ᠬᠦᠳᠡᠭᠡ ᠶᠢᠨ ᠰᠢᠯᠢᠳᠡᠭ ᠪᠠᠭᠰᠢ — ᠬᠠᠰᠭᠤᠸ᠎ᠠ
ᠨᠡᠶᠢᠲᠡᠯᠡᠭᠰᠡᠨ ᠴᠠᠭ᠄
2022/8/29
        ᠰᠤᠷᠪᠤᠯᠵᠢᠯᠠᠭᠴᠢ ᠤᠢᠢᠷ᠎ᠠ ᠳᠤ ᠪᠦᠬᠦ ᠤᠷᠤᠨ ᠤ ᠤᠳᠤᠬᠢᠴᠢᠯᠠᠭᠰᠠᠨ ᠵᠢᠭᠠᠨ ᠰᠤᠷᠭᠠᠯᠳᠠ ᠶᠢᠨ ᠨᠢᠬᠡᠳᠦᠬᠡᠷ ᠲᠡᠰ ‍ᠤᠨ‌‍ᠱᠠᠩᠨᠠᠯ᠂ ᠤᠷᠳᠤᠰ ᠬᠤᠳᠠ ᠶᠢᠨ ᠲᠤᠭᠠᠨ ᠤ ᠪᠠᠭᠰᠢ ᠶᠢᠨ ᠤᠷᠤᠯᠳᠤᠭᠠᠨ ᠤ ᠬᠤᠶᠠᠳᠤᠭᠠᠷ ᠲᠡᠰ ᠤᠨ ᠱᠠᠩᠨᠠᠯ᠂ᠬᠤᠰᠢᠭᠤᠨ ᠤ ᠰᠢᠯᠢᠳᠡᠭ ᠪᠠᠭᠰᠢ᠂ ᠰᠤᠷᠭᠠᠭᠤᠯᠢ ᠶᠢᠨ ᠢᠶᠠᠨ ︽3 · 8︾᠎ ᠤ ᠤᠯᠠᠭᠠᠨ ᠲᠤᠭᠴᠢ ᠵᠡᠷᠬᠡ ᠤᠯᠠᠨ ᠠᠷᠪᠢᠨ‌‍ᠱᠠᠩᠨᠠᠯ ᠢᠶᠠᠷ ᠡ᠊ᠡᠭᠭᠡᠷ ᠢᠶᠠᠨ ᠮᠢᠯᠢᠶᠡᠯᠭᠠᠵᠤ ᠶᠠᠪᠤᠭᠰᠠᠨ ᠦᠦᠰᠢᠨ ᠬᠤᠰᠢᠭᠤᠨ ᠤ ᠮᠤᠩᠭᠤᠯ ᠦᠨᠳᠦᠰᠦᠲᠡᠨ ‍ᠤ‌‍ᠲ᠋ᠤᠷᠰᠢᠯᠳᠠ ᠶᠢᠨ ᠪᠠᠭ᠎ᠠ ᠰᠤᠷᠭᠠᠭᠤᠯᠢ ᠶᠢᠨ ᠬᠠᠰᠭᠤᠸ᠎ᠠ ᠪᠠᠭᠰᠢ ᠶᠢ ᠰᠤᠷᠪᠤᠯᠵᠢᠯᠠᠵᠤ ᠪᠢᠯᠠ᠃         ︽18 ᠵᠢᠯ ᠤᠨ ᠡᠮᠦᠨ᠎ᠠ ᠪᠢ ᠰᠤᠷᠭᠠᠭᠤᠯᠢ ᠪᠠᠨ ᠲᠡᠬᠦᠰᠦᠮᠡᠭᠴᠡ ᠬᠤᠰᠢᠭᠤᠨ ᠲᠦᠪ ᠭᠠᠯᠠᠭᠤᠲᠤ ᠪᠠᠯᠭᠠᠰᠤ ᠠᠴᠠ90 ᠺᠢᠯᠦᠮᠧᠲᠷ ᠵᠠᠶᠢᠳᠠᠢ ᠱᠠᠷᠯᠢᠭ ᠮᠤᠩᠭᠤᠯ ᠲᠤᠮᠳᠠᠳᠤ ᠰᠤᠷᠭᠠᠭᠤᠯᠢ ᠳᠤ ᠬᠦᠷᠴᠦ ᠪᠠᠭᠰᠢᠯᠠᠭᠰᠠᠨ ᠶᠤᠮ᠂ ᠲᠡᠷᠡ ᠦᠶᠡᠰ‌ᠵᠠᠯᠠᠭᠤ ᠪᠠᠶᠢᠭᠰᠠᠨ ᠪᠤᠯᠬᠤᠷ ᠡᠳᠦᠷᠵᠢᠨ ᠬᠡᠦᠬᠡᠳ ᠲᠠᠢ ᠨᠤᠴᠤᠯᠳᠤᠬᠤ ᠬᠡᠭᠴᠢ ᠠᠮᠠᠷ ᠦᠬᠡᠢ ᠰᠠᠨᠠᠭᠳᠠᠵᠤ ᠪᠠᠶᠢᠭᠰᠠᠨ᠂ᠠᠩᠬ᠎ᠠ ᠡᠬᠢᠨ ᠳᠡᠭᠡᠨ ᠲᠠᠳᠬᠤ ᠦᠬᠡᠢ᠂ ᠴᠤᠬᠤᠮ ᠶᠠᠭᠤᠨ ᠳᠤ ᠪᠠᠭᠰᠢ ᠪᠤᠯᠤᠭᠰᠠᠨ ᠪᠢᠯᠡ ᠬᠡᠵᠦ ᠪᠡᠶ᠎ᠡ ᠠᠴᠠ ᠪᠠᠨ ᠤᠯᠠᠨ‌ᠤᠳᠠᠭ᠎ᠠ ᠠᠰᠠᠭᠤᠵᠤ ᠪᠠᠶᠢᠭᠰᠠᠨ᠃ ᠬᠡᠳᠡᠯ᠎ᠠ ᠬᠡᠦᠬᠡᠳ ᠬᠡᠭᠴᠢ ᠬᠦᠬᠡᠷᠦᠬᠡᠨ ᠲᠡᠭᠵᠢᠨ᠂ ᠤᠯᠠᠨ ᠵᠢᠯ ᠬᠠᠮᠳᠤ‌‍ᠪᠠᠶᠢᠯᠴᠠᠬᠤ ᠶᠢᠨ ᠤᠯᠠᠮ ᠢᠶᠠᠷ ᠦᠪᠡᠷ ᠤᠨ ᠡᠷᠬᠡ ᠦᠬᠡᠢ ᠰᠤᠷᠤᠭᠴᠢᠳ ᠲᠠᠭᠠᠨ ᠬᠠᠶᠢᠷᠠᠳᠠᠢ ᠪᠤᠯᠵᠤ᠂ ᠪᠠᠭᠰᠢ ᠶᠢᠨ ᠠᠵᠢᠯ‌‍ᠬᠡᠴᠢᠨᠡᠬᠡᠨ ᠡᠷᠬᠢᠮ ᠲᠡᠭᠡᠳᠦ᠂ ᠮᠦᠷᠦᠨ ᠲᠡᠭᠡᠷᠡᠬᠢ ᠡᠬᠦᠷᠬᠡ ᠬᠠᠷᠢᠭᠤᠴᠠᠯᠭ᠎ᠠ ᠬᠡᠳᠦᠢ ᠬᠦᠨᠳᠦ ᠴᠢᠬᠤᠯᠠ ᠬᠡᠳᠡᠭ ᠢ‌ᠤᠬᠠᠭᠠᠷᠠᠵᠤ ᠶᠠᠪᠤᠭᠰᠠᠨ︾ ᠬᠡᠵᠦ ᠡᠷᠬᠢᠴᠡᠬᠦᠯᠵᠦ ᠭᠠᠷᠤᠯ᠎ᠠ᠃         ᠬᠠᠰᠭᠤᠸ᠎ᠠ ᠪᠠᠭᠰᠢ ᠶᠢᠨ ᠠᠵᠢᠯ ᠳᠤ ᠵᠢᠳᠬᠦᠵᠦ ᠶᠠᠪᠤᠭᠰᠠᠨ 18 ᠵᠢᠯ ᠤᠨ ᠲᠤᠷᠰᠢ ᠬᠡᠦᠬᠡᠳ ᠤᠳ ᠢ‌‍ᠰᠤᠷᠤᠯᠭ᠎ᠠ ᠳᠠᠭᠠᠨ ᠰᠡᠶᠢᠨ ᠮᠠᠭᠤ᠂ ᠠᠮᠢᠳᠤᠷᠠᠯ ᠨᠢ ᠴᠢᠨᠡᠬᠡᠯᠢᠭ ᠪᠤᠶᠤ ᠶᠠᠳᠠᠭᠤ ᠬᠦᠴᠢᠷᠳᠡᠯᠳᠡᠢ ᠬᠡᠵᠦ ᠢᠯᠭᠠᠯ ᠦᠬᠡᠢ ᠠᠯᠠᠭ‌ᠦᠬᠡᠢ ᠰᠡᠳᠬᠢᠯ ᠢᠶᠠᠷ ᠬᠠᠨᠳᠤᠵᠤ᠂ ᠦᠷᠦᠬᠡᠯ ᠤᠨ ᠬᠡᠦᠬᠡᠳ ᠢ ᠦᠪᠡᠷ ᠤᠨ ᠬᠡᠦᠬᠡᠳ ᠢᠶᠠᠨ ᠰᠢᠭ ᠬᠠᠶᠢᠷᠠᠯᠠᠵᠤ᠂ ᠡᠵᠢ ᠵᠢᠨ‌ᠬᠠᠶᠢᠷ᠎ᠠ ᠶᠢ ᠶᠡᠬᠦᠯᠡᠵᠦ ᠶᠠᠪᠤᠭᠰᠠᠨ ᠪᠢᠯᠡ᠃ 2005 ᠤᠨ ᠤ ᠬᠠᠪᠤᠷ ᠪᠠᠶᠢᠵᠤ ᠪᠢᠯᠡ᠂ ᠲᠡᠲᠡᠨ ᠤ ᠰᠤᠷᠭᠠᠭᠤᠯᠢ ᠳ᠋ᠤᠨᠢ‌‍ᠬᠡᠨᠡᠳᠳᠡ ᠲᠠᠭᠰᠢᠭᠤᠷ ᠲᠡᠯᠬᠡᠷᠡᠵᠦ᠂ ᠪᠠᠶᠢᠷᠢ ᠳᠤ ᠰᠠᠭᠤᠵᠤ ᠪᠠᠶᠢᠭᠰᠠᠨ 10 ᠭᠠᠷᠤᠢ ᠰᠤᠷᠤᠭᠴᠢ ᠨᠢ ᠨᠢᠬᠡ ᠯᠠ ᠲᠡᠭᠡᠷ᠎ᠡ‌‍ᠬᠢᠮᠤᠷᠠᠵᠠᠢ᠃ ᠴᠦᠮ ᠬᠦᠳᠡᠭᠡ ᠶᠢᠨ ᠬᠡᠦᠬᠡᠳ ᠤᠳ ᠪᠤᠯᠬᠤᠷ ᠠᠪᠤ ᠡᠵᠢ ᠨᠢ ᠰᠤᠮᠤᠨ ᠳᠤ ᠢᠷᠡᠵᠦ ᠲᠡᠶᠢᠯᠬᠦ ᠦᠬᠡᠢ᠂ ᠡᠨᠡ‌ᠦᠶ᠎ᠡ ᠳᠤ ᠬᠠᠰᠭᠤᠸ᠎ᠠ ᠪᠠᠭᠰᠢ ᠨᠠᠰᠤᠳᠠᠢ ᠡᠵᠢ ᠪᠠᠨ ᠪᠤᠰᠤᠳ ᠲᠤ ᠨᠠᠶᠢᠳᠠᠵᠤ᠂ ᠦᠪᠡᠷ ᠢᠶᠠᠨ ᠡᠷᠳᠡᠯᠡᠵᠦ ᠤᠷᠦ᠋ᠢᠯᠠᠨ ᠬᠡᠷ‌‍ᠪᠠ ᠰᠤᠷᠭᠠᠭᠤᠯᠢ ᠶᠢᠨ ᠬᠤᠭᠤᠷᠤᠨᠳᠤ ᠭᠠᠷᠠᠭ ᠬᠢᠷᠢᠳᠡᠢ ᠪᠤᠷᠪᠢ ᠪᠤᠬᠢᠰᠬᠢᠯ ᠦᠬᠡᠢ ᠬᠦᠶᠦᠵᠦ ᠡᠳᠡᠬᠡᠷ ᠬᠡᠦᠬᠡᠳ ᠵᠶ᠋ᠠᠨ‌ᠠᠰᠠᠷᠠᠨ ᠬᠠᠷᠠᠭᠠᠯᠵᠠᠵᠤ ᠡᠳᠡᠬᠡᠷᠡᠬᠦᠯᠦᠭᠰᠡᠨ ᠪᠠᠶᠢᠨ᠎ᠠ᠃ ︽ᠬᠡᠦᠬᠡᠳ ᠨᠢᠬᠡ ᠪᠦᠷᠢ ᠴᠦᠮ ᠠᠪᠤ ᠡᠵᠢ ᠢᠶᠠᠨ ᠢᠶᠠᠨ ᠠᠮᠢᠨ‌ᠡᠷᠳᠡᠨᠢ᠂ ᠠᠪᠤ ᠡᠵᠢ ᠨᠢ ᠬᠠᠵᠠᠭᠤ ᠳᠤᠨᠢ ᠪᠠᠶᠢᠬᠤ ᠦᠬᠡᠢ᠂ ᠡᠶᠢᠮᠦ ᠪᠠᠶᠢᠳᠠᠯ ᠲᠤᠤᠷ᠎ᠠ ᠨᠢᠬᠡ ᠠᠷᠠᠳ ᠤᠨ ᠪᠠᠭᠰᠢ‌‍ᠪᠤᠯᠤᠭᠰᠠᠨ ᠤ ᠬᠤᠪᠢ ᠳᠤ ᠬᠤᠶᠢᠰᠢ ᠤᠬᠤᠷᠢᠵᠤ ᠪᠤᠯᠤᠨ᠎ᠠ ᠤᠤ︖ ᠡᠪᠡᠳᠴᠢᠯᠡᠭᠰᠡᠨ ᠴᠠᠭ ᠲᠤ ᠬᠡᠦᠬᠡᠳ ᠤᠳ ᠨᠡᠩ‌ᠢᠯᠡᠬᠦᠦ ᠬᠠᠶᠢᠷ᠎ᠠ ᠬᠠᠯᠠᠮᠵᠢ ᠴᠢᠬᠤᠯᠠ ᠲᠠᠢ︾ ᠬᠡᠵᠦ ᠰᠡᠳᠬᠢᠯ ᠤᠨ ᠦᠬᠡ ᠪᠠᠨ ᠲᠡᠯᠬᠡᠨ᠎ᠠ᠃        ᠰᠤᠷᠪᠤᠯᠵᠢᠯᠠᠭ᠎ᠠ ᠦᠨᠳᠦᠷᠯᠡᠬᠦ ᠪᠠᠷ ᠬᠠᠰᠭᠤᠸ᠎ᠠ ᠪᠠᠭᠰᠢ᠄ ︽ᠪᠢ ᠤᠯᠠᠨ ᠠᠷᠪᠢᠨ ᠰᠤᠷᠤᠭᠴᠢ ᠬᠦᠮᠦᠵᠢᠬᠦᠯᠦᠭᠰᠡᠨ᠂ᠤᠯᠠᠩᠭᠢ ᠨᠢ ᠨᠡᠶᠢᠬᠡᠮ ᠲᠡᠭᠡᠷ᠎ᠡ ᠭᠠᠷᠤᠭᠠᠳ ᠦᠪᠡᠷ ᠤᠨ ᠠᠵᠢᠯ ᠤᠨ ᠪᠠᠶᠢᠷᠢ ᠪᠠᠨ ᠤᠯᠤᠭᠰᠠᠨ᠂ ᠰᠤᠷᠤᠭᠴᠢᠳ ᠤᠨ ᠵᠶ᠋ᠠᠨ‌ᠠᠮᠵᠢᠯᠳᠠ ᠪᠦᠲᠦᠮᠵᠢ ᠳᠤ ᠮᠠᠰᠢ ᠶᠡᠭᠡ ᠪᠠᠶᠠᠷᠯᠠᠳᠠᠭ᠃ ᠤᠯᠤᠰ ᠤᠷᠤᠨ ᠬᠦᠭᠵᠢᠵᠦ ᠪᠠᠶᠢᠭ᠎ᠠ ᠡᠨᠡ ᠬᠦ ᠰᠠᠶᠢᠬᠠᠨ ᠴᠠᠭ ᠲᠤ᠋‌ᠡᠬᠡ ᠤᠯᠤᠰ ᠤᠨ ᠢᠷᠡᠬᠡᠳᠦᠢ ᠪᠤᠯᠤᠭᠰᠠᠨ ᠬᠡᠦᠬᠡᠳ ᠤᠳ ᠲᠤ ᠮᠢᠨᠢ ᠯᠠᠪᠳᠠᠢ ᠨᠡᠩ ᠰᠠᠶᠢᠨ ᠰᠠᠷᠠᠭᠤᠯ ᠲᠠᠷᠳᠡᠩ ᠵᠠᠮ ᠪᠤᠢ᠂ᠠᠷᠠᠳ ᠤᠨ ᠪᠠᠭᠰᠢ ᠪᠤᠯᠤᠭᠰᠠᠨ ᠤ ᠬᠤᠪᠢ ᠳᠤ ᠦᠷᠬᠦᠯᠵᠢᠯᠡᠨ ᠡᠬᠦᠷᠬᠡ ᠬᠠᠷᠢᠭᠤᠴᠠᠯᠭ᠎ᠠ ᠪᠠᠨ ᠪᠠᠳᠤ ᠴᠡᠬᠡᠵᠢᠯᠡᠵᠦ᠂ ᠤᠯᠤᠰ‌‍ᠬᠡᠷ ᠲᠡᠭᠡᠨ ᠨᠡᠩ ᠤᠯᠠᠨ ᠴᠢᠳᠠᠪᠤᠷᠢᠳᠠᠨ ᠢ ᠬᠦᠮᠦᠵᠢᠬᠦᠯᠬᠦ ᠪᠠᠷ ᠴᠢᠷᠮᠠᠶᠢᠨ ᠠᠵᠢᠯᠯᠠᠨ᠎ᠠ︾ ᠬᠡᠵᠦ ᠢᠳᠡᠬᠡᠯ ᠲᠡᠬᠦᠯᠳᠡᠷ ᠬᠡᠯᠡᠨ᠎ᠠ᠃
ᠢᠷᠡᠯᠲᠡ᠄ ᠣᠷᠳᠣᠰ ᠤᠨ ᠮᠤᠩᠭᠤᠯ ᠬᠡᠯᠡᠨ ᠤ ᠰᠣᠨᠢᠨ ᠮᠡᠳᠡᠭᠡᠨ ᠤ ᠰᠦᠯᠵᠢᠶ᠎ᠡ