ᠰᠠᠳᠠᠩ ᠬᠡᠰᠢᠬᠦᠨ᠄ ᠮᠠᠯ ᠲᠠᠷᠢᠶᠠᠯᠠᠩ ᠤᠨ ᠮᠠᠰᠢᠨ ᠲᠤᠭᠯᠠᠯ ᠬᠤᠳᠠᠯᠳᠤᠨ ᠠᠪᠬᠤ ᠨᠦᠬᠦᠪᠤᠷᠢ ᠶᠢ ᠨᠡᠮᠡᠭᠳᠡᠬᠦᠯᠪᠡᠯ ᠵᠤᠬᠢᠨ᠎ᠡ
ᠨᠡᠶᠢᠲᠡᠯᠡᠭᠰᠡᠨ ᠴᠠᠭ᠄
2022/8/30
      ᠨᠠᠶᠢᠬᠡᠮ ᠤᠨ ᠬᠦᠭᠵᠢᠯᠳᠠ ᠶᠢ ᠲᠠᠭᠠᠯᠳᠤᠨ ᠮᠠᠯᠴᠢᠨ ᠲᠠᠷᠢᠶᠠᠴᠢᠳ ᠤᠨ ᠦᠢᠯᠡᠳᠪᠤᠷᠢᠯᠡᠯ ᠠᠮᠢᠳᠤᠷᠠᠯ《 ᠮᠠᠰᠢᠨᠴᠢᠯᠠᠯᠳᠠ》᠎ ᠠᠴᠠ ᠰᠠᠯᠵᠤ ᠴᠢᠳᠠᠬᠤ ᠦᠬᠡᠢ ᠪᠤᠯᠵᠠᠢ᠃ ᠰᠠᠳᠠᠩ ᠬᠡᠰᠢᠬᠦᠨ ᠡᠨᠡ ᠤᠳᠠᠭ᠎ᠠ ᠶᠢᠨ《 ᠬᠤᠶᠠᠷ ᠬᠤᠷᠠᠯ》᠎ ᠳᠤ ᠮᠠᠯ ᠲᠠᠷᠢᠶᠠᠯᠠᠩ ᠤᠨ ᠮᠠᠰᠢᠨ ᠲᠤᠨᠤᠭᠯᠠᠯ ᠬᠤᠳᠠᠯᠳᠤᠨ ᠠᠪᠬᠤ ᠨᠦᠬᠦᠪᠤᠷᠢ ᠶᠢ ᠤᠯᠡᠮ ᠨᠢᠬᠡ ᠠᠯᠬᠤᠮ ᠨᠡᠮᠡᠭᠳᠡᠬᠦᠯᠬᠦ ᠲᠤᠬᠠᠢ ᠰᠠᠨᠠᠯ ᠲᠤᠷᠠᠳᠤᠯᠭ᠎ᠠ ᠲᠠᠪᠰᠢᠬᠦᠯᠤᠭ᠍ᠰᠡᠨ ᠪᠠᠶᠢᠨ᠎ᠡ᠃      ᠬᠠᠩᠬᠢᠨ ᠬᠤᠰᠢᠭᠤᠨ ᠤ ᠶᠠᠬᠡᠨ᠋ᠤᠰᠤ ᠰᠤᠮᠤ ᠪᠠᠷ ᠨᠤᠳᠤᠭ ᠲᠠᠢ ᠮᠠᠯᠴᠢᠨ ᠰᠠᠳᠠᠩ ᠮᠠᠯ ᠠᠵᠤ ᠠᠬᠤᠢ ᠪᠠᠨ ᠬᠦᠭᠵᠢᠬᠦᠯᠤᠭ᠍ᠰᠡᠨ ᠢᠶᠠᠷ ᠪᠠᠷᠠᠬᠤ ᠦᠬᠡᠢ ᠨᠤᠳᠤᠭ ᠎ ᠤᠨ ᠮᠠᠯᠴᠢᠳ ᠢᠶᠠᠨ ᠲᠠᠭᠠᠭᠤᠯᠤᠨ ᠪᠠᠶᠠᠵᠢᠯ ᠤᠨ ᠠᠷᠭ᠎ᠠ ᠤᠬᠠᠭᠠᠨ ᠢ ᠰᠦᠪᠡᠭᠴᠢᠯᠡᠵᠤ᠂ ᠵᠠᠬ᠎ᠠ ᠲᠡᠯᠬᠡᠬᠦᠷ ᠤᠨ ᠪᠠᠶᠢᠳᠠᠯ ᠢ ᠠᠵᠢᠨ ᠮᠠᠯ ᠠᠵᠤ ᠠᠬᠤᠢ ᠶᠢᠨ ᠪᠦᠳᠤᠴᠡ ᠳᠡᠭᠡᠨ ᠲᠤᠬᠢᠷᠠᠭᠤᠯᠤᠯᠳᠠ ᠬᠢᠵᠤ ᠠᠰᠢᠭ ᠤᠷᠤᠯᠭ᠎ᠠ ᠪᠠᠨ ᠨᠠᠮᠡᠭᠳᠡᠬᠦᠯᠤᠭ᠍ᠰᠡᠨ ᠰᠢᠨ᠎ᠡ ᠴᠠᠭ ᠦᠶ᠎ᠡ ᠶᠢᠨ ᠮᠠᠯᠴᠢᠨ ᠶᠤᠮ᠃      ᠰᠠᠳᠠᠩ᠄《 ᠤᠳᠤ ᠶᠢᠨ ᠪᠠᠶᠢᠳᠠᠯ ᠢᠶᠠᠷ ᠠᠪᠬᠤ ᠦᠵᠡᠪᠡᠯ᠂ ᠲᠠᠷᠢᠶᠠᠯᠠᠩ ᠮᠠᠯ ᠠᠵᠤ ᠠᠬᠤᠢ ᠡᠷᠬᠢᠯᠡᠬᠦ ᠳᠤ ᠪᠦᠷ ᠯᠡ〈 ᠮᠠᠰᠢᠨᠴᠢᠯᠡᠯᠳᠠ〉᠎ ᠳᠤ ᠲᠦᠰᠢᠭᠯᠡᠬᠦ ᠪᠤᠯᠵᠠᠢ᠃ ᠬᠠᠪᠤᠷ ᠲᠠᠷᠢᠶ᠎ᠡ ᠲᠦᠮᠤᠰᠤ ᠲᠠᠷᠢᠬᠤ ᠠᠴᠠ ᠠᠪᠤᠭᠠᠳ ᠬᠠᠳᠤᠵᠤ ᠬᠤᠷᠢᠶᠠᠬᠤ ᠬᠦᠷᠳᠡᠯ᠎ᠡ ᠪᠦᠷ ᠮᠠᠰᠢᠨᠴᠢᠯᠡᠪᠠ᠃ ᠬᠡᠳᠠᠯ᠎ᠡ ᠠᠶᠢᠯ ᠪᠤᠯᠭᠠᠨ ᠎ ᠳᠤ ᠲᠠᠷᠡ ᠤᠯᠡᠨ ᠮᠠᠰᠢᠨ ᠲᠦᠬᠦᠬᠡᠷᠤᠮᠵᠢ ᠪᠠᠶᠢᠬᠤ ᠦᠬᠡᠢ ᠲᠤᠯᠠ ᠵᠠᠷᠢᠮ ᠨᠢ ᠪᠤᠰᠤᠳ ᠤᠨ ᠴᠢᠷᠠᠢ ᠶᠢ ᠬᠠᠷᠠᠵᠤ ᠰᠠᠭᠤᠵᠤ ᠪᠤᠢ᠃ ᠬᠡᠷᠪᠡ ᠲᠠᠷᠢᠶᠠᠯᠠᠩ ᠤᠨ ᠮᠠᠰᠢᠨ ᠬᠤᠳᠠᠯᠳᠤᠨ ᠠᠪᠬᠤ ᠨᠦᠬᠦᠪᠤᠷᠢ ᠮᠦᠩᠬᠦ ᠶᠢ ᠨᠡᠮᠡᠭᠳᠠᠬᠦᠯᠪᠠᠯ ᠲᠠᠪᠤ ᠭᠤᠷᠪᠠᠨ ᠠᠶᠢᠯ ᠢᠶᠠᠷ ᠢᠶᠠᠨ ᠬᠤᠷᠰᠢᠵᠤ ᠪᠠᠶᠢᠭᠠᠳ ᠡᠯ᠎ᠡ ᠵᠤᠶᠢᠯ ᠤᠨ ᠲᠠᠷᠢᠶᠠᠯᠠᠩ ᠤᠨ ᠮᠠᠰᠢᠨ ᠢ ᠬᠤᠳᠠᠯᠳᠤᠨ ᠠᠪᠵᠤ᠂ ᠲᠠᠷᠢᠶᠠᠯᠠᠩ ᠤᠨ ᠦᠪᠡᠷ ᠤᠨ ᠦᠷᠳᠡᠭ ᠢ ᠪᠠᠭᠤᠷᠠᠭᠤᠯᠤᠨ ᠠᠰᠢᠭ ᠤᠷᠤᠯᠭ᠎ᠠ ᠪᠠᠨ ᠨᠡᠮᠡᠭᠳᠠᠬᠦᠯᠵᠤ ᠴᠢᠳᠠᠨ᠎ᠡ᠃ ᠬᠦᠳᠡᠭᠡ ᠲᠤᠰᠬᠤᠨ ᠳᠤ ᠭᠦᠳᠡᠯᠮᠤᠷᠢ ᠬᠦᠴᠤ ᠶᠡᠭᠡ ᠪᠠᠷ ᠲᠤᠳᠠᠭᠳᠠᠬᠤ ᠪᠠᠶᠢᠳᠠᠯ ᠢᠯᠡᠷᠡᠵᠤ ᠪᠠᠶᠢᠨ᠎ᠡ᠃ ᠵᠠᠬ᠎ᠠ ᠲᠠᠯᠬᠡᠬᠦᠷ ᠲᠡᠬᠡᠷ᠎ᠡ ᠬᠦᠳᠡᠯᠮᠤᠷᠢ ᠬᠦᠴᠤ ᠶᠢ ᠠᠷᠪᠢᠯᠡᠵᠤ ᠴᠢᠳᠠᠬᠤ ᠤᠯᠡᠨ ᠵᠦᠢᠯ ᠤᠨ ᠮᠠᠰᠢᠨ ᠲᠤᠨᠤᠭᠯᠠᠯ ᠭᠠᠷᠴᠤ ᠢᠷᠡᠭᠰᠡᠨ ᠪᠤᠯᠪᠠᠴᠤ ᠦᠨ᠎ᠡ ᠬᠠᠩᠰᠢ ᠨᠢ ᠦᠨᠳᠤᠷ ᠪᠤᠯᠬᠤᠷ ᠮᠠᠯᠴᠢᠳ ᠤᠨ ᠲᠤᠮᠳᠠ  ᠲᠦᠬᠡᠮᠡᠯᠵᠢᠭᠳᠡᠵᠤ ᠲᠡᠶᠢᠯᠬᠦ ᠦᠬᠡᠢ ᠪᠠᠶᠢᠨ᠎ᠡ᠂ ᠬᠡᠷᠪᠡ ᠡᠪᠡᠰᠤ ᠪᠤᠷᠳᠤᠭ᠎ᠠ ᠨᠠᠶᠢᠷᠠᠭᠤᠯᠵᠤ᠂ ᠡᠪᠡᠰᠤ ᠪᠤᠷᠳᠤᠭ᠎ᠠ ᠪᠠᠨ ᠤᠩᠭᠤᠴᠠᠯᠠᠬᠤ᠂ ᠮᠠᠯ ᠡᠮᠨᠡᠵᠤ ᠲᠤᠮᠨᠡᠬᠤ ᠮᠡᠳᠤ ᠶᠢᠨ ᠠᠵᠢᠯ ᠎ ᠢ ᠮᠠᠰᠢᠨᠴᠢᠯᠠᠬᠤ ᠳᠤ ᠵᠤᠬᠢᠬᠤ ᠲᠤᠭᠠᠨ ᠤ ᠨᠦᠬᠦᠪᠤᠷᠢ ᠮᠦᠩᠭᠦ ᠦᠭᠪᠡᠯ ᠬᠦᠳᠡᠭᠡ ᠲᠤᠰᠬᠤᠨ ᠳᠤ ᠬᠦᠳᠡᠯᠮᠤᠷᠢ ᠬᠦᠴᠤ ᠶᠡᠭᠡ ᠪᠠᠷ ᠲᠤᠳᠠᠭᠳᠠᠵᠤ ᠪᠠᠶᠢᠬᠤ ᠠᠰᠠᠭᠤᠳᠠᠯ ᠢ ᠰᠢᠢᠳᠪᠤᠷᠢᠯᠡᠴᠢᠬᠡᠬᠦ ᠮᠦᠷᠳᠡᠬᠡᠨ ᠮᠠᠯ ᠠᠵᠤ ᠠᠬᠤᠢ ᠶᠢᠨ ᠮᠠᠰᠢᠨᠴᠢᠯᠡᠯᠳᠠ ᠶᠢ ᠪᠡᠶᠠᠯᠠᠬᠦᠯᠵᠤ᠂ ᠤᠳᠤᠬᠢᠴᠢᠯᠠᠭᠰᠡᠨ ᠮᠡᠯ ᠠᠵᠤ ᠠᠬᠤᠢ ᠶᠢ ᠬᠦᠭᠵᠢᠬᠦᠯᠬᠦ ᠠᠯᠬᠤᠮ ᠢ ᠲᠦᠷᠬᠡᠳᠬᠡᠨ᠎ᠡ》ᠬᠡᠵᠤ ᠦᠵᠡᠵᠤ ᠪᠠᠶᠢᠨ᠎ᠡ᠃     
ᠢᠷᠡᠯᠲᠡ᠄ ᠤᠷᠳᠤᠰ ᠮᠤᠩᠭᠤᠯ ᠰᠦᠯᠵᠢᠶ᠎ᠡ