ ᠳᠤ ᠬᠦᠷᠲᠡᠯ᠎ᠡ ᠪᠠᠷᠢᠪᠠᠯ ᠨᠡᠯᠢᠶᠡᠳ ᠲᠣᠬᠢᠷᠠᠮᠵᠢ ᠲᠠᠢ ᠪᠠᠶᠢᠳᠠᠭ ᠶᠤᠮ᠃ ᠡᠭᠦᠨ ᠠᠴᠠ ᠭᠠᠳᠠᠨ᠎ᠠ᠂ ᠬᠦᠯᠡᠮᠵᠢ ᠶᠢ ᠪᠠᠷᠢᠬᠤ ᠳᠠᠭᠠᠨ ᠬᠤᠶᠠᠷ ᠮᠧᠲᠷ ᠣᠷᠴᠢᠮ ᠤᠨ ᠥᠨᠳᠥᠷ ᠬᠡᠮᠵᠢᠶᠡᠨ ᠳᠤ ᠬᠦᠷᠲᠡᠯ᠎ᠡ ᠪᠠᠷᠢᠪᠠᠯ ᠨᠡᠯᠢᠶᠡᠳ ᠲᠣᠬᠢᠷᠠᠮᠵᠢᠲᠠᠶ ᠶᠤᠮ᠃      ︵3︶ ᠲᠡᠵᠢᠭᠡᠪᠦᠷᠢ ᠶᠢᠨ ᠡᠷᠦᠬᠡ ᠶᠢᠨ ᠠᠩᠬᠠᠷᠬᠤ ᠴᠢᠬᠤᠯᠠ ᠲᠠᠢ ᠵᠦᠢᠯ ᠭᠡᠪᠡᠯ᠂ ᠬᠡᠷᠪᠡ ᠳᠡᠩᠳᠡᠭᠦᠦ ᠥᠨᠳᠥᠷ ᠪᠠᠷᠢᠪᠠᠯ ᠡᠪᠦᠯ ᠤᠨ ᠴᠠᠭ ᠲᠤ ᠬᠦᠯᠡᠮᠵᠢ ᠶᠢᠨ ᠳᠤᠯᠠᠭᠠᠨ ᠤ ᠬᠡᠮᠵᠢᠶ᠎ᠡ ᠨᠡᠯᠢᠶᠡᠳ ᠳᠣᠣᠷ᠎ᠠ ᠪᠠᠶᠢᠵᠤ ᠮᠡᠳᠡᠨ᠎ᠡ᠂ ᠬᠡᠷᠪᠡ ᠳᠡᠩᠳᠡᠭᠦᠦ ᠳᠣᠣᠷ᠎ᠠ ᠪᠠᠷᠢᠪᠠᠯ ᠬᠦᠯᠡᠮᠵᠢ ᠶᠢᠨ ᠬᠠᠯᠠᠭᠤᠨ ᠢ ᠰᠠᠷᠨᠢᠭᠤᠯᠬᠤ ᠨᠢ ᠲᠡᠶᠢᠮᠦ ᠰᠠᠶᠢᠨ ᠪᠢᠰᠢ ᠪᠠᠶᠢᠵᠤ ᠮᠡᠳᠡᠨ᠎ᠡ᠃      ︵4︶ ᠡᠶᠢᠮᠦ ᠠᠴᠠ ᠪᠠᠷᠢᠵᠤ ᠪᠤᠰᠬᠠᠬᠤ ᠳᠠᠭᠠᠨ ᠨᠤᠭᠤᠰᠤ ᠶᠢ ᠴᠢᠳᠠᠬᠤ ᠶᠢᠨ ᠬᠢᠷᠢ ᠪᠠᠷ ᠲᠠᠭᠠᠯᠠᠮᠵᠢᠲᠠᠶ ᠪᠠᠶᠢᠯᠭᠠᠬᠤ ᠶᠢᠨ ᠬᠠᠮᠲᠤ ᠰᠠᠷᠠᠪᠴᠢᠨ ᠳᠣᠲᠣᠷᠠᠬᠢ ᠠᠭᠠᠷ ᠤᠨ ᠬᠡᠪ ᠤᠨ ᠪᠠᠶᠢᠳᠠᠯ ᠢᠶᠠᠷ ᠨᠡᠪᠲᠡᠷᠡᠬᠦ ᠶᠢ ᠪᠠᠲᠤᠯᠠᠬᠤ ᠬᠡᠷᠡᠭᠲᠡᠶ᠃      2. ᠬᠦᠯᠡᠮᠵᠢ ᠳᠤ ᠲᠡᠵᠢᠭᠡᠭᠰᠡᠨ ᠨᠤᠭᠤᠰᠤᠨ ᠤ ᠡᠭᠦᠯᠳᠡᠷ ᠢ ᠰᠣᠩᠭᠤᠬᠤ      ︵1︶ ᠨᠤᠭᠤᠰᠤ ᠲᠡᠵᠢᠭᠡᠨ ᠦᠷᠡᠵᠢᠭᠦᠯᠬᠦ ᠱᠠᠭᠠᠷᠳᠠᠯᠭ᠎ᠠ ᠲᠡᠶᠢᠮᠦ ᠥᠨᠳᠥᠷ ᠪᠢᠰᠢ᠂ ᠲᠡᠵᠢᠭᠡᠬᠦ ᠳᠤ ᠠᠮᠠᠷᠬᠠᠨ ᠨᠢᠭᠡ ᠲᠦᠷᠦᠯ ᠤᠨ ᠡᠭᠦᠯᠳᠡᠷ ᠲᠤ ᠪᠠᠭᠲᠠᠨ᠎ᠠ᠃ ᠡᠶᠢᠮᠦ ᠠᠴᠠ ᠡᠩ ᠤᠨ ᠦᠶ᠎ᠡ ᠳᠤ ᠥᠪᠡᠷ ᠤᠨ ᠪᠣᠳᠠᠲᠤ ᠬᠡᠷᠡᠭᠴᠡᠭᠡ ᠵᠢᠴᠢ ᠲᠤᠬᠠᠶ ᠶᠢᠨ ᠭᠠᠵᠠᠷ ᠤᠨ ᠬᠥᠮᠦᠰ ᠤᠨ ᠳᠤᠷᠠᠲᠠᠶ ᠲᠡᠵᠢᠭᠡᠪᠦᠷᠢ ᠶᠢᠨ ᠡᠭᠦᠯᠳᠡᠷ ᠢᠶᠠᠨ ᠦᠨᠳᠦᠰᠦᠯᠡᠵᠦ ᠨᠤᠭᠤᠰᠤᠨ ᠤ ᠡᠭᠦᠯᠳᠡᠷ ᠢ ᠰᠣᠩᠭᠤᠵᠤ ᠪᠣᠯᠤᠨ᠎ᠠ᠃      ︵2︶ ᠮᠢᠬᠠᠨ ᠨᠤᠭᠤᠰᠤ ᠲᠡᠵᠢᠭᠡᠬᠦ ᠳᠤ ᠬᠦᠷᠪᠡᠯ᠂ ᠤᠷᠭᠤᠴᠠ ᠨᠢ ᠨᠡᠯᠢᠶᠡᠳ ᠲᠦᠷᠭᠡᠨ᠂ ᠲᠡᠵᠢᠭᠡᠯ ᠪᠣᠷᠳᠤᠭ᠎ᠠ ᠳᠤ ᠠᠷᠪᠢᠲᠠᠶ ᠨᠤᠭᠤᠰᠤᠨ ᠤ ᠦᠷ᠎ᠡ ᠶᠢ ᠰᠣᠩᠭᠤᠪᠠᠯ ᠬᠠᠮᠤᠭ ᠰᠠᠶᠢᠨ᠃ ᠬᠡᠷᠪᠡ ᠥᠨᠳᠡᠭᠡ ᠨᠤᠭᠤᠰᠤ ᠲᠡᠵᠢᠭᠡᠬᠦ ᠳᠤ ᠭᠦᠷᠪᠡᠯ᠂ ᠥᠨᠳᠡᠭᠡᠯᠡᠬᠦ ᠨᠣᠷᠮ᠎ᠠ ᠪᠠᠷ ᠨᠡᠯᠢᠶᠡᠳ ᠥᠨᠳᠥᠷ ᠮᠥᠷᠲᠡᠭᠡᠨ ᠥᠨᠳᠡᠭᠡᠯᠡᠬᠦ ᠴᠠᠭ ᠨᠢ ᠨᠡᠯᠢᠶᠡᠳ ᠡᠷᠲᠡ ᠪᠠᠶᠢᠳᠠᠭ ᠨᠤᠭᠤᠰᠤ ᠶᠢ ᠰᠣᠩᠭᠤᠵᠤ ᠲᠡᠵᠢᠭᠡᠨ ᠦᠷᠡᠵᠢᠭᠦᠯᠪᠡᠯ ᠵᠣᠬᠢᠨ᠎ᠠ᠃ ᠡᠨᠡ ᠨᠢ ᠳᠠᠷᠤᠶ ᠥᠨᠳᠡᠭᠡᠯᠡᠬᠦ ᠨᠣᠷᠮ᠎ᠠ ᠪᠠᠷ ᠨᠡᠯᠢᠶᠡᠳ ᠥᠨᠳᠥᠷ ᠮᠥᠷᠲᠡᠭᠡᠨ ᠥᠨᠳᠡᠭᠡᠯᠡᠬᠦ ᠴᠠᠭ ᠨᠢ ᠨᠡᠯᠢᠶᠡᠳ ᠡᠷᠲᠡ ᠪᠠᠶᠢᠳᠠᠭ ᠨᠤᠭᠤᠰᠤ ᠶᠢ ᠰᠣᠩᠭᠤᠵᠤ ᠲᠡᠵᠢᠭᠡᠨ ᠦᠷᠡᠵᠢᠭᠦᠯᠬᠦ ᠶᠢᠨ ᠲᠥᠯᠥᠭᠡ ᠶᠤᠮ᠃      3. ᠬᠦᠯᠡᠮᠵᠢ ᠶᠢᠨ ᠳᠤᠯᠠᠭᠠᠨ ᠤ ᠬᠡᠮᠵᠢᠶ᠎ᠡ ᠶᠢᠨ ᠬᠠᠮᠢᠶᠠᠷᠤᠯᠲᠠ     ︵1︶ ᠬᠦᠯᠡᠮᠵᠢ ᠳᠤ ᠨᠤᠭᠤᠰᠤ ᠲᠡᠵᠢᠭᠡᠬᠦ ᠶᠢ ᠬᠠᠮᠢᠶᠠᠷᠬᠤ ᠳᠤ ᠨᠡᠯᠢᠶᠡᠳ ᠳᠥᠭᠦᠮ ᠪᠣᠯᠪᠠᠴᠤ ᠡᠩ ᠤᠨ ᠦᠶ᠎ᠡ ᠳᠤ ᠬᠦᠯᠡᠮᠵᠢ ᠶᠢᠨ ᠳᠤᠯᠠᠭᠠᠨ ᠤ ᠬᠤᠪᠢᠷᠠᠯᠲᠠ ᠶᠢ ᠠᠩᠬᠠᠷᠬᠤ ᠬᠡᠷᠡᠭᠲᠡᠶ᠂ ᠬᠡᠷᠪᠡ ᠵᠢᠭᠠᠬᠠᠨ ᠠᠩᠬᠠᠷᠬᠤ ᠦᠭᠡᠢ ᠪᠣᠯ ᠨᠤᠭᠤᠰᠤ ᠵᠣᠬᠢᠮᠵᠢ ᠦᠭᠡᠢ ᠠᠴᠠ ᠪᠤᠯᠵᠤ ᠨᠢᠭᠡ ᠬᠡᠰᠡᠭ ᠬᠤᠬᠢᠷᠠᠯ ᠳᠤ ᠤᠴᠠᠷᠠᠵᠤ ᠮᠡᠳᠡᠨ᠎ᠡ᠂ ᠡᠶᠢᠮᠦ ᠠᠴᠠ ᠬᠦᠯᠡᠮᠵᠢ ᠶᠢᠨ ᠳᠤᠯᠠᠭᠠᠨ ᠤ ᠬᠡᠮᠵᠢᠶ᠎ᠡ ᠶᠢᠨ ᠬᠤᠪᠢᠷᠠᠯᠲᠠ ᠶᠢ ᠠᠩᠬᠠᠷᠬᠤ ᠬᠡᠷᠡᠭᠲᠡᠶ᠃      ︵2︶ ᠶᠡᠷᠦ ᠳᠡᠭᠡᠨ ᠵᠣᠨ ᠤ ᠤᠯᠠᠷᠢᠯ ᠳᠤ ᠳᠤᠯᠠᠭᠠᠨ ᠤ ᠬᠡᠮᠵᠢᠶ᠎ᠡ ᠨᠡᠯᠢᠶᠡᠳ ᠥᠨᠳᠥᠷ ᠦᠶ᠎ᠡ ᠳᠤ ᠳᠤᠯᠠᠭᠠᠨ ᠤ ᠬᠡᠮᠵᠢᠶ᠎ᠡ ᠶᠢ ᠪᠠᠭᠤᠷᠠᠭᠤᠯᠬᠤ ᠠᠵᠢᠯ ᠢ ᠴᠠᠭ ᠲᠤᠬᠠᠶ ᠳᠤᠨᠢ ᠰᠠᠶᠢᠲᠤᠷ ᠬᠢᠵᠦ᠂ ᠥᠷᠯᠥᠭᠡ ᠦᠳᠡᠰᠢ ᠰᠠᠷᠠᠪᠴᠢᠨ ᠳᠤ ᠰᠠᠯᠬᠢ ᠨᠡᠪᠲᠡᠷᠡᠭᠦᠯᠦᠨ᠎ᠡ᠂ ᠢᠩᠭᠢᠪᠡᠯ ᠰᠠᠷᠠᠪᠴᠢᠨ ᠤ ᠠᠭᠤᠷ ᠠᠮᠢᠰᠬᠤᠯ ᠢ ᠨᠡᠯᠢᠶᠡᠳ ᠰᠢᠨ᠎ᠡ ᠰᠣᠷᠭᠤᠭ ᠪᠣᠯᠭᠠᠨ᠎ᠠ᠃     ︵3︶ ᠡᠪᠦᠯ ᠤᠨ ᠤᠯᠠᠷᠢᠯ ᠳᠤ ᠠᠭᠠᠷ ᠤᠨ ᠳᠤᠯᠠᠭᠠᠨ ᠬᠠᠬᠢᠷ ᠬᠦᠢᠲᠡᠨ ᠪᠣᠯᠬᠤᠷ᠂ ᠰᠠᠷᠠᠪᠴᠢᠨ ᠳᠤ ᠵᠣᠬᠢᠬᠤ ᠬᠡᠮᠵᠢᠶᠡᠨ ᠤ ᠳᠤᠯᠠᠭᠠᠨ ᠨᠡᠮᠡᠭᠳᠡᠭᠦᠯᠬᠦ ᠶᠠᠭᠤᠮ᠎ᠠ ᠨᠡᠮᠡᠵᠦ᠂ ᠨᠤᠭᠤᠰᠤ ᠶᠢ ᠬᠥᠯᠳᠡᠭᠡᠬᠦ ᠠᠴᠠ ᠰᠡᠷᠭᠡᠶᠢᠯᠡᠨ᠎ᠡ᠃ ᠳᠡᠭᠡᠷ᠎ᠡ ᠶᠠᠷᠢᠭᠰᠠᠨ ᠢ ᠬᠤᠷᠢᠶᠠᠩᠭᠤᠶᠢᠯᠠᠪᠠᠯ᠂ ᠲᠠᠷᠢᠶᠠᠴᠢᠳ ᠬᠡᠷᠪᠡ ᠥᠨᠳᠥᠷ ᠬᠤᠷᠢᠶᠠᠯᠲᠠ ᠲᠠᠢ ᠮᠢᠬᠠᠨ ᠨᠤᠭᠤᠰᠤ ᠲᠡᠵᠢᠭᠡᠨ ᠦᠷᠡᠵᠢᠭᠦᠯᠬᠦ ᠳᠤ ᠬᠦᠷᠪᠡᠯ᠂ ᠲᠤᠰᠬᠠᠶ ᠮᠡᠷᠭᠡᠵᠢᠯ ᠤᠨ ᠲᠡᠵᠢᠭᠡᠨ ᠦᠷᠡᠵᠢᠭᠦᠯᠬᠦ ᠮᠡᠷᠭᠡᠵᠢᠯ ᠪᠠ ᠬᠠᠮᠢᠶᠠᠷᠤᠯᠲᠠ ᠶᠢᠨ ᠠᠷᠭ᠎ᠠ ᠶᠢ ᠡᠵᠡᠮᠰᠢᠪᠡᠯ ᠬᠠᠮᠤᠭ ᠤᠨ ᠰᠠᠶᠢᠨ ᠶᠤᠮ᠂ ᠲᠤᠰ ᠵᠣᠬᠢᠶᠠᠯ ᠳᠤ ᠲᠠ ᠪᠦᠬᠦᠨ ᠳᠤ ᠬᠠᠪᠰᠤᠷᠤᠯᠭ᠎ᠠ ᠦᠵᠡᠭᠦᠯᠬᠦ ᠶᠢ ᠬᠦᠰᠡᠵᠦ ᠪᠠᠶᠢᠨ᠎ᠠ᠃        
ᠢᠷᠡᠯᠲᠡ᠄ ᠬᠠᠩᠭᠢᠨ ᠬᠤᠶᠢᠲᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠰᠦᠯᠵᠢᠶ᠎ᠡ