︽ᠪᠦᠬᠦᠳᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠡᠷᠦᠭᠡ ᠠᠮᠠ ᠳᠠᠩᠰᠠᠯᠠᠬᠤ ᠳᠦᠷᠢᠮ︾ ᠤᠨ ᠠᠷᠪᠠᠨ ᠳᠣᠯᠣᠳᠤᠭᠠᠷ ᠵᠦᠢᠯ᠄ ᠡᠷᠦᠭᠡ ᠠᠮᠠ | ᠳᠠᠩᠰᠠᠯᠠᠬᠤ ᠠᠭᠤᠯᠭ᠎ᠠ ᠶᠢ ᠬᠤᠪᠢᠷᠠᠭᠤᠯᠬᠤ ᠪᠤᠶᠤ ᠵᠠᠯᠠᠷᠠᠭᠤᠯᠬᠤ ᠴᠢᠬᠤᠯᠠᠲᠠᠢ ᠦᠶ᠎ᠡ ᠳᠤ᠂ ᠡᠷᠦᠭᠡ ᠶᠢᠨ ᠡᠵᠡᠨ ᠪᠤᠶᠤ ᠲᠤᠰ ᠬᠥᠮᠥᠨ ᠨᠢ ᠡᠷᠦᠭᠡ ᠠᠮᠠ ᠳᠠᠩᠰᠠᠯᠠᠬᠤ | ᠪᠠᠶᠢᠭᠤᠯᠤᠮᠵᠢ ᠳᠤ ᠭᠤᠶᠤᠴᠢᠯᠠᠨ ᠮᠡᠳᠡᠬᠦᠯᠬᠦ ᠬᠡᠷᠡᠭᠲᠡᠢ︔ ᠡᠷᠦᠭᠡ ᠠᠮᠠ ᠳᠠᠩᠰᠠᠯᠠᠬᠤ ᠪᠠᠶᠢᠭᠤᠯᠤᠮᠵᠢ ᠠᠴᠠ ᠦᠨᠡᠨ ᠪᠣᠳᠠᠲᠠᠢ ᠶᠢ ᠨᠢ ᠬᠢᠨᠠᠨ ᠪᠠᠶᠢᠴᠠᠭᠠᠠᠭᠰᠠᠨ ᠤ | ᠰᠡᠭᠦᠯᠡᠷ ᠬᠤᠪᠢᠷᠠᠭᠤᠯᠬᠤ ᠪᠤᠶᠤ ᠵᠠᠯᠠᠷᠠᠭᠤᠯᠵᠤ ᠥᠭᠭᠦᠨ᠎ᠡ᠃ | ᠠᠷᠪᠠᠨ ᠨᠠᠢᠮᠠᠳᠤᠭᠠᠷ ᠵᠦᠢᠯ᠄ ᠠᠷᠠᠳ ᠢᠷᠭᠡᠳ ᠨᠡᠷ᠎ᠡ ᠪᠠᠨ ᠬᠤᠪᠢᠷᠠᠭᠤᠯᠬᠤ ᠳᠤ᠂ ᠳᠣᠣᠷᠠᠬᠢ ᠲᠣᠭᠲᠠᠭᠠᠯ ᠤᠨ ᠶᠣᠰᠣᠭᠠᠷ ᠭᠦᠢᠴᠡᠳᠬᠡᠨ᠎ᠡ᠄ | 1. ᠪᠦᠬᠦᠯᠢ ᠠᠷᠪᠠᠨ ᠨᠠᠢᠮᠠᠨ ᠨᠠᠰᠤ ᠬᠦᠷᠦᠭᠡᠳᠤᠢ ᠬᠥᠮᠥᠰ ᠣᠪᠣᠭ ᠨᠡᠷ᠎ᠡ ᠪᠠᠨ ᠬᠤᠪᠢᠷᠠᠭᠤᠯᠬᠤ ᠴᠢᠬᠤᠯᠠᠲᠠᠢ ᠦᠶ᠎ᠡ ᠳᠤ᠂ ᠲᠤᠰ ᠬᠥᠮᠥᠨ ᠪᠤᠶᠤ ᠡᠴᠢᠭᠡ ᠡᠬᠡ᠂ | ᠡᠷᠭᠦᠨ ᠲᠡᠵᠢᠭᠡᠭᠴᠢ ᠨᠢ ᠡᠷᠦᠭᠡ ᠠᠮᠠ ᠳᠠᠩᠰᠠᠯᠠᠬᠤ ᠪᠠᠶᠢᠭᠤᠯᠤᠮᠵᠢ ᠳᠤ ᠬᠤᠪᠢᠷᠠᠭᠤᠯᠤᠨ ᠳᠠᠩᠰᠠᠯᠠᠭᠤᠯᠬᠤ ᠪᠠᠷ ᠭᠤᠶᠤᠴᠢᠯᠠᠨ᠎ᠠ︔ | 2. ᠪᠦᠬᠦᠯᠢ ᠠᠷᠪᠠᠨ ᠨᠡᠶᠢᠮᠠᠨ ᠨᠠᠰᠤᠨ ᠠᠴᠠ ᠳᠡᠭᠡᠭᠰᠢᠬᠢ ᠬᠥᠮᠥᠰ ᠣᠪᠣᠭ ᠨᠡᠷ᠎ᠡ ᠪᠠᠨ ᠬᠤᠪᠢᠷᠠᠭᠤᠯᠬᠤ ᠴᠢᠬᠤᠯᠠᠲᠠᠢ ᠦᠶ᠎ᠡ ᠳᠤ᠂ ᠲᠤᠰ ᠬᠥᠮᠥᠨ ᠨᠢ ᠡᠷᠦᠭᠡ | ᠠᠮᠠ ᠳᠠᠩᠰᠠᠯᠠᠬᠤ ᠪᠠᠶᠢᠭᠤᠯᠤᠮᠵᠢ ᠳᠤ ᠬᠤᠪᠢᠷᠠᠭᠤᠯᠤᠨ ᠳᠠᠩᠰᠠᠯᠠᠭᠤᠯᠬᠤ ᠪᠠᠷ ᠭᠤᠶᠤᠴᠢᠯᠠᠨ᠎ᠠ᠃ | ᠠᠷᠪᠠ ᠶᠢᠰᠦᠳᠦᠭᠡᠷ ᠵᠦᠢᠯ᠄ ᠠᠷᠠᠳ ᠢᠷᠭᠡᠳ ᠤᠷᠤᠭ ᠬᠤᠯᠪᠣᠬᠤ᠂ ᠤᠷᠤᠭ ᠰᠠᠯᠬᠤ᠂ ᠡᠷᠭᠦᠨ ᠲᠡᠵᠢᠭᠡᠬᠦ᠂ ᠲᠠᠨᠢᠨ ᠠᠪᠬᠤ᠂ ᠡᠷᠦᠭᠡ ᠰᠠᠯᠭᠠᠬᠤ᠂ ᠡᠷᠦᠭᠡ | ᠨᠡᠶᠢᠯᠡᠬᠦᠯᠬᠦ᠂ ᠰᠤᠷᠠᠭ ᠦᠭᠡᠢ ᠪᠤᠯᠬᠤ᠂ ᠡᠷᠢᠵᠦ ᠣᠯᠬᠤ ᠪᠤᠶᠤ ᠪᠤᠰᠤᠳ ᠤᠴᠢᠷ ᠰᠢᠯᠲᠠᠭᠠᠨ ᠠᠴᠠ ᠪᠣᠯᠵᠤ ᠡᠷᠦᠭᠡ ᠠᠮᠠ ᠪᠠᠨ ᠬᠤᠪᠢᠷᠠᠭᠠᠬᠤ ᠦᠶ᠎ᠡ ᠳᠤ᠂ | ᠡᠷᠦᠭᠡ ᠶᠢᠨ ᠡᠵᠡᠨ ᠪᠤᠶᠤ ᠲᠤᠰ ᠬᠥᠮᠥᠨ ᠨᠢ ᠡᠷᠦᠭᠡ ᠠᠮᠠ ᠳᠠᠩᠰᠠᠯᠠᠬᠤ ᠪᠠᠶᠢᠭᠤᠯᠤᠮᠵᠢ ᠳᠤ ᠬᠤᠪᠢᠷᠠᠭᠤᠯᠤᠨ ᠳᠠᠩᠰᠠᠯᠠᠭᠤᠯᠬᠤ ᠪᠠᠷ ᠭᠤᠶᠤᠴᠢᠯᠠᠨ᠎ᠠ᠃ | |