ᠤᠳᠬᠤᠨᠸᠠᠷ ᠬᠡᠰᠢᠬᠦᠨ᠄ ᠭᠠᠵᠠᠷ ᠨᠤᠳᠤᠭ ᠤᠨ ᠵᠠᠭᠤᠷᠠᠯᠳᠤᠭᠠᠨ ᠤ ᠰᠢᠢᠳᠪᠤᠷᠢᠯᠡᠭᠴᠢ ᠶᠢ ᠰᠤᠯᠢᠬᠤ ᠦᠬᠡᠢ ᠪᠤᠯ ᠨᠡᠩ ᠰᠠᠶᠢᠨ
ᠨᠡᠶᠢᠲᠡᠯᠡᠭᠰᠡᠨ ᠴᠠᠭ᠄
2022/8/30
     ᠤᠷᠴᠢᠮ ᠤᠨ ᠵᠢᠯ ᠠᠴᠠ ᠮᠠᠯᠵᠢᠬᠤ ᠲᠠᠷᠢᠶᠠᠯᠠᠬᠤ ᠤᠷᠤᠨ ᠳᠤ ᠨᠤᠳᠤᠭ ᠪᠡᠯᠴᠢᠬᠡᠷ ᠤᠨ  ᠵᠠᠭᠤᠷᠠᠯᠳᠤᠭᠠᠨ ᠬᠤᠷᠴᠡᠳᠵᠤ᠂ ᠬᠦᠷᠰᠢ ᠵᠡᠷᠬᠡᠯᠳᠡᠭᠡ ᠠᠶᠢᠯ ᠠᠶᠢᠮᠠᠭ ᠬᠤᠭᠤᠷᠤᠨᠳᠤ ᠪᠠᠨ᠂ ᠭᠠᠴᠠᠭ᠎ᠠ ᠲᠤᠰᠬᠤᠨ᠂ ᠰᠤᠮᠤ ᠪᠠᠯᠭᠠᠰᠤ ᠬᠤᠭᠤᠷᠤᠨᠳᠤ ᠪᠠᠨ ᠭᠠᠵᠠᠷ ᠨᠤᠳᠤᠭ ᠤᠨ ᠵᠠᠭᠠᠭ ᠱᠤᠭᠤᠮ ᠤᠨ ᠢᠯᠠᠭᠠᠪᠤᠷᠢ ᠲᠤᠳᠤᠷᠬᠠᠢ ᠪᠤᠰᠤ  ᠠᠴᠠ ᠪᠤᠯᠵᠤ ᠵᠠᠭᠤᠷᠠᠯᠳᠤᠭᠠᠨ ᠡᠬᠦᠰᠴᠤ᠂ ᠨᠠᠶᠢᠬᠡᠮ ᠨᠠᠶᠢᠳᠠ ᠳᠤ ᠮᠠᠭᠤ ᠨᠦᠯᠤᠬᠡ ᠦᠵᠡᠬᠦᠯᠵᠤ ᠪᠠᠶᠢᠨ᠎ᠡ᠃ ᠡᠬᠦᠨ ᠤ ᠴᠠᠭᠠᠨᠡᠬᠢ ᠤᠴᠢᠷ ᠨᠢ ᠨᠢᠬᠡᠳᠤᠬᠡᠷ ᠤᠳᠠᠭ᠎ᠠ ᠪᠤᠯᠤᠨ ᠬᠤᠶᠠᠳᠤᠭᠠᠷ ᠣᠳᠠᠭ᠎ᠠ ᠭᠠᠵᠠᠷ ᠬᠤᠪᠢᠶᠠᠬᠤ ᠳᠤ GPS  ᠬᠡᠮᠵᠢᠬᠦᠷ ᠪᠠᠶᠢᠭᠰᠡᠨ ᠦᠬᠡᠢ ᠶᠢᠨ ᠲᠡᠬᠡᠷ᠎ᠡ ᠲᠤᠬᠠᠢ ᠶᠢᠨ ᠦᠶ᠎ᠡ ᠳᠤ ᠭᠠᠵᠠᠷ ᠨᠤᠳᠤᠭ ᠤᠨ ᠭᠠᠶᠢᠯᠢ ᠲᠠᠳᠠᠪᠤᠷᠢᠯᠠᠵᠤ ᠪᠠᠶᠢᠭᠰᠡᠨ ᠲᠤᠯᠠ ᠤᠯᠠᠩᠬᠢ ᠠᠶᠢᠯ ᠨᠢ ᠬᠤᠪᠢᠳᠠᠵᠤ ᠠᠪᠤᠭᠰᠡᠨ ᠭᠠᠵᠠᠷ ᠨᠤᠳᠤᠭ ᠶᠢᠨ ᠪᠠᠭ᠎ᠠ ᠮᠡᠳᠡᠬᠦᠯᠬᠦ ᠪᠤᠶᠤ ᠨᠠᠩ ᠴᠢᠨᠠᠭᠰᠢᠳᠠ ᠠᠯᠡᠰᠤᠷᠬᠡᠭ ᠪᠡᠯᠴᠢᠬᠡᠷ ᠲᠤ ᠡᠵᠡᠨ ᠦᠬᠡᠢ ᠪᠤᠯᠵᠤ ᠪᠠᠶᠢᠵᠠᠢ᠃ ᠭᠠᠵᠠᠷ ᠨᠤᠳᠤᠭ ᠤᠨ ᠭᠠᠶᠢᠯᠢ ᠶᠢ ᠦᠬᠡᠶᠢᠰᠬᠡᠭᠰᠡᠨ᠂ ᠭᠠᠵᠠᠷ ᠰᠢᠷᠤᠢ ᠶᠢᠨ ᠦᠨ᠎ᠡ ᠦᠷᠳᠡᠭ ᠣᠯᠡᠮ ᠨᠡᠮᠡᠭᠳᠡᠭᠰᠡᠨ ᠵᠢᠴᠢ ᠬᠦᠮᠤᠰ ᠭᠠᠵᠠᠷ ᠨᠤᠳᠤᠭ ᠤᠨ ᠦᠨ᠎ᠡ ᠴᠠᠨ᠎ᠡ ᠶᠢ ᠶᠠᠪᠤᠬᠤ ᠲᠤᠳᠤᠮ ᠢᠶᠠᠨ ᠮᠡᠳᠡᠷᠡᠵᠤ᠂ ᠪᠤᠯᠪᠠᠯ ᠠᠯᠠᠭᠠᠨ ᠴᠢᠨᠡᠬᠡᠨ ᠭᠠᠵᠠᠷ ᠢ ᠴᠤ ᠬᠤᠪᠢᠳᠠᠵᠤ ᠠᠪᠬᠤ ᠶᠢ ᠵᠤᠷᠢᠭᠰᠡᠨ ᠠᠴᠠ ᠲᠤᠬᠠᠢ ᠶᠢᠨ ᠦᠶ᠎ᠡ ᠳᠤ ᠵᠠᠭᠠᠭ ᠱᠤᠭᠤᠮ ᠨᠢ ᠲᠤᠳᠤᠷᠬᠠᠢ ᠪᠤᠰᠤ ᠪᠠᠶᠢᠭᠰᠡᠨ ᠭᠠᠵᠠᠷ ᠨᠤᠳᠤᠭ ᠤᠳᠤ ᠵᠠᠭᠤᠷᠠᠯᠳᠤᠭᠠᠨ ᠤ《 ᠦᠨᠳᠤᠰᠤ》ᠪᠤᠯᠵᠤ᠂ ᠰᠢᠢᠳᠪᠤᠷᠢᠯᠡᠬᠦ ᠳᠤ ᠪᠡᠷᠬᠡ ᠶᠠᠪᠤᠳᠠᠯ ᠪᠤᠯᠵᠤ ᠪᠠᠶᠢᠨ᠎ᠡ᠃ ᠬᠡᠪᠡᠴᠤ ᠡᠨᠡ ᠨᠢ ᠪᠦᠷᠢᠮᠤᠰᠤᠨ ᠰᠢᠢᠳᠪᠤᠷᠢᠯᠡᠵᠤ ᠲᠡᠶᠢᠯᠬᠦ ᠦᠬᠡᠢ ᠶᠠᠪᠤᠳᠠᠯ ᠪᠢᠰᠢ᠂ ᠬᠠᠷᠢᠨ ᠰᠢᠢᠳᠪᠤᠷᠢᠯᠡᠬᠦ ᠠᠷᠭ᠎ᠠ ᠵᠠᠮ ᠰᠠᠶᠢᠨ ᠪᠢᠰᠢ ᠠᠴᠠ ᠪᠤᠯᠵᠤ ᠪᠠᠶᠢᠭ᠎ᠠ ᠶᠤᠮ᠃     ᠡᠨᠡ ᠵᠢᠯ ᠤᠨ《 ᠬᠤᠶᠠᠷ ᠬᠤᠷᠠᠯ》 ᠳᠤ ᠤᠤᠬᠤᠨᠬᠤᠸᠠᠷ ᠬᠡᠰᠢᠬᠦᠨ ᠡᠨᠡ ᠲᠤᠬᠠᠢ ᠲᠠᠢ ᠰᠠᠨᠠᠯ ᠲᠤᠷᠠᠳᠤᠯᠭ᠎ᠠ ᠪᠡᠯᠡᠳᠬᠡᠵᠤ ᠢᠷᠡᠵᠡᠢ᠃ ᠲᠡᠷᠡ᠄ ᠭᠠᠵᠠᠷ ᠲᠤ ᠰᠠᠭᠤᠵᠤ ᠪᠠᠶᠢᠭᠰᠡᠨ ᠬᠦᠮᠤᠨ ᠪᠠᠶᠢᠪᠠᠯ ᠵᠦᠬᠢᠨ᠎ᠡ︔ ᠬᠠᠮᠤᠭ ᠤᠨ ᠰᠠᠶᠢᠨ ᠨᠢ ᠨᠢᠬᠡᠳᠤᠬᠡᠷ᠂ ᠬᠤᠶᠠᠳᠤᠭᠠᠷ ᠤᠳᠠᠭᠠᠨ ᠤ ᠨᠤᠳᠤᠭ ᠪᠡᠯᠴᠢᠬᠡᠷ ᠤᠨ ᠬᠤᠪᠢᠶᠠᠷᠢᠯᠠᠯᠳᠠ  ᠳᠤ ᠪᠦᠷ ᠤᠷᠤᠯᠴᠠᠭᠰᠡᠨ ᠭᠠᠴᠠᠭ᠎ᠠ ᠲᠤᠰᠬᠤᠨ ᠤ ᠤᠤᠯ ᠤᠨ ᠤᠳᠤᠷᠢᠳᠤᠯᠭ᠎ᠠ ᠶᠢ ᠰᠤᠩᠭᠤᠪᠠᠯ ᠰᠠᠶᠢᠨ᠃ ᠨᠢᠳᠤᠨ ᠡᠮᠤᠨᠡᠬᠢ ᠪᠠᠶᠢᠳᠠᠯ ᠠᠴᠠ ᠠᠪᠴᠤ ᠦᠵᠡᠪᠡᠯ᠂ ᠭᠠᠵᠠᠷ ᠨᠤᠳᠤᠭ ᠤᠨ ᠵᠠᠭᠤᠷᠠᠯᠳᠤᠭᠠᠨ ᠢ ᠰᠢᠢᠳᠪᠤᠷᠢᠯᠡᠬᠦ ᠪᠠᠷ ᠢᠷᠡᠭᠰᠡᠨ ᠰᠤᠮᠤ ᠪᠠᠯᠭᠠᠰᠤ᠂ ᠭᠠᠴᠠᠭ᠎ᠠ ᠲᠤᠰᠬᠤᠨ ᠤ ᠤᠳᠤᠷᠯᠳᠤᠯᠭ᠎ᠠ ᠪᠤᠶᠤ ᠰᠤᠮᠤ ᠪᠠᠯᠭᠠᠰᠤ᠂ ᠭᠠᠷᠢᠴᠠᠭ᠎ᠠ ᠲᠤᠰᠬᠤᠨ ᠳᠤ ᠰᠠᠭᠤᠭ᠎ᠠ ᠠᠵᠢᠯᠯᠠᠬᠤ ᠠᠩᠭᠢ ᠶᠢᠨ ᠬᠡᠰᠢᠬᠦᠳ ᠨᠢ ᠪᠦᠷ ᠰᠢᠨ᠎ᠡ ᠭᠠᠷ ᠪᠠᠶᠢᠵᠤ᠂ ᠲᠠᠷᠡᠴᠢᠯᠡᠨ ᠵᠠᠷᠢᠮ ᠨᠢ ᠬᠤᠶᠠᠷ ᠭᠤᠷᠪᠠᠭ᠋ᠠᠨ ᠵᠢᠯ ᠪᠤᠯᠪᠠᠯ ᠦᠬᠡᠷ᠎ᠡ ᠭᠠᠵᠠᠷ ᠲᠤ ᠰᠢᠯᠵᠢᠬᠡᠳ ᠶᠠᠪᠤᠴᠢᠬᠠᠳᠠᠭ᠃ ᠪᠠᠰᠠ ᠨᠢᠬᠡ ᠬᠡᠪᠠᠯ᠂  ᠲᠡᠳᠠ ᠰᠤᠮᠤ ᠪᠠᠯᠭᠠᠰᠤ᠂ ᠭᠠᠴᠠᠭ᠎ᠠ ᠲᠤᠰᠬᠤᠨ ᠳᠤ ᠰᠠᠭᠤᠵᠤ ᠪᠠᠶᠢᠭ᠎ᠠ ᠬᠤᠭᠤᠴᠠᠭᠠᠨ ᠳᠠᠭᠠᠨ ᠦᠬᠡᠷ᠎ᠡ ᠭᠠᠵᠠᠷ ᠲᠤ ᠰᠢᠯᠵᠢᠬᠡᠳ ᠶᠠᠪᠤᠴᠢᠬᠠᠳᠠᠭ᠃ ᠪᠠᠰᠠ ᠨᠢᠬᠡ ᠤᠴᠢᠷ ᠬᠡᠪᠡᠯ᠂ ᠲᠡᠳᠡ ᠰᠤᠮᠤ ᠪᠠᠯᠭᠠᠰᠤ᠂ ᠭᠠᠴᠠᠭ᠎ᠠ  ᠲᠤᠰᠬᠤᠨ ᠳᠤ ᠰᠠᠭᠤᠵᠤ ᠪᠠᠶᠢᠭ᠎ᠠ ᠬᠤᠭᠤᠴᠠᠭᠠᠨ ᠳᠠᠭᠠᠨ ᠦᠬᠡᠷ᠎ᠡ ᠤᠯᠡᠨ ᠤᠴᠢᠷ ᠶᠠᠪᠤᠳᠠᠯ ᠢ ᠬᠦᠢᠴᠡᠳᠬᠡᠵᠤ ᠪᠠᠶᠢᠬᠤ ᠪᠤᠯᠬᠤᠷ ᠡᠨᠡ ᠤᠴᠢᠷ ᠲᠤ ᠠᠯᠢᠪᠠ ᠴᠠᠭ ᠢᠶᠠᠨ ᠵᠠᠷᠤᠴᠠᠭᠤᠯᠵᠤ ᠲᠠᠶᠢᠯᠬᠦ ᠦᠬᠡᠢ ᠪᠠᠶᠢᠳᠠᠭ᠃ ᠭᠠᠵᠠᠷ ᠨᠤᠳᠤᠭ ᠤᠨ ᠵᠠᠭᠤᠷᠠᠯᠳᠤᠭᠠᠨ ᠤ ᠶᠠᠪᠤᠳᠠᠯ ᠢ ᠪᠦᠷᠢᠮᠤᠰᠤᠨ ᠤᠶᠢᠯᠠᠭᠠᠵᠤ᠂ ᠰᠢᠢᠳᠪᠤᠷᠢᠯᠡᠬᠦ ᠠᠷᠭ᠎ᠠ ᠵᠠᠮ ᠢ ᠤᠯᠬᠤ ᠳᠤ ᠠᠳᠤᠭ ᠲᠠᠭᠠᠨ ᠬᠤᠶᠠᠷ ᠭᠤᠷᠪᠠᠨ ᠵᠢᠯ ᠤᠨ ᠴᠠᠭ ᠢ ᠵᠠᠷᠤᠴᠠᠭᠤᠯᠤᠨ᠎ᠡ᠂ ᠶᠠᠭ ᠰᠢᠢᠳᠪᠤᠷᠢᠯᠡᠬᠦ ᠴᠠᠭ ᠨᠢ ᠪᠤᠯᠬᠤ ᠳᠤ ᠲᠡᠳᠠ ᠦᠬᠡᠷ᠎ᠡ ᠭᠠᠵᠠᠷ ᠠᠵᠢᠯ ᠰᠢᠯᠵᠢᠬᠡᠳ ᠶᠠᠪᠤᠴᠢᠬᠠᠬᠤ ᠪᠤᠯᠬᠤᠷ ᠭᠠᠵᠠᠷ ᠨᠤᠳᠤᠭ ᠤᠨ ᠵᠠᠭᠤᠷᠠᠯᠳᠤᠭᠠᠨ ᠬᠡᠳᠤᠨ ᠵᠢᠯ᠂ ᠴᠢᠨᠠᠭᠰᠢᠯᠠᠭᠠᠳ ᠠᠷᠪᠠ᠂ ᠬᠤᠷᠢᠨ ᠵᠢᠯ ᠢᠶᠠᠷ ᠰᠢᠢᠳᠪᠤᠷᠢᠯᠡᠭᠳᠡᠵᠤ ᠲᠠᠶᠢᠯᠬᠦ ᠦᠬᠡᠢ ᠪᠠᠶᠢᠨ᠎ᠡ᠃ ᠰᠢᠨ᠎ᠡ ᠢᠷᠡᠭᠰᠡᠨ ᠬᠦᠮᠤᠰ ᠨᠢ ᠲᠦᠷᠤᠬᠦᠤ ᠶᠢᠨ ᠬᠦᠮᠤᠰ ᠲᠠᠢ ᠮᠦᠨ ᠠᠳᠠᠯᠢ᠂ ᠤᠴᠢᠷ ᠶᠠᠪᠤᠳᠠᠯ ᠢ ᠠᠩᠬ᠎ᠠ ᠤᠶᠢᠯᠠᠭᠠᠬᠤ ᠦᠬᠡᠢ᠂ ᠦᠢᠯᠠᠭᠠᠭᠠᠳ ᠢᠷᠡᠬᠦ ᠳᠤ ᠪᠠᠰᠠ ᠯᠠ ᠶᠠᠪᠤᠬᠤ ᠴᠠᠭ ᠨᠢ ᠪᠤᠯᠴᠢᠬᠠᠨ᠎ᠡ᠃ ᠲᠡᠶᠢᠮᠤ ᠠᠴᠠ ᠭᠠᠵᠠᠷ ᠨᠤᠳᠤᠭ ᠤᠨ ᠵᠠᠭᠤᠷᠠᠯᠳᠤᠭᠠᠨ ᠢ ᠰᠢᠢᠳᠪᠤᠷᠢᠯᠡᠬᠦ ᠬᠦᠮᠤᠰ ᠤᠷᠳᠤ ᠬᠤᠭᠤᠴᠠᠭ᠎ᠠ ᠲᠤᠬᠠᠢ ᠶᠢᠨ ᠭᠠᠵᠠᠷ ᠲᠤ ᠠᠵᠢᠯᠯᠠᠵᠤ᠂ ᠡᠨᠡ ᠶᠠᠪᠤᠳᠠᠯ ᠤᠨ《 ᠦᠨᠳᠤᠰᠤ 》 ᠶᠢ ᠤᠭ ᠠᠴᠠ ᠨᠢ ᠮᠠᠯᠳᠠᠵᠤ᠂ ᠠᠯᠭᠠᠨ ᠵᠢᠷᠤᠭᠠᠰᠤ ᠪᠠᠨ ᠮᠡᠳᠤ ᠲᠤᠳᠤᠷᠬᠠᠢ ᠮᠡᠳᠡᠵᠤ ᠠᠪᠬᠤ ᠬᠡᠷᠡᠭᠳᠡᠢ᠃ ᠡᠨᠡ ᠪᠤᠯ ᠴᠠᠭ ᠤᠨ ᠠᠰᠠᠭᠤᠳᠠᠯ᠃ ᠲᠡᠳᠡᠨ ᠳᠤ ᠲᠠᠪᠤ᠂ ᠠᠷᠪᠠᠨ ᠵᠢᠯ ᠤᠨ ᠴᠠᠭ ᠢ ᠬᠠᠩᠭᠠᠯᠳᠠᠳᠠᠢ ᠦᠭᠴᠢᠬᠡᠪᠡᠯ ᠡᠨᠡ ᠤᠴᠢᠷ ᠢ ᠠᠮᠠᠷᠬᠠᠨ ᠰᠢᠢᠳᠪᠤᠷᠢᠯᠡᠴᠢᠬᠡᠨ᠎ᠡ ᠬᠡᠵᠤ ᠪᠤᠳᠤᠵᠤ ᠪᠠᠶᠢᠨ᠎ᠡ ᠬᠡᠯ᠎ᠡ᠃       
ᠢᠷᠡᠯᠲᠡ᠄ ᠤᠷᠳᠤᠰ ᠮᠤᠩᠭᠤᠯ ᠰᠦᠯᠵᠢᠶ᠎ᠡ