ᠤᠨᠳᠤᠷᠮ᠎ᠠ ᠶᠢᠨ ︽ᠭᠠᠶᠢᠬᠠᠮ᠎ᠠ︾ ᠤᠷᠠᠯᠠᠯ
ᠨᠡᠶᠢᠲᠡᠯᠡᠭᠰᠡᠨ ᠴᠠᠭ᠄
2022/8/11
       ᠴᠠᠭᠠᠬᠠᠨ ᠴᠢᠷᠠᠢ ᠲᠠᠢ᠂ ᠴᠢᠷᠠᠶᠢᠯᠢᠭ ᠵᠢᠰᠦ ᠲᠠᠢ ᠡᠨᠡ ᠬᠥᠮᠥᠨ ᠢ ᠤᠨᠳᠤᠷᠮ᠎ᠠ ᠭᠡᠳᠡᠭ᠃ ᠲᠡᠷᠡ ᠪᠣᠯ ᠦᠦᠰᠢᠨ ᠬᠤᠰᠢᠭᠤᠨ ᠤ ᠲᠤᠭ ᠪᠠᠯᠭᠠᠰᠤᠨ ᠤ ᠮᠠᠶᠢᠷᠠᠨᠰᠦ᠋ᠮ᠎ᠠ ᠭᠠᠴᠠᠭᠠᠨ ᠤ ᠮᠠᠯᠴᠢᠨ ᠪᠦᠰᠡᠭᠦᠢ᠃ ᠮᠥᠨᠴᠦ ᠨᠠᠰᠤ ᠪᠠᠷ ᠢᠶᠠᠨ ᠴᠠᠮ ᠤᠨ ᠪᠠᠭ ᠬᠢᠬᠦ᠂ ᠪᠤᠷᠬᠠᠨ ᠤ ᠬᠦᠷᠦᠭ ᠢ ᠱᠤᠭᠤᠬᠤ᠂ ᠬᠠᠳᠬᠤᠮᠠᠯ ᠤᠷᠠᠯᠠᠯ ᠵᠡᠷᠭᠡ ᠳᠤ ᠴᠠᠭᠠᠷᠠᠵᠤ ᠶᠠᠪᠤᠭᠰᠠᠨ ᠤᠷᠠᠯᠢᠭᠴᠢᠨ ᠪᠦᠰᠡᠭᠦᠢ ᠪᠠᠶᠢᠭ᠎ᠠ᠃       ᠲᠠᠪᠢᠨ ᠨᠠᠰᠤ ᠶᠢ ᠳᠠᠪᠠᠵᠤ ᠶᠠᠪᠤᠭ᠎ᠠ ᠤᠨᠳᠤᠷᠮ᠎ᠠ ᠦᠨᠡᠬᠡᠷ ᠬᠠᠷᠠᠬᠠᠨ ᠪᠠᠭ᠎ᠠ ᠠᠴᠠ ᠪᠠᠨ ᠮᠠᠯ ᠤᠨ ᠮᠥᠷ ᠤᠨ ᠲᠣᠭᠤᠰᠣᠨ ᠳᠤ ᠬᠠᠴᠠᠷ ᠢᠶᠠᠨ ᠪᠣᠷᠣᠯᠠᠭᠤᠯᠤᠨ ᠶᠠᠪᠤᠵᠤ ᠪᠠᠶᠢᠭᠰᠠᠨ ᠬᠥᠳᠡᠭᠡ ᠶᠢᠨ ᠮᠠᠯᠴᠢᠨ ᠭᠡᠯ᠎ᠡ ᠴᠤ ᠯᠠᠮᠠ ᠭᠠᠷᠤᠯ ᠲᠠᠢ ᠠᠪᠤ ᠶᠢᠨ ᠢᠶᠠᠨ ᠨᠥᠯᠥᠭᠡᠨ ᠳᠣᠣᠷ᠎ᠠ ᠰᠦᠮ᠎ᠡ ᠬᠡᠶᠢᠳ ᠤᠨ ᠬᠠᠮᠢᠶ᠎ᠠ ᠲᠠᠢ ᠠᠷᠪᠢᠨ ᠵᠦᠢᠯ ᠤᠨ ᠶᠠᠭᠤᠮ᠎ᠠ ᠶᠢ ᠰᠤᠷᠴᠤ ᠶᠠᠪᠤᠭᠰᠠᠨ ᠶᠤᠮ᠃       ᠪᠢᠳᠡ ᠲᠤᠭ ᠪᠠᠯᠭᠠᠰᠤᠨ ᠳᠡᠭᠡᠷ᠎ᠡ ᠬᠦᠷᠬᠦ ᠳᠤ ᠤᠨᠳᠤᠷᠮ᠎ᠠ ᠶᠢᠨ ᠬᠢ ᠭᠡᠵᠦ 200 ᠭᠠᠷᠤᠢ ᠲᠡᠭᠰᠢ ᠳᠥᠷᠪᠡᠯᠵᠢᠨ ᠮᠧᠲᠷ ᠤᠨ ᠲᠡᠭᠰᠢ ᠪᠠᠶᠢᠰᠢᠩ ᠬᠠᠷᠠᠭᠳᠠᠵᠤ᠂ ᠭᠡᠷ ᠳᠣᠲᠣᠷ᠎ᠠ ᠨᠢ ᠡᠯᠳᠡᠪ ᠵᠦᠢᠯ ᠤᠨ ᠴᠠᠮ ᠤᠨ ᠪᠠᠭ᠂ ᠴᠠᠮ ᠤᠨ ᠬᠤᠪᠴᠠᠰᠤ᠂ ᠬᠠᠳᠬᠤᠮᠠᠯ ᠤᠷᠠᠯᠠᠯ ᠤᠨ ᠪᠦᠲᠦᠭᠡᠯ ᠢ ᠪᠦᠷ ᠰᠢᠯ ᠯᠠᠩᠭᠤᠢ ᠳᠣᠲᠣᠷ᠎ᠠ ᠲᠣᠬᠢᠲᠠᠢ ᠪᠠᠶᠢᠷᠢᠯᠠᠭᠤᠯᠵᠤ ᠮᠠᠯᠴᠢᠨ ᠠᠶᠢᠯ ᠤᠨ ︽ᠮᠦᠽᠧᠢ︾᠎ ᠶᠢ ᠪᠦᠷᠢᠯᠳᠦᠭᠦᠯᠵᠡᠢ᠃ ᠤᠨᠳᠤᠷᠮ᠎ᠠ ᠶᠢᠨ ᠬᠡᠯᠡᠬᠦ ᠪᠠᠷ ᠲᠡᠳᠡᠨ ᠤ ᠬᠢᠨ ᠬᠡᠳᠦᠨ ᠵᠢᠯ ᠤᠨ ᠡᠮᠦᠨ᠎ᠡ ᠵᠢᠷᠠ ᠲᠠᠯᠠᠨ ᠲᠦᠮᠡᠨ ᠲᠥᠭᠦᠷᠢᠭ ᠵᠠᠷᠤᠴᠠᠭᠤᠯᠵᠤ ᠲᠤᠭ ᠪᠠᠯᠭᠠᠰᠤᠨ ᠤ ᠬᠠᠭᠤᠴᠢᠨ ᠭᠡᠷ ᠤᠨ ᠪᠠᠭᠤᠷᠢ ᠳᠡᠭᠡᠷ᠎ᠡ ᠪᠠᠨ ᠡᠨᠡᠬᠦ ᠲᠡᠭᠰᠢ ᠪᠠᠶᠢᠰᠢᠩ ᠢ ᠪᠠᠶᠢᠭᠤᠯᠵᠤ᠂ ᠲᠤᠰᠬᠠᠶᠢᠯᠠᠨ ᠬᠢᠵᠦ ᠪᠦᠲᠦᠭᠡᠭᠰᠡᠨ ᠪᠦᠲᠦᠭᠡᠯ ᠤᠳ ᠢᠶᠠᠨ ᠳᠡᠯᠭᠡᠨ ᠦᠵᠡᠭᠦᠯᠬᠦ ᠳᠤ ᠪᠡᠯᠡᠳᠬᠡᠭᠰᠡᠨ ᠶᠤᠮ ᠭᠡᠨ᠎ᠡ᠃       ᠪᠢᠳᠡᠨ ᠢ ᠬᠠᠯᠠᠭᠤᠮᠰᠤᠭ ᠢᠶᠠᠷ ᠤᠭᠲᠤᠨ ᠠᠪᠤᠭᠰᠠᠨ ᠤᠨᠳᠤᠷᠮ᠎ᠠ ᠪᠢᠳᠡᠨ ᠳᠤ ᠴᠠᠢ ᠠᠶᠠᠭᠠᠯᠠᠬᠤ ᠶᠢᠨ ᠬᠠᠮᠲᠤ ᠦᠭᠡ ᠶᠢᠨ ᠰᠡᠵᠢᠭᠦᠷ ᠡᠯᠭᠦᠬᠦ ᠳᠡᠭᠡᠨ᠄ ︽ᠮᠠᠨᠠᠶᠢᠬᠢᠨ ᠴᠠᠮ ᠤᠨ ᠪᠠᠭ ᠢ ᠬᠢᠭᠡᠳ ᠲᠠᠪᠤᠨ ᠦᠶ᠎ᠡ ᠪᠣᠯᠵᠤ ᠪᠠᠶᠢᠨ᠎ᠠ᠃ ᠪᠢ ᠠᠷᠪᠠᠨ ᠲᠤᠯᠤᠭ᠎ᠠ ᠨᠠᠢᠮᠠᠨ ᠨᠠᠰᠤᠨ ᠠᠴᠠ ᠪᠠᠨ ᠠᠪᠤ ᠶᠢᠨ ᠬᠠᠵᠠᠭᠤ ᠬᠠᠪᠢ  ᠪᠠᠷ ᠡᠷᠭᠢᠴᠡᠵᠦ᠂ ᠨᠠᠭᠠᠯᠲᠠ ᠡᠨᠡ ᠲᠡᠷᠡ ᠶᠢ ᠨᠢ ᠴᠢᠨᠠᠬᠤ ᠭᠡᠬᠦ ᠮᠡᠲᠦ ᠪᠠᠷ ᠠᠵᠢᠯ ᠳᠤ ᠨᠢ ᠬᠠᠮᠵᠢᠵᠤ ᠪᠠᠶᠢᠭᠰᠠᠨ ᠶᠤᠮ᠃ ᠨᠢᠭᠡ ᠮᠡᠳᠡᠬᠦ ᠳᠤ 30 ᠵᠢᠯ ᠤᠨ ᠨᠢᠭᠤᠷ ᠢ ᠦᠵᠡᠴᠢᠬᠡᠯ᠎ᠡ︾ ᠭᠡᠯ᠎ᠡ᠃
      ᠲᠠᠶᠢᠮᠤ ᠠ᠋᠂ ᠤᠨᠳᠤᠷᠮ᠎ᠠ ᠶᠢᠨ ᠠᠩᠬᠠᠨ ᠤ ᠪᠠᠭᠰᠢ ᠪᠣᠯ ᠠᠪᠤ ᠨᠢ ᠪᠠᠶᠢᠬᠤ ᠤᠴᠢᠷᠲᠠᠢ᠃ ᠭᠡᠪᠡᠴᠦ ᠬᠥᠮᠥᠨ ᠬᠥᠮᠥᠨ ᠤ ᠬᠤᠪᠢ ᠲᠠᠪᠢᠯᠠᠩ ᠠᠳᠠᠯᠢ ᠦᠭᠡᠢ ᠶᠢᠨ ᠤᠴᠢᠷ ᠢᠶᠠᠷ ᠤᠨᠳᠤᠷᠮ᠎ᠠ ᠶᠢᠨ ᠠᠪᠤ ᠨᠢ ᠡᠷᠲᠡ ᠨᠠᠰᠤ ᠪᠠᠷᠠᠭᠰᠠᠨ ᠠᠴᠠ ᠤᠨᠳᠤᠷᠮ᠎ᠠ ᠲᠠᠮᠢ ᠤᠳᠠᠯ ᠦᠭᠡᠢ ᠪᠡᠶ᠎ᠡ ᠪᠠᠨ ᠳᠠᠭᠠᠭᠠᠵᠤ ᠴᠠᠮ ᠤᠨ ᠪᠠᠭ ᠬᠢᠵᠦ ᠡᠬᠢᠯᠡᠭᠰᠡᠨ ᠶᠤᠮ᠃ ᠬᠠᠮᠤᠭ ᠠᠩᠬᠠᠨ ᠤ ᠪᠦᠲᠦᠭᠡᠯ ᠨᠢ ᠲᠣᠭᠤᠷᠢᠮ ᠤᠨ ᠰᠦᠮ᠎ᠡ ᠶᠢᠨ ᠴᠠᠮ ᠤᠨ ᠪᠠᠭ ᠢ ᠬᠢᠬᠦ ᠠᠴᠠ ᠡᠬᠢᠯᠡᠭᠰᠡᠨ ᠭᠡᠵᠦ ᠤᠨᠳᠤᠷᠮ᠎ᠠ ᠶᠠᠷᠢᠨ᠎ᠠ᠃ ᠰᠡᠭᠦᠯ ᠳᠤᠨᠢ ᠦᠦᠰᠢᠨᠵᠤᠤ ᠶᠢᠨ ᠰᠦᠮ᠎ᠡ᠂ ᠭᠠᠯᠠᠭᠤᠲᠤ ᠶᠢᠨ ᠰᠦᠮ᠎ᠡ ᠵᠡᠷᠭᠡ ᠰᠦᠮ᠎ᠡ ᠨᠤᠭᠤᠳ ᠢᠶᠠᠷ ᠪᠦᠷ ᠡᠨᠡ ᠲᠠᠯ᠎ᠠ ᠶᠢᠨ ᠠᠵᠢᠯ ᠢ ᠬᠢᠵᠦ ᠶᠠᠪᠤᠵᠤ ᠰᠢᠷᠭᠠᠭᠤ ᠬᠦᠳᠡᠯᠮᠤᠷᠢ ᠶᠢᠨ ᠤᠯᠠ ᠮᠥᠷ ᠢᠶᠠᠨ ᠬᠤᠴᠣᠷᠭᠠᠵᠤ ᠶᠠᠪᠤᠭᠰᠠᠨ ᠶᠤᠮ᠃ ᠡᠭᠦᠨ ᠤ ᠬᠠᠮᠲᠤ ᠲᠡᠷᠡ ᠪᠠᠰᠠ ᠨᠥᠬᠦᠷ ᠲᠠᠢ ᠪᠠᠨ ᠬᠤᠶᠠᠭᠤᠯᠠ ᠪᠤᠷᠬᠠᠨ ᠤ ᠬᠦᠷᠦᠭ ᠳᠦᠷᠢ ᠶᠢ ᠱᠤᠭᠤᠬᠤ ᠠᠵᠢᠯ ᠢ ᠴᠤ ᠳᠠᠭᠠᠭᠠᠴᠢᠯᠠᠨ ᠬᠢᠵᠦ ᠪᠠᠶᠢᠵᠠᠢ᠃       ᠣᠶᠢᠯᠠᠭᠠᠭᠰᠠᠨ ᠢᠶᠠᠷ ᠴᠠᠮ ᠤᠨ ᠪᠠᠭ ᠢ ᠪᠤᠷᠬᠠᠨ᠂ ᠰᠠᠬᠢᠭᠤᠯᠰᠤᠨ᠂ ᠬᠥᠮᠥᠨ᠂ ᠰᠢᠮᠨᠤᠰ ᠤᠨ ᠬᠢ ᠭᠡᠵᠦ ᠲᠦᠷᠦᠯ ᠬᠤᠪᠢᠶᠠᠨ᠂ ᠭᠤᠣᠯᠳᠠᠭᠤ ᠴᠠᠮ ᠴᠠᠮᠯᠠᠬᠤ᠂ ᠺᠢᠨᠣ᠋ ᠲᠣᠭᠯᠠᠬᠤ᠂ ᠪᠥᠵᠢᠭ ᠪᠥᠵᠢᠭᠯᠡᠬᠦ ᠵᠡᠷᠭᠡ ᠳᠤ ᠬᠡᠷᠡᠭᠯᠡᠵᠦ ᠪᠠᠶᠢᠨ᠎ᠠ᠃ ᠨᠠᠭᠠᠯᠲᠠ ᠨᠢ ᠠᠮᠠᠷᠬᠠᠨ ᠬᠠᠳᠠᠳᠠᠭ ᠦᠭᠡᠢ ᠪᠣᠯᠬᠤᠷ ᠭᠤᠣᠯᠳᠠᠭᠤ ᠵᠤᠨ ᠴᠠᠭ ᠬᠢᠬᠦ ᠳᠤ ᠲᠣᠬᠢᠷᠠᠮᠵᠢᠲᠠᠢ᠃ ᠨᠢᠭᠡ ᠴᠠᠮ ᠤᠨ ᠪᠠᠭ ᠢ ᠬᠢᠬᠦ ᠳᠤ ᠪᠠᠷᠤᠭ ᠠᠷᠪᠠᠭᠠᠳ ᠡᠳᠦᠷ ᠪᠤᠯᠳᠠᠭ᠃ ᠤᠨᠳᠤᠷᠮ᠎ᠠ ᠶᠢᠨ ᠬᠢᠨ ᠪᠣᠯ ᠶᠡᠷᠦᠳᠡ ᠶᠢᠨ ᠪᠠᠶᠢᠳᠠᠯ ᠳᠤ ᠵᠠᠬᠢᠶᠠᠯᠠᠭ᠎ᠠ ᠲᠤᠰᠪᠡᠯ ᠬᠢᠵᠦ ᠪᠠᠶᠢᠬᠤ ᠶᠤᠮ ᠭᠡᠨ᠎ᠡ᠃ ᠲᠡᠭᠡᠪᠡᠯ ᠴᠠᠮ ᠤᠨ ᠪᠠᠭ ᠢ ᠶᠠᠭᠠᠬᠢᠵᠤ ᠬᠢᠬᠦ ᠪᠤᠢ︖ ᠡᠨᠡ ᠲᠤᠬᠠᠢ ᠤᠨᠳᠤᠷᠮ᠎ᠠ ᠲᠠᠶᠢᠯᠪᠤᠷᠢᠯᠠᠵᠤ ᠶᠠᠷᠢᠬᠤ ᠳᠠᠭᠠᠨ᠄  ︿ᠰᠢᠪᠡᠷ ᠰᠢᠷᠣᠢ ᠶᠢ ᠨᠤᠬᠤᠵᠤ᠂ ᠬᠠᠳᠠᠭᠠᠵᠤ᠂ ᠬᠤᠰᠤᠭᠠᠳ ᠬᠥᠮᠥᠨ ᠠᠮᠢᠳᠡᠨ ᠤ ᠲᠣᠯᠣᠭᠠᠢ ᠰᠢᠭ ᠶᠠᠭᠤᠮ᠎ᠠ ᠪᠤᠯᠭᠠᠵᠤ᠂ ᠲᠠᠬᠢᠨ ᠬᠤᠨᠢᠨ ᠴᠠᠭᠠᠰᠤ ᠪᠠᠨ ᠳᠡᠭᠡᠷ᠎ᠡ ᠨᠢ ᠨᠠᠭᠠᠨ᠎ᠠ᠃ ᠨᠠᠭᠠᠯᠲᠠ ᠪᠠᠨ ᠰᠢᠩᠭᠡᠨ ᠴᠤ ᠦᠭᠡᠢ᠂ ᠥᠳᠬᠡᠨ ᠴᠤ ᠦᠭᠡᠢ ᠰᠠᠶᠢᠬᠠᠨ ᠴᠢᠨᠠᠵᠤ᠂ ᠳᠠᠪᠬᠤᠷ ᠳᠠᠪᠬᠤᠷ ᠢᠶᠠᠷ ᠨᠠᠷᠢᠯᠢᠭ ᠨᠠᠭᠠᠨ᠎ᠠ᠃ ᠪᠠᠷᠤᠭ ᠭᠤᠴᠢᠨ ᠬᠡᠳᠦᠨ ᠳᠠᠪᠬᠤᠷ ᠨᠠᠭᠠᠳᠠᠭ ᠶᠤᠮ᠃ ᠲᠡᠭᠡᠭᠡᠳ ᠲᠠᠷᠠᠭ᠎ᠠ ᠳᠤᠨᠢ ᠪᠠᠭ ᠤᠨ ᠳᠣᠲᠣᠷᠠᠬᠢ ᠢᠯᠡᠭᠦᠴᠡ ᠬᠡᠰᠡᠭ ᠢ ᠨᠢ ᠭᠦᠪᠢᠵᠦ ᠤᠨᠠᠭᠠᠭᠠᠳ ᠲᠠᠬᠢᠨ ᠵᠠᠰᠠᠯ ᠵᠢᠮᠰᠡᠭ ᠢ ᠨᠢ ᠣᠷᠣᠭᠤᠯᠵᠤ᠂ ᠬᠠᠮᠤᠭ ᠰᠡᠭᠦᠯ ᠳᠤ ᠨᠢ ᠪᠤᠳᠤᠵᠤ ᠰᠢᠷᠳᠡᠨ᠎ᠡ﹀ ᠭᠡᠵᠦ ᠨᠠᠷᠢᠯᠢᠭ ᠲᠠᠨᠢᠯᠴᠠᠭᠤᠯᠵᠤ ᠭᠠᠷᠤᠯ᠎ᠠ᠃ ᠲᠡᠭᠡᠭᠡᠳ ᠲᠡᠷᠡ ᠪᠠᠰᠠ᠄ ︿ᠦᠨ᠎ᠡ ᠬᠠᠩᠰᠢ ᠨᠢ ᠪᠣᠯ ᠪᠠᠷᠤᠭ ᠬᠥᠩᠭᠡᠨ ᠨᠢ ᠨᠢᠭᠡ ᠮᠢᠩᠭ᠎ᠠ ᠭᠠᠷᠤᠢ᠂ ᠦᠨᠡᠲᠡᠢ ᠨᠢ ᠪᠣᠯ ᠭᠤᠷᠪᠠᠨ ᠮᠢᠩᠭ᠎ᠠ ᠭᠠᠷᠤᠢ ᠲᠥᠭᠦᠷᠢᠭ ᠲᠤ ᠬᠦᠷᠦᠨ᠎ᠡ᠃ ᠬᠦᠭᠡᠬᠤᠳᠠ᠂ ᠤᠯᠠᠭᠠᠨᠴᠠᠪ ᠵᠡᠷᠭᠡ ᠭᠠᠵᠠᠷ ᠤᠳ ᠠᠴᠠ ᠴᠤ ᠵᠠᠬᠢᠶᠠᠯᠠᠭ᠎ᠠ ᠢᠷᠡᠳᠡᠭ ᠶᠤᠮ﹀ ᠭᠡᠵᠦ ᠪᠠᠶᠢᠯ᠎ᠠ᠃
      ᠶᠠᠮᠠᠷᠴᠤ ᠠᠵᠢᠯ ᠲᠥᠷᠥᠯᠲᠡᠨ ᠠᠴᠠ ᠪᠦᠷ ᠵᠤᠸᠠᠩᠶᠤᠸᠠᠨ ᠭᠠᠷᠳᠠᠭ ᠭᠡᠭᠴᠢ ᠪᠠᠷ ᠡᠳᠡᠭᠡᠷ ᠵᠢᠯ ᠤᠳ ᠤᠨ ᠴᠢᠷᠮᠠᠶᠢᠯᠭ᠎ᠠ ᠨᠢ ᠴᠤ ᠤᠨᠳᠤᠷᠮ᠎ᠠ ᠳᠤ ᠢᠷᠠᠭᠤ ᠠᠯᠳᠠᠷ ᠢ ᠣᠯᠭᠤᠵᠤ ᠥᠭᠭᠦᠭᠰᠡᠨ ᠶᠤᠮ᠃ 2018 ᠣᠨ ᠳᠤ ᠲᠡᠷᠡ ᠬᠤᠳᠠ ᠶᠢᠨ ᠲᠡᠰ ᠤᠨ ᠴᠠᠮ ᠤᠨ ᠪᠠᠭ᠂ ᠴᠠᠮ ᠤᠨ ᠬᠤᠪᠴᠠᠰᠤᠨ ᠤ ᠪᠣᠳᠠᠰ ᠤᠨ ᠪᠤᠰᠤ ᠰᠣᠶᠣᠯ ᠤᠨ ᠥᠪ ᠤᠨ ᠤᠯᠠᠮᠵᠢᠯᠠᠭᠴᠢ ᠪᠠᠷ ᠨᠡᠷᠡᠶᠢᠳᠦᠭᠳᠡᠵᠦ᠂ ᠤᠳᠤ ᠬᠦᠷᠳᠡᠯ᠎ᠡ ᠪᠠᠰᠠ ᠤᠳᠠᠭ᠎ᠠ ᠳᠠᠷᠠᠭᠠᠯᠠᠨ ᠪᠣᠯᠪᠠᠰᠤᠷᠠᠯ ᠡᠨᠡ ᠲᠡᠷᠡ ᠪᠠᠷ ᠤᠷᠢᠭᠳᠠᠨ ᠪᠠᠭᠰᠢᠯᠠᠵᠤ ᠶᠠᠪᠤᠨ᠎ᠠ᠃       ᠰᠣᠷᠪᠤᠯᠵᠢᠯᠠᠭ᠎ᠠ ᠲᠡᠭᠦᠰᠬᠦ ᠳᠤ ᠬᠤᠶᠢᠰᠢᠳᠠ ᠶᠢᠨ ᠲᠥᠯᠥᠪᠯᠡᠭᠡ ᠶᠢᠨ ᠲᠤᠬᠠᠢ ᠰᠤᠷᠠᠬᠤ ᠳᠤ ᠲᠡᠷᠡ᠄  ︿ᠡᠨᠡ ᠲᠦᠷᠦᠯ ᠤᠨ ᠪᠠᠭ ᠤᠨ ᠵᠦᠢᠯ ᠢ ᠬᠢᠬᠦ ᠳᠤ ᠬᠦᠴᠢᠷᠲᠡᠢ ᠪᠠᠶᠢᠳᠠᠭ ᠪᠣᠯᠬᠤᠷ ᠤᠳᠤ ᠳᠡᠭᠡᠷ᠎ᠡ ᠪᠠᠨ ᠰᠤᠷᠳᠠᠭ ᠬᠥᠮᠥᠰ ᠴᠥᠭᠡᠨ᠃ ᠬᠡᠷᠪᠡ ᠰᠤᠷᠬᠤ ᠰᠠᠨᠠᠭᠠᠲᠠᠢ ᠬᠥᠮᠥᠨ ᠤᠯᠡᠨ ᠪᠠᠶᠢᠪᠠᠯ ᠪᠢ ᠨᠡᠩ ᠰᠠᠶᠢᠨ ᠤᠯᠠᠮᠵᠢᠯᠠᠵᠤ ᠬᠥᠭᠵᠢᠭᠦᠯᠵᠦ ᠶᠠᠪᠤᠶ᠎ᠠ ᠭᠡᠵᠦ ᠯᠨ ᠪᠤᠳᠤᠳᠠᠭ ᠶᠤᠮ﹀ ᠭᠡᠵᠦ ᠪᠠᠶᠢᠯ᠎ᠠ᠃ 
ᠢᠷᠡᠯᠲᠡ᠄ ᠤᠷᠳᠤᠰ ᠤᠨ ᠮᠤᠩᠭᠤᠯ ᠭᠡᠯᠡᠨ ᠤ ᠰᠤᠨᠢᠨ ᠮᠡᠳᠡᠭᠡᠨ ᠤ ᠰᠦᠯᠵᠢᠶ᠎ᠡ