ᠠᠷᠠᠳ ᠤᠨ ᠲᠠᠭᠤᠤ ᠪᠤᠯ ᠠᠷᠠᠳ ᠲᠦᠮᠡᠨ ᠤ ᠲᠡᠤᠬᠡ ᠠᠷᠠᠳ ᠲᠦᠮᠡᠨ ᠪᠤᠯ ᠠᠷᠠᠳ ᠤᠨ ᠲᠠᠭᠤᠤ ᠶᠢᠨ ᠡᠵᠡᠨ
ᠨᠡᠶᠢᠲᠡᠯᠡᠭᠰᠡᠨ ᠴᠠᠭ᠄
2022/9/15
      ᠴᠠᠭᠠᠨᠤᠳ ᠮᠠᠰᠢᠵᠢᠷᠭᠠᠯ᠄             1937 ᠤᠨ ᠤ 10 ᠰᠠᠷ᠎ᠠ ᠳᠤ ᠦᠤᠰᠢᠨ ᠬᠤᠰᠢᠭᠤᠨ ᠤ ᠤᠯᠠᠭᠠᠨᠳᠤᠯᠤᠭᠠᠢ ᠰᠤᠮᠤ ᠶᠢᠨ ᠪᠠᠶᠠᠨᠭᠤᠤᠯ ᠭᠠᠴᠠᠭᠠᠨ ᠳᠤ ᠲᠦᠷᠦᠵᠡᠢ᠃  ᠲᠡᠷᠡ ᠤᠯᠤᠰ ᠤᠨ ᠬᠤᠶᠠᠳᠤᠭᠠᠷ ᠲᠡᠰ ᠤᠨ ᠠᠶᠠᠯᠭᠤ ᠵᠤᠬᠢᠶᠠᠬᠴᠢ᠂ ᠤᠷᠳᠤᠰ ᠬᠤᠳᠠ ᠶᠢᠨ ᠪᠤᠭᠤᠨᠢ ᠲᠠᠭᠤᠤ ᠶᠢᠨ ᠤᠯᠠᠮᠵᠢᠯᠠᠬᠴᠢ᠂  ᠤᠷᠳᠤᠰ ᠬᠤᠳᠠ ᠶᠢᠨ ᠤᠯᠠᠮᠵᠢᠯᠠᠯᠳᠤ ᠮᠤᠩᠭᠤᠯ ᠰᠤᠶᠤᠯ ᠤᠷᠠᠯᠢᠭ ᠤᠨ ᠨᠡᠶᠢᠬᠡᠮᠯᠢᠭ ᠤᠨ ᠬᠡᠷᠡᠭ ᠡᠷᠬᠢᠯᠡᠭᠴᠢ᠂ ᠤᠷᠳᠤᠰ ᠬᠤᠳᠠ ᠶᠢᠨ  ᠲᠠᠭᠤᠤ ᠪᠦᠵᠢᠭ ᠵᠦᠴᠦᠬᠡ ᠶᠢᠨ ᠪᠦᠯᠬᠦᠮ ᠤᠨ ᠵᠤᠬᠢᠶᠠᠨ ᠨᠠᠶᠢᠷᠠᠭᠤᠯᠬᠤ ᠠᠯᠪᠠᠨ ᠬᠡᠷ ᠤᠨ ᠡᠷᠬᠢᠯᠡᠭᠴᠢ ᠶᠢᠨ ᠲᠤᠰᠢᠶᠠᠯ ᠢ ᠡᠬᠦᠷᠭᠡᠯᠡᠵᠤ  ᠶᠠᠪᠤᠵᠤ ᠪᠠᠶᠢᠵᠠᠢ᠃ ᠡᠳᠤᠭᠡ ᠠᠵᠢᠯ ᠠᠴᠠ ᠪᠠᠨ ᠲᠠᠷᠬᠠᠯᠠᠬᠳᠠᠪᠠ᠃             1979 ᠤᠨ ᠳᠤ ︽ᠤᠷᠳᠤᠰ ᠠᠷᠠᠳ ᠤᠨ ᠲᠠᠭᠤᠤ︾ ︵306 ᠪᠠᠳᠠᠭ︶᠎ ᠢ ᠡᠮᠬᠢᠳᠬᠡᠨ ᠬᠡᠪᠯᠡᠬᠦᠯᠪᠡ᠃            ︽ᠮᠤᠷᠢ ᠤᠷᠤᠯᠳᠤᠨᠠᠮ︾ ᠬᠡᠬᠦ ᠬᠦᠭᠵᠢᠮ ᠨᠢ ᠦᠪᠡᠷᠳᠡᠬᠡᠨ ᠵᠠᠰᠠᠬᠤ ᠤᠷᠤᠨ ᠤ ᠠᠩᠬᠠᠳᠠᠬᠴᠢ ᠤᠳᠠᠭᠠᠨ ᠤ ︽ᠰᠠᠷᠠᠨ᠎ᠠ︾  ᠱᠠᠩᠨᠠᠯ ᠤᠨ ᠭᠤᠷᠪᠠᠳᠤᠭᠠᠷ ᠲᠡᠰ ᠤᠨ ᠱᠠᠩᠨᠠᠯ ᠢ ᠬᠦᠷᠳᠡᠪᠡ᠃            1992 ᠤᠨ ᠳᠤ ᠲᠤᠮᠤ ᠬᠡᠯᠪᠡᠷᠢ ᠶᠢᠨ ᠦᠨᠳᠦᠰᠦᠳᠡᠨ ᠤ ᠪᠦᠵᠢᠭᠳᠦ ᠵᠦᠴᠦᠬᠡ ︽ᠰᠡᠨᠵᠢᠳᠮ᠎ᠠ︾᠎ ᠶᠢᠨ ᠬᠦᠭᠵᠢᠮ ᠨᠢ ᠪᠦᠬᠦ  ᠤᠯᠤᠰ ᠤᠨ ᠰᠢᠯᠢᠳᠡᠭ ᠵᠤᠬᠢᠶᠠᠯ ᠤᠨ ᠱᠠᠩᠨᠠᠯ ᠬᠦᠷᠳᠡᠪᠡ᠃            1993 ᠤᠨ ᠳᠤ ᠲᠤᠮᠤ ᠬᠡᠯᠪᠡᠷᠢ ᠶᠢᠨ ᠦᠨᠳᠦᠰᠦᠳᠡᠨ ᠤ ᠪᠦᠵᠢᠭᠳᠦ ᠵᠦᠴᠦᠬᠡ ︽ᠰᠡᠨᠵᠢᠳᠮ᠎ᠠ︾᠎ ᠶᠢᠨ ᠬᠦᠭᠵᠢᠮ ᠨᠢ ᠪᠦᠬᠦ  ᠤᠯᠤᠰ ᠤᠨ ︽ᠸᠧᠨ ᠬᠤᠸᠠ︾ ᠱᠠᠩᠨᠠᠯ ᠬᠦᠷᠳᠡᠪᠡ᠃            1994 ᠤᠨ ᠳᠤ ᠲᠤᠮᠤ ᠬᠡᠯᠪᠡᠷᠢ ᠶᠢᠨ ᠮᠤᠩᠭᠤᠯ ᠲᠠᠭᠤᠯᠠᠯᠳᠤ ᠵᠦᠴᠦᠬᠡ ︽ᠮᠦᠡᠭᠬᠦᠨ ᠠᠶᠠᠭ᠎ᠠ︾᠎ ᠨᠢ ᠪᠦᠬᠦ ᠤᠯᠤᠰ ᠤᠨ ︽5 ·  1︾ ᠢᠨᠵᠧᠨᠧᠷᠢᠩ ᠤᠨ ᠱᠠᠩᠨᠠᠯ ᠬᠦᠷᠳᠡᠪᠡ᠃            1997 ᠤᠨ ᠳᠤ ᠲᠠᠭᠤᠯᠠᠯᠳᠤ ᠵᠦᠴᠤᠭᠡ ︽ᠤᠷᠳᠤᠰ ᠤᠨ ᠬᠠᠶᠢᠷ᠎ᠠ︾᠎ ᠨᠢ ᠦᠪᠦᠷ ᠮᠤᠩᠭᠤᠯ ᠤᠨ ︽5 · 1︾  ᠢᠨᠵᠧᠨᠧᠷᠢᠩ ᠤᠨ ᠱᠠᠩᠨᠠᠯ ᠬᠦᠷᠳᠡᠪᠡ᠃            2001 ᠤᠨ ᠳᠤ ︽ᠤᠷᠳᠤᠰ ᠠᠷᠠᠳ ᠤᠨ ᠲᠠᠭᠤᠤ︾ ︵ᠲᠡᠭᠡᠳᠤ ᠲᠤᠮᠳᠠᠳᠤ ᠲᠤᠤᠷᠠᠳᠤ︶ ᠨᠤᠮ ᠢᠶᠠᠨ ᠦᠨᠳᠦᠰᠦᠳᠡᠨ ᠤ  ᠬᠡᠪᠯᠡᠯ ᠤᠨ ᠬᠤᠷᠢᠶᠠᠨ ᠳᠤ ᠬᠡᠪᠯᠡᠬᠦᠯᠪᠡ᠃            2007 ᠤᠨ ᠳᠤ ᠵᠤᠬᠢᠶᠠᠯ ᠤᠨ ᠲᠠᠭᠤᠤ ᠶᠢᠨ ᠲᠡᠬᠦᠪᠦᠷᠢ ᠪᠤᠯᠬᠤ ︽ᠮᠠᠰᠢᠵᠢᠷᠭᠠᠯ ᠤᠨ ᠲᠠᠭᠤᠤ ᠶᠢᠨ ᠲᠡᠬᠦᠪᠦᠷᠢ︾᠎ ᠪᠠᠨ ᠦᠪᠦᠷ  ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠳᠤ ᠬᠡᠪᠯᠡᠬᠦᠯᠪᠠ᠃            2009 ᠤᠨ ᠳᠤ ︽ᠮᠠᠨᠢ ᠶᠢᠨ ᠮᠠᠬᠳᠠᠭᠠᠯ · ᠬᠦᠷᠦ ᠲᠠᠭᠤᠯᠠᠯ︾᠎ ᠢᠶᠠᠨ ᠦᠪᠦᠷ ᠮᠤᠩᠭᠤᠯ ᠤᠨ ᠠᠷᠠᠳ ᠤᠨ ᠬᠡᠪᠯᠡᠯ ᠤᠨ  ᠬᠤᠷᠢᠶᠠᠨ ᠳᠤ ᠬᠡᠪᠯᠡᠬᠦᠯᠪᠡ᠃            ︽ᠤᠷᠳᠤᠰ ᠠᠷᠠᠳ ᠤᠨ ᠲᠠᠭᠤᠤ ᠶᠢᠨ ᠵᠤᠬᠢᠶᠠᠬᠴᠢᠳ ᠤᠨ ᠠᠩᠬᠠᠨ︾ ᠬᠡᠬᠦ ᠨᠤᠮ ᠤᠨ ᠠᠩᠬᠠᠨ ᠤ ᠨᠤᠤᠷᠠᠭ ᠢᠶᠠᠨ ᠵᠠᠰᠠᠭᠠᠳ ︵  180 ᠭᠠᠷᠤᠢ ᠲᠠᠭᠤᠤ ᠶᠢ ᠬᠠᠮᠤᠷᠴᠠᠢ︶ ᠤᠳᠠᠯ ᠦᠭᠡᠢ ᠬᠡᠪᠯᠡᠭᠦᠯᠤᠨ᠎ᠠ᠃ 
20220915-1.jpg   
         ᠤᠷᠳᠤᠰ ᠨᠤᠳᠤᠭ ᠪᠤᠯ ᠲᠠᠭᠤᠤ ᠶᠢᠨ ᠲᠠᠯᠠᠢ᠂ ᠪᠦᠵᠢᠭ ᠤᠨ ᠦᠯᠦᠬᠡᠢ ᠬᠡᠮᠡᠭᠳᠡᠭᠰᠡᠨ ᠦᠨᠳᠦᠷ ᠵᠢᠩᠳᠠᠭᠠᠨ ᠤ ᠦᠨᠡᠯᠡᠯᠳᠡ ᠪᠠᠷ ᠬᠤᠯᠠ  ᠦᠢᠷ᠎ᠠ ᠳᠠᠭᠠᠨ ᠠᠯᠳᠡᠷᠳᠡᠢ᠃ ᠤᠷᠳᠤᠰ ᠠᠷᠠᠳ ᠤᠨ ᠲᠠᠭᠤᠤ ᠨᠢ ᠰᠢᠷᠬᠢᠰᠢ ᠦᠬᠡᠢ ᠲᠠᠯᠡᠢ ᠮᠠᠳᠤ ᠴᠠᠯᠬᠢᠯᠠᠵᠦ ︽ᠲᠠᠭᠤᠤ ᠶᠢᠨ ᠲᠠᠬᠢᠨᠢ︾  ᠡᠨᠡ ᠨᠤᠳᠤᠭ ᠲᠤ ᠤᠯᠠᠨ ᠰᠠᠶᠢᠬᠠᠨ ᠲᠠᠭᠤᠤ ᠶᠢ ᠲᠡᠯᠬᠡᠷᠡᠬᠦᠯᠵᠦ ᠠᠷᠠᠳ ᠲᠦᠮᠡᠨ ᠤ ᠲᠤᠮᠳᠠ ᠦᠯᠡᠳᠡᠬᠡᠭᠰᠡᠨ ᠲᠤᠬᠠᠢ ᠲᠤᠮᠤᠭ ᠶᠠᠷᠢᠶ᠎ᠠ ᠴᠤ  ᠪᠠᠶᠢᠳᠠᠭ ᠪᠢᠯᠡ᠃            ᠢᠨᠵᠨᠨᠨᠡᠰᠢ᠂ ᠭᠤᠷᠺᠢ᠂ ᠡ᠊ᠡᠭᠭᠧᠯᠰ ᠵᠡᠷᠬᠡ ᠡᠷᠳᠡᠮᠳᠡᠨ ᠮᠡᠷᠬᠡᠳ᠄ ︽ᠠᠷᠠᠳ ᠤᠨ ᠲᠠᠭᠤᠤ ᠪᠤᠯ ᠠᠷᠠᠳ ᠲᠦᠮᠡᠨ ᠤ ᠰᠡᠳᠬᠢᠴᠠ ᠶᠢ  ᠲᠦᠯᠦᠬᠡᠯᠡᠭᠰᠡᠨ ᠪᠦᠳᠦᠬᠡᠯ︾ ᠬᠡᠵᠦ ᠦᠵᠡᠵᠡᠬᠡᠳᠡᠭ᠃ ᠰᠡᠳᠬᠢᠴᠠ ᠶᠢ ᠲᠦᠯᠦᠬᠡᠯᠡᠬᠦ ᠬᠡᠳᠡᠭ ᠪᠤᠯ ᠠᠷᠠᠳ ᠲᠦᠮᠡᠨ ᠤ ᠰᠠᠨᠠᠭ᠎ᠠ ᠰᠡᠳᠬᠢᠯ ᠤᠨ  ᠢᠯᠡᠷᠬᠡᠶᠢᠯᠡᠯ ᠮᠦᠨ ᠬᠡᠰᠡᠨ ᠦᠬᠡ ᠪᠢᠯᠡ᠃ ᠤᠷᠳᠤᠰ ᠠᠷᠠᠳ ᠤᠨ ᠲᠠᠭᠤᠤ ᠶᠢᠨ ᠠᠮᠢᠳᠤ ᠪᠤᠷᠬᠠᠨ ᠬᠡᠮᠡᠭᠳᠡᠭᠰᠡᠨ ᠮᠠᠰᠢᠵᠢᠷᠭᠠᠯ ᠪᠠᠭᠰᠢ ᠮᠠᠨᠢ᠄  ︽ᠠᠷᠠᠳ ᠤᠨ ᠲᠠᠭᠤᠤ ᠶᠢ ᠠᠷᠠᠳ ᠲᠦᠮᠡᠨ ᠲᠠᠭᠤᠯᠠᠳᠠᠭ ᠪᠤᠯᠬᠤᠷ ᠢᠶᠠᠨ ᠠᠷᠠᠳ ᠤᠨ ᠲᠠᠭᠤᠤ ᠬᠡᠮᠡᠨ ᠲᠠᠩ ᠴᠤᠯᠭᠤᠢ ᠪᠠᠷ ᠦᠵᠡᠵᠦ ᠪᠤᠯᠬᠤ  ᠪᠢᠰᠢ᠂ ᠬᠠᠷᠢᠨ ᠠᠷᠠᠳ ᠲᠦᠮᠡᠨ ᠲᠠᠶᠠᠭᠠᠷ ᠢᠶᠠᠨ ᠤᠯᠠᠨ ᠵᠢᠯ ᠤᠨ ᠲᠤᠷᠰᠢ ᠵᠠᠰᠠᠯᠳᠡ ᠨᠡᠮᠡᠯᠳᠠ ᠤᠷᠤᠭᠤᠯᠤᠬᠰᠠᠨ ᠢᠶᠠᠷ ᠠᠷᠠᠳ ᠤᠨ ᠲᠠᠭᠤᠤ  ᠬᠡᠮᠡᠨ ᠦᠵᠡᠬᠦ ᠪᠤᠯ ᠵᠦᠢᠳᠡᠢ︾ ᠬᠡᠵᠦ ᠦᠨᠡᠯᠡᠵᠦ ᠬᠡᠯᠡᠭᠰᠡᠨ ᠪᠢᠯᠡ᠃
20220915-2.jpg     
       ᠠᠷᠠᠳ ᠤᠨ ᠲᠠᠭᠤᠤ ᠪᠠᠨ ᠵᠦᠪ ᠲᠠᠨᠢᠬᠤᠢ            ᠠᠷᠠᠳ ᠤᠨ ᠲᠠᠭᠤᠤ ᠨᠢ ᠪᠤᠰᠤᠳ ᠵᠤᠬᠢᠶᠠᠯ ᠤᠨ ᠲᠠᠭᠤᠤ ᠠᠴᠠ ᠤᠨᠴᠠᠭᠠᠢ ᠦᠪᠡᠷᠮᠢᠴᠠ ᠬᠡᠪ ᠨᠠᠮᠪᠠ ᠲᠠᠢ᠃ ︽ᠬᠡᠳᠦᠨ ᠵᠠᠭᠤᠨ  ᠵᠢᠯ ᠤᠨ ᠲᠤᠷᠰᠢ ᠲᠠᠮᠵᠢᠬᠳᠠᠵᠦ ᠤᠳᠤ ᠪᠤᠯᠳᠠᠯ᠎ᠠ ᠲᠠᠭᠤᠯᠠᠬᠳᠠᠵᠦ ᠪᠠᠶᠢᠬᠤ ᠠᠷᠠᠳ ᠤᠨ ᠲᠠᠭᠤᠤ ᠨᠢ ᠠᠷᠠᠳ ᠲᠦᠮᠡᠨ ᠤ ᠰᠡᠳᠬᠢᠯ ᠢ  ᠲᠦᠯᠦᠬᠡᠯᠡᠭᠰᠡᠨ᠂ ᠠᠷᠠᠳ ᠲᠦᠮᠡᠨ ᠤ ᠮᠦᠨ ᠪᠡᠶ᠎ᠠ᠂ ᠦᠨᠡᠨ ᠴᠢᠨᠠᠷ ᠢ ᠢᠯᠡᠷᠡᠬᠦᠯᠦᠭᠰᠡᠨ ᠵᠤᠬᠢᠶᠠᠯ ᠪᠦᠳᠦᠬᠡᠯ ᠪᠠᠶᠢᠬᠰᠠᠨ ᠪᠢᠯᠡ᠃ ᠬᠦᠮᠦᠨ ᠤ  ᠪᠡᠶ᠎ᠠ ᠶᠢᠨ ᠲᠠᠪᠤᠨ ᠴᠤᠯᠤ ᠵᠢᠷᠭᠤᠭᠠᠨ ᠰᠠᠪᠠ ᠲᠠᠢ ᠠᠳᠠᠯᠢᠬᠠᠨ ᠠᠷᠠᠳ ᠤᠨ ᠲᠠᠭᠤᠤ ᠨᠢᠬᠡ ᠪᠦᠷᠢ ᠨᠢ ᠲᠤᠰ ᠪᠦᠷᠢ ᠶᠠᠮᠠᠷ ᠶᠠᠮᠠᠷ  ᠤᠨᠴᠠᠯᠢᠭ ᠲᠠᠢ᠂ ᠶᠠᠮᠠᠷ ᠦᠯᠢᠬᠡᠷ ᠲᠡᠤᠬᠡ ᠲᠠᠢ ᠪᠤᠯ ᠬᠡᠬᠦ ᠮᠡᠳᠤ ᠪᠠᠷ ᠨᠠᠷᠢᠨ ᠰᠤᠳᠤᠯᠭᠠᠨ ᠬᠢᠪᠡᠯ ᠲᠠᠭᠤᠤ ᠶᠢᠨ ᠲᠠᠯᠠᠢ᠂ ᠪᠦᠵᠢᠭ ᠤᠨ  ᠦᠯᠦᠬᠡᠢ ᠪᠠᠨ ᠵᠦᠪ ᠦᠢᠯᠠᠭᠠᠵᠦ᠂ ᠠᠷᠠᠳ ᠤᠨ ᠲᠠᠭᠤᠤ ᠳᠠᠭᠠᠨ ᠵᠦᠪ ᠦᠨᠡᠯᠡᠯᠳᠠ ᠦᠭᠴᠤ ᠴᠢᠳᠠᠨ᠎ᠠ︾ ᠬᠡᠵᠦ ᠮᠠᠰᠢᠵᠢᠷᠭᠠᠯ ᠪᠠᠭᠰᠢ  ᠤᠨᠤᠯ ᠤᠨ ᠲᠦᠪᠰᠢᠨ ᠠᠴᠠ ᠦᠨᠡᠯᠡᠨ ᠶᠠᠷᠢᠨ᠎ᠠ᠃ 
20220915-3.jpg
      ᠤᠳᠤ ᠦᠶ᠎ᠠ ᠪᠤᠯ ᠠᠷᠠᠳ ᠤᠨ ᠲᠠᠭᠤᠤ ᠶᠢ ᠦᠨᠡᠯᠡᠵᠦ ᠰᠤᠳᠤᠯᠵᠦ ᠪᠠᠶᠢᠬᠤ ᠴᠤᠬᠤᠮ ᠰᠠᠶᠢᠬᠠᠨ ᠴᠠᠭ ᠦᠶ᠎ᠠ ᠮᠦᠨ᠃ ᠠᠷᠠᠳ ᠤᠨ  ᠲᠠᠭᠤᠤ ᠶᠢᠨ ᠡᠷᠬᠡ ᠴᠢᠯᠦᠬᠡ ᠶᠢ ᠦᠪᠡᠷ ᠢᠶᠠᠨ ᠦᠨᠡᠨ ᠬᠦ ᠡᠳ᠋ᠯᠡᠵᠦ᠂ ᠶᠠᠭᠠᠬᠢᠵᠦ ᠰᠤᠳᠤᠯᠬᠤ᠂ ᠬᠡᠷᠬᠢᠨ ᠲᠠᠭᠤᠯᠠᠬᠤ᠂ ᠶᠠᠮᠠᠷ ᠵᠠᠰᠠᠪᠤᠷᠢ  ᠤᠷᠤᠭᠤᠯᠬᠤ᠂ ᠰᠤᠷᠭᠠᠭᠤᠯᠢ ᠶᠢᠨ ᠬᠡᠤᠬᠡᠳ ᠲᠤ ᠬᠦᠷᠳᠡᠯ᠎ᠠ ᠤᠯᠠᠮᠵᠢᠯᠠᠵᠦ ᠵᠢᠭᠠᠵᠤ ᠪᠠᠶᠢᠬᠤ ᠰᠠᠶᠢᠬᠠᠨ ᠴᠠᠭ ᠦᠶ᠎ᠠ ᠪᠢᠯᠡ᠃            ᠤᠷᠳᠤᠰ ᠠᠷᠠᠳ ᠤᠨ ᠲᠠᠭᠤᠤ ᠶᠢᠨ ᠰᠤᠳᠤᠯᠭᠠᠳᠠᠨ ᠮᠠᠰᠢᠵᠢᠷᠭᠠᠯ ᠪᠠᠭᠰᠢ ᠠᠷᠠᠳ ᠤᠨ ᠲᠠᠭᠤᠤ ᠶᠢᠨ ᠵᠠᠷᠢᠮ ᠦᠵᠡᠭᠳᠡᠯ ᠢᠶᠠᠷ ᠢᠷᠡᠵᠦ  ᠮᠦᠨ ᠴᠢᠨᠠᠷ ᠢ ᠲᠠᠨᠢᠨ ᠵᠠᠳᠠᠯᠵᠦ᠂ ᠠᠷᠠᠳ ᠤᠨ ᠲᠠᠭᠤᠤ ᠪᠠᠨ ᠵᠦᠪ ᠲᠠᠨᠢᠵᠦ᠂ ᠵᠦᠪ ᠦᠢᠯᠠᠭᠠᠵᠦ᠂ ᠵᠦᠪ ᠤᠯᠠᠮᠵᠢᠯᠠᠵᠦ᠂ ᠵᠦᠪ ᠦᠨᠡᠯᠡᠵᠦ᠂ ᠦᠯᠢᠬᠡᠷ ᠲᠡᠤᠬᠡ ᠶᠢ ᠨᠢ ᠵᠦᠪ ᠶᠠᠷᠢᠬᠤ ᠴᠢᠬᠤᠯᠠᠳᠡᠢ ᠬᠡᠮᠡᠨ ᠰᠤᠷᠭᠠᠮᠵᠢᠯᠡᠵᠦ ᠪᠠᠶᠢᠨ᠎ᠠ᠃            ᠨᠢᠬᠡ ᠳᠤ᠂ ᠠᠷᠠᠳ ᠤᠨ ᠲᠠᠭᠤᠤ ᠶᠢᠨ ᠤᠭ ᠢᠵᠠᠭᠤᠷ ᠢ ᠬᠠᠶᠢᠵᠦ ᠮᠦᠷᠳᠡᠵᠦ ᠦᠵᠡᠪᠡᠯ᠂ ᠠᠷᠠᠳ ᠤᠨ ᠲᠠᠭᠤᠤ ᠶᠢ ᠤᠵᠤᠭᠤᠷ ᠲᠤ  ᠬᠤᠷᠢᠮ ᠨᠠᠶᠢᠷ ᠲᠡᠭᠡᠷ᠎ᠠ ᠲᠠᠶᠠᠭᠠᠷ ᠲᠠᠭᠤᠯᠠᠳᠠᠭ ᠪᠠᠶᠢᠵᠡᠢ᠃ ᠦᠨᠦᠳᠦᠷ ᠤᠨ ᠬᠢ ᠰᠢᠭ ᠲᠤᠰᠬᠠᠢ ᠬᠦᠭᠵᠢᠮ ᠲᠤᠬᠢᠷᠠᠭᠤᠯᠵᠦ᠂ ᠲᠤᠰᠬᠠᠢ  ᠲᠠᠭᠤᠴᠢᠨ ᠲᠠᠭᠤᠯᠠᠵᠦ ᠪᠠᠶᠢᠬᠰᠠᠨ ᠪᠢᠰᠢ᠂ ᠬᠠᠷᠢᠨ ᠪᠠᠶᠢᠬᠰᠠᠨ ᠬᠦᠭᠵᠢᠮ ᠤᠳ ᠢᠶᠠᠷ ᠬᠠᠪᠰᠤᠷᠤᠭᠤᠯᠤᠭᠠᠳ ᠠᠷᠠᠳ ᠤᠨ ᠨᠠᠶᠢᠷ ᠡᠬᠦᠰᠬᠡᠳᠡᠭ  ᠪᠠᠶᠢᠵᠡᠢ᠃ ᠤᠳᠤ ᠶᠢᠨ ᠲᠤᠰᠬᠠᠢ ᠲᠠᠭᠤᠴᠢᠨ ᠢᠶᠠᠷ ᠲᠠᠭᠤᠯᠠᠭᠤᠯᠳᠠᠭ ᠠᠷᠠᠳ ᠤᠨ ᠨᠠᠶᠢᠷ ᠨᠢ ᠬᠡᠷᠡᠭ ᠲᠡᠭᠡᠷ᠎ᠠ ᠪᠠᠨ ᠠᠷᠠᠳ ᠤᠨ ᠲᠠᠭᠤᠤ ᠶᠢᠨ  ᠨᠠᠶᠢᠳᠠ ᠪᠠᠷ ᠲᠠᠭᠤᠯᠠᠳᠠᠭ ᠬᠡᠯᠪᠡᠷᠢ ᠳᠤ ᠠᠶᠤᠯ ᠪᠤᠯᠵᠦ ᠪᠠᠶᠢᠭ᠎ᠠ ᠶᠤᠮ ᠰᠠᠨᠵᠡᠢ᠃ ᠠᠷᠠᠳ ᠤᠨ ᠲᠠᠭᠤᠤ ᠪᠠᠨ ᠵᠢᠩᠬᠢᠨᠢ ᠪᠠᠷ ᠲᠠᠭᠤᠯᠠᠳᠠᠭ  ᠬᠤᠷᠢᠮ ᠨᠠᠶᠢᠷ ᠤᠨ ᠲᠠᠯᠠᠪᠠᠢ ᠲᠡᠬᠡᠷ᠎ᠠ ᠬᠦᠳᠦᠯᠦᠭᠴᠢ ᠠᠴᠠ ᠨᠡᠷᠡᠳᠤ ᠲᠠᠭᠤᠴᠢᠨ ᠢᠶᠠᠨ ᠲᠠᠨᠢᠯᠴᠠᠭᠤᠯᠤᠭᠠᠳ ᠲᠠᠭᠤᠯᠠᠭᠤᠯᠬᠤ ᠳᠤ᠂ ᠵᠠᠷᠢᠮ ᠨᠢ  ᠵᠤᠬᠢᠶᠠᠮᠠᠯ ᠲᠠᠭᠤᠤ ᠪᠠᠨ ᠲᠠᠭᠤᠯᠠᠵᠦ ᠪᠠᠶᠢᠳᠠᠭ ᠢ ᠴᠤ ᠪᠢᠳᠠ ᠡᠳᠦᠷ ᠪᠦᠷᠢ ᠬᠠᠷᠠᠵᠦ ᠪᠠᠶᠢᠭ᠎ᠠ ᠬᠡᠯᠳᠡᠢ᠃ 
20220915-4.jpg
20220915-5.jpg
      ᠬᠤᠶᠠᠷ ᠲᠤ᠂ ᠵᠠᠯᠭᠠᠮᠵᠢᠯᠠᠬᠴᠢ ᠴᠦᠬᠡᠷᠡᠵᠦ ᠪᠠᠶᠢᠬᠤ ᠪᠤᠶᠤ ᠦᠶ᠎ᠠ ᠲᠠᠰᠤᠷᠠᠬᠤ ᠪᠤᠯᠤᠮᠵᠢ ᠲᠠᠢ᠃ ᠤᠯᠠᠮᠵᠢᠯᠠᠯᠳᠤ ᠰᠤᠶᠤᠯ ᠳᠠᠭᠠᠨ  ᠤᠬᠠᠮᠰᠠᠷ ᠠᠴᠠ ᠪᠠᠨ ᠡᠬᠦᠰᠦᠭᠰᠡᠨ ᠰᠠᠬᠢᠯᠭ᠎ᠠ ᠪᠠᠳᠤᠴᠢ ᠴᠢᠨᠠᠷ ᠲᠠᠢ᠂ ᠲᠠᠭᠤᠤ ᠶᠢᠨ ᠦᠯᠢᠬᠡᠷ ᠤᠴᠢᠷ ᠢ ᠦᠢᠯᠠᠭᠠᠳᠠᠭ ᠠᠷᠠᠳ ᠤᠨ  ᠲᠠᠭᠤᠤ ᠶᠢᠨ ᠦᠨᠡᠨ ᠬᠦ ᠵᠠᠯᠭᠠᠮᠵᠢᠯᠠᠬᠴᠢ ᠴᠦᠬᠡᠷᠡᠵᠦ ᠪᠤᠢ᠃ ᠠᠬᠠᠮᠠᠳ ᠪᠤᠭᠤᠷᠤᠯ ᠨᠠᠰᠤᠳᠠᠨ ᠤ ᠠᠮᠠ ᠪᠠᠷ ᠤᠯᠠᠮᠵᠢᠯᠠᠵᠦ ᠢᠷᠡᠭᠰᠡᠨ  ᠠᠷᠠᠳ ᠤᠨ ᠲᠠᠭᠤᠤ ᠮᠠᠨᠢ ᠵᠠᠯᠠᠭᠤ ᠦᠶ᠎ᠠ ᠶᠢᠨ ᠬᠢᠨ ᠤ ᠪᠡᠶ᠎ᠠ ᠲᠡᠭᠡᠷ᠎ᠠ ᠦᠶ᠎ᠠ ᠲᠠᠰᠤᠷᠠᠬᠤ ᠪᠤᠯᠤᠮᠵᠢ ᠢᠯᠡᠷᠡᠵᠦ᠂ ᠠᠷᠠᠳ ᠤᠨ ᠲᠠᠭᠤᠤ ᠪᠠᠨ  ᠤᠯᠠᠮᠵᠢᠯᠠᠨ ᠵᠠᠯᠭᠠᠮᠵᠢᠯᠠᠬᠤ ᠶᠠᠪᠤᠳᠠᠯ ᠵᠠᠯᠠᠭᠤ ᠨᠢᠬᠡ ᠦᠶ᠎ᠠ ᠶᠢᠨ ᠬᠢᠨ ᠤ ᠮᠦᠷᠦᠨ ᠲᠡᠭᠡᠷ᠎ᠠ ᠪᠠᠴᠢᠮ ᠲᠤᠯᠭᠠᠷᠠᠵᠦ ᠪᠤᠢ᠃ ᠭᠠᠳᠠᠭᠠᠳᠤ ᠶᠢᠨ ᠬᠢᠨ ᠄ ︽ᠪᠢᠳᠠ ᠰᠤᠷᠤᠭᠠᠳ ᠪᠠᠷᠠᠬᠤ ᠦᠬᠡᠢ᠂ ᠪᠠᠭ᠋ᠠᠷᠬᠠᠭᠠᠳ ᠪᠠᠷᠠᠬᠤ ᠦᠬᠡᠢ᠂ ᠬᠦᠬᠡᠬᠡᠳ ᠬᠦᠢᠴᠡᠬᠦ ᠦᠬᠡᠢ ᠵᠦᠢᠯ ᠢ ᠲᠠ ᠨᠠᠷ ᠶᠠᠭᠠᠬᠢᠭᠠᠳ  ᠤᠷᠬᠢᠴᠢᠬᠠᠳᠠᠭ ᠪᠢᠯᠡ︖︾ ᠬᠡᠵᠦ ᠰᠢᠬᠦᠮᠵᠢᠯᠡᠯ ᠲᠠᠯᠪᠢᠵᠦ ᠪᠠᠶᠢᠬᠰᠠᠨ ᠢ ᠪᠢᠳᠠ ᠪᠤᠳᠤᠯᠳᠡᠢ᠃ ︽ᠠᠶᠢᠯ ᠠᠴᠠ ᠪᠠᠨ ᠡᠷᠢᠬᠦ ᠪᠠᠷ  ᠠᠪᠳᠠᠷ᠎ᠠ ᠠᠴᠠ ᠪᠠᠨ ᠡᠷᠢ︾ ᠭᠡᠳᠡᠭᠴᠢᠯᠡᠨ ᠬᠤᠭᠤᠷ ᠱᠠᠨᠵᠨ ᠶᠠᠳᠤᠭ᠎ᠠ ᠶᠠᠩᠴᠢᠨ ᠬᠠᠵᠠᠭᠤ ᠳᠤ ᠮᠢᠨᠢ ᠪᠠᠶᠢᠭ᠎ᠠ ᠴᠤ ᠭᠠᠳᠠᠭᠠᠳᠤ ᠶᠢᠨ  ᠪᠦᠷᠢᠶ᠎ᠠ ᠶᠢ ᠰᠤᠨᠢᠷᠬᠠᠵᠦ ᠦᠯᠢᠶᠡᠵᠦ ᠪᠠᠶᠢᠭ᠎ᠠ ᠶᠠᠪᠤᠳᠠᠯ ᠲᠠᠩᠳᠠ ᠬᠠᠷᠠᠬᠳᠠᠨ᠎ᠠ᠃ ᠰᠢᠨᠵᠢᠶᠠᠩ ᠢᠶᠠᠷ ᠵᠢᠱᠢᠶᠠᠯᠠᠵᠦ ᠶᠠᠷᠢᠬᠤ ᠳᠤ᠂  ᠰᠢᠨᠵᠢᠶᠠᠩ ᠤᠨ ᠤᠷᠠᠯᠢᠭ ᠤᠨ ᠪᠦᠯᠬᠦᠮ ᠤᠨ ᠬᠢᠨ ᠲᠦᠮᠪᠦᠷᠠ ᠪᠠᠨ ᠠᠯᠢ ᠴᠤ ᠲᠤᠬᠯᠠᠯᠳᠠ ᠳᠤ ᠠᠯᠳᠠᠬᠤ ᠦᠬᠡᠢ ᠲᠤᠬᠯᠠᠳᠠᠭ ᠢᠶᠠᠷ  ᠦᠵᠡᠭᠴᠢᠳ ᠶᠡᠭᠡ ᠪᠠᠷ ᠪᠠᠭ᠋ᠠᠷᠬᠠᠳᠠᠭ᠃ ᠡᠨᠡᠳᠬᠡᠭ ᠤᠯᠤᠰ ᠤᠨ ᠺᠢᠨᠣ᠋ ᠪᠤᠯ ᠡᠬᠢᠨ ᠠᠴᠠ ᠨᠢ ᠲᠠᠭᠤᠰᠳᠠᠯ᠎ᠠ ᠦᠪᠡᠷ ᠤᠨ ᠭᠠᠵᠠᠷ ᠤᠷᠤᠨ ᠤ  ᠤᠨᠴᠠᠯᠢᠭ ᠲᠠᠢ ᠲᠠᠭᠤᠤ ᠶᠢᠨ ᠡᠯᠧᠮᠧᠨ᠋ᠲ ᠢᠶᠠᠨ ᠠᠭᠤᠰᠬᠠᠵᠦ ᠤᠷᠤᠭᠤᠯᠤᠬᠰᠠᠨ ᠢᠶᠠᠷ ᠢᠶᠠᠨ ᠭᠠᠳᠠᠭᠠᠳᠤ ᠲᠤᠳᠤᠭᠠᠳᠤ ᠶᠢᠨ ᠬᠢᠨ ᠳᠤ ᠶᠡᠭᠡ ᠪᠠᠷ  ᠬᠦᠷᠢᠶᠡᠯᠡᠭᠳᠡᠳᠡᠭ ᠠᠵᠢ᠃            ᠭᠤᠷᠪᠠ ᠳᠤ᠂ ᠠᠷᠠᠳ ᠤᠨ ᠲᠠᠭᠤᠤ ᠳᠤ ᠨᠠᠮᠠᠯᠳᠠ ᠬᠠᠰᠤᠯᠳᠠ ᠤᠷᠤᠳᠠᠭ ᠪᠤᠯᠤᠯ᠎ᠠ᠃ ︽ᠰᠠᠨᠵᠢᠳᠮ᠎ᠠ︾ ᠬᠡᠬᠦ ᠲᠠᠭᠤᠤ ᠳᠤ ᠶᠠᠩᠵᠤ  ᠪᠦᠷᠢ ᠶᠢᠨ ᠠᠶᠢᠵᠠᠮ ᠨᠤᠭᠤᠯᠪᠤᠷᠢ ᠲᠠᠢ ᠬᠤᠪᠢᠯᠪᠤᠷᠢ ᠭᠠᠷᠴᠤ ᠪᠤᠢ᠃ ︽︿ᠤᠷᠳᠤᠰ ᠮᠤᠩᠭᠤᠯ﹀ ᠬᠡᠮᠡᠬᠦ ᠠᠷᠠᠳ ᠤᠨ ᠲᠠᠭᠤᠤ ᠮᠠᠨᠢ  ᠠᠷᠠᠳ ᠤᠨ ᠲᠤᠮᠳᠠ ᠪᠠᠨ ᠶᠠᠩᠵᠤ ᠪᠦᠷᠢ ᠪᠠᠷ ᠲᠠᠭᠤᠯᠠᠬᠳᠠᠳᠠᠭ ᠪᠤᠯᠵᠡᠢ᠃ ᠷᠠᠳᠢᠣ᠋ ᠠᠴᠠ ᠰᠤᠨᠤᠰᠤᠭᠠᠳ ᠪᠠᠶᠢᠬᠤᠯᠠᠷ ︿ᠮᠠᠨᠳᠤᠵᠤ ᠭᠠᠷᠬᠤ  — ᠨᠢᠬᠡ ᠦᠶ᠎ᠠ ᠶᠢ ᠬᠤᠶᠠᠷ ᠦᠶ᠎ᠠ ᠪᠤᠯᠭᠠᠨ ᠲᠠᠭᠤᠯᠠᠵᠦ ᠪᠠᠶᠢᠬᠤ﹀᠂ ︿ᠤᠬᠠᠭᠠᠨ ᠨᠢ ᠲᠤᠩᠭᠠᠯᠠᠭ — ᠰᠤ᠋ ᠶᠢ ᠯᠠ ᠪᠤᠯᠭᠠᠨ  ᠲᠠᠭᠤᠯᠠᠵᠦ ᠪᠠᠶᠢᠬᠤ﹀᠎ ᠨᠢ ᠴᠢᠬᠢᠨ ᠳᠤ ᠰᠤᠨᠤᠰᠪᠤᠷᠢ ᠮᠠᠭᠤᠳᠡᠢ ᠪᠠᠶᠢᠨ᠎ᠠ︾ ᠬᠡᠵᠦ ᠮᠠᠰᠢᠵᠢᠷᠭᠠᠯ ᠭᠤᠸᠡᠢ ᠰᠢᠬᠦᠮᠵᠢᠯᠡᠯ ᠲᠠᠢ ᠴᠢᠩᠭ᠎ᠠ ᠶᠠᠷᠢᠵᠦ  ᠪᠠᠶᠢᠯ᠎ᠠ᠃            — ᠨᠢᠭᠡᠨ ᠤᠳᠠᠭ᠎ᠠ ᠲᠠᠭᠤᠴᠢᠨ ᠵᠢᠬᠠᠤᠸᠠᠷ ᠲᠠᠢ ᠵᠤᠭᠤᠬᠳᠠᠬᠤ ᠵᠠᠭᠤᠷ᠎ᠠ ᠲᠡᠷᠡ ᠨᠠᠳᠠ ᠳᠤ᠄ ︽ᠶᠠᠫᠤᠨ ᠤᠯᠤᠰ ᠲᠤ ᠠᠷᠠᠳ ᠤᠨ  ᠲᠠᠭᠤᠤ ᠶᠢ ᠲᠤᠰᠬᠠᠢ ᠤᠯᠠᠮᠵᠢᠯᠠᠬᠤ ᠬᠦᠮᠦᠨ ᠲᠠᠢ ᠪᠦᠭᠡᠳ ᠬᠡᠵᠢᠶᠠᠳᠡ ᠲᠡᠷᠡ ᠲᠠᠭᠤᠤ ᠪᠠᠨ ᠪᠠᠷᠢᠮᠳᠠᠯᠠᠨ ᠲᠠᠭᠤᠯᠠᠳᠠᠭ︾ ᠬᠡᠵᠤ ᠭᠡᠯᠡᠪᠡ᠃  ᠮᠠᠨ ᠤ ᠬᠢᠨ ᠤ ᠲᠤᠮᠳᠠ ᠵᠢᠷᠬᠢᠶ᠎ᠠ ᠬᠤᠯᠪᠤᠭ᠎ᠠ ᠪᠠᠷ ᠤᠯᠠᠮᠵᠢᠯᠠᠨ ᠵᠢᠭᠠᠵᠤ ᠪᠠᠶᠢᠬᠤ ᠰᠠᠶᠢᠬᠠᠨ ᠦᠵᠡᠭᠳᠡᠯ ᠢᠯᠡᠷᠡᠵᠦ ᠪᠠᠶᠢᠪᠠᠴᠤ ᠡᠨᠡ ᠨᠢ ᠡᠵᠡᠨ  ᠦᠬᠡᠢ ᠶᠠᠭᠤᠮ᠎ᠠ ᠪᠤᠯᠴᠢᠬᠠᠬᠤ ᠴᠤ ᠮᠠᠭᠠᠳ ᠦᠭᠡᠢ᠃ ᠵᠢᠱᠢᠶᠡᠯᠡᠪᠡᠯ᠂ ᠬᠡᠨ᠂ ᠠᠯᠢ ᠴᠠᠭ ᠠᠴᠠ ᠢᠡᠭᠬᠢᠵᠦ ᠤᠯᠠᠮᠵᠢᠯᠠᠵᠦ ᠢᠷᠡᠭᠰᠡᠨ ᠪᠤᠯ  ᠬᠡᠰᠡᠨ ᠠᠰᠠᠭᠤᠳᠠᠯ ᠢᠯᠡᠷᠡᠨ᠎ᠠ᠃ ᠢᠡᠭᠬᠢᠬᠦᠯᠡᠷ ᠠᠷᠠᠳ ᠤᠨ ᠲᠠᠭᠤᠤ ᠮᠠᠨᠢ ᠴᠠᠭ ᠦᠶ᠎ᠠ ᠶᠢᠨ ᠡᠷᠬᠡᠨ ᠳᠤ ᠦᠬᠡᠬᠦ ᠴᠤ ᠪᠢᠰᠢ ᠪᠤᠯᠴᠢᠷᠬᠠᠢ ᠴᠤ  ᠪᠢᠰᠢ ᠶᠠᠭᠤᠮ᠎ᠠ ᠪᠤᠯᠵᠦ ᠴᠤ ᠮᠡᠳᠡᠨ᠎ᠠ ᠭᠡᠪᠡ᠃            ︽ᠵᠢᠯᠤᠭᠤ ᠪᠠᠨ ᠵᠦᠪ ᠵᠠᠯᠠᠪᠠᠯ ᠵᠤᠷᠢᠬᠰᠠᠨ ᠵᠦᠭ ᠲᠡᠭᠡᠨ ᠬᠦᠷᠴᠤ ᠴᠢᠳᠠᠨ᠎ᠠ︾ ᠬᠡᠳᠡᠭᠴᠢᠯᠡᠨ ᠠᠷᠠᠳ ᠤᠨ ᠲᠠᠭᠤᠤ ᠶᠢᠨ ᠢᠶᠠᠨ  ᠵᠢᠯᠤᠭᠤ ᠪᠠᠨ ᠵᠦᠪ ᠲᠠᠳᠠᠵᠦ ᠦᠵᠡᠭᠳᠡᠯ ᠠᠴᠠ ᠦᠪᠡᠷ ᠢ ᠪᠠᠨ ᠵᠦᠪ ᠲᠠᠨᠢᠵᠤ ᠠᠪᠬᠤ ᠨᠢ ᠶᠠᠭᠤᠨ ᠠᠴᠠ ᠴᠤ ᠢᠯᠡᠬᠦᠦ ᠵᠦᠢᠳᠡᠢ ᠪᠢᠯᠡ᠃                  ᠤᠷᠳᠤᠰ ᠠᠷᠠᠳ ᠤᠨ ᠲᠠᠭᠤᠤ ᠶᠢᠨ                ᠬᠤᠪᠢᠷᠠᠯ ᠬᠦᠭᠵᠢᠯ ᠤᠨ ᠰᠢᠨᠵᠢᠯᠡᠭᠡᠨ           ᠨᠢᠬᠡ᠂ ︽ᠠᠯᠳᠠᠨ ᠬᠤᠨᠳᠠᠭ᠎ᠠ︾ ᠲᠠᠭᠤᠤ ᠶᠢᠨ ᠦᠯᠢᠬᠡᠷ           ᠮᠠᠰᠢᠵᠢᠷᠭᠠᠯ ᠭᠤᠸᠡᠢ ᠶᠢᠨ ᠬᠠᠭᠤᠴᠢᠯᠠᠬᠤ ᠪᠠᠷ᠂ ᠲᠡᠷᠡ ᠵᠢᠯ ︽ᠦᠨᠳᠦᠷ ᠮᠠᠩᠬᠠᠨ ᠰᠢᠯᠢ︾ ᠬᠡᠳᠡᠭ ᠲᠠᠭᠤᠤ ᠶᠢ ᠤᠳᠤᠬ  ᠬᠤᠰᠢᠭᠤᠨ ᠳᠠᠭᠠᠨ ᠠᠶᠢᠯᠴᠢᠯᠠᠵᠦ ᠢᠷᠡᠭᠰᠡᠨ ᠨᠠᠨᠵᠢᠩ ᠤᠨ ᠰᠡᠬᠡᠬᠡᠳᠠᠨ ︵1966 ᠤᠨ ᠳᠤ ᠤᠷᠳᠤᠰ ᠤᠨ ᠡᠯ᠎ᠠ ᠬᠤᠰᠢᠭᠤ ᠪᠠᠷ ᠢᠷᠡᠵᠦ  ᠬᠤᠪᠢᠶᠠᠬᠳᠠᠬᠰᠠᠨ ᠪᠠᠶᠢᠳᠠᠭ︶᠄            ︽ᠦᠨᠳᠦᠷ ᠮᠠᠩᠬᠠᠨ ᠰᠢᠯᠢ ᠲᠡᠭᠡᠷ᠎ᠠ             ᠰᠠᠶᠢᠯᠤᠷ ᠪᠠᠶᠢᠳᠤᠨ ᠰᠠᠢ            ᠡᠬᠦᠯᠡ ᠪᠤᠳᠠᠩ ᠲᠠᠳᠠᠨ ᠰᠠᠭᠤᠨ᠎ᠠ            ᠰᠠᠶᠢᠯᠤᠷ ᠪᠠᠶᠢᠳᠤᠨ ᠰᠠᠢ︾ ᠬᠡᠵᠦ ᠲᠠᠭᠤᠯᠠᠬᠤ ᠳᠤ᠂ ᠡᠨᠡ ᠲᠠᠭᠤᠤ ᠶᠢ ᠬᠡᠨ ᠠᠴᠠ ᠰᠤᠷᠪᠠ ᠬᠡᠵᠦ ᠠᠰᠠᠭᠤᠬᠤᠯᠠᠷ᠂ ᠪᠢᠳᠠ ᠤᠷᠳᠤᠰ  ᠨᠤᠳᠤᠭ ᠲᠤ ᠠᠩᠬ᠎ᠠ ᠢᠷᠡᠬᠡᠳ ᠰᠤᠷᠤᠬᠰᠠᠨ ᠬᠡᠵᠦ ᠬᠠᠷᠢᠭᠤᠯᠵᠡᠢ᠃ ᠡᠨᠡ ᠲᠠᠭᠤᠤ ᠳᠤ ᠮᠦᠨ ︽ᠬᠡᠤᠬᠡᠨ ᠦᠷ᠎ᠠ ᠮᠢᠨᠢ ᠬᠦᠮᠦᠨ ᠤ  ᠡᠬᠦᠳᠡᠨ ᠳᠤ ᠵᠠᠶᠠᠭᠠᠳᠡᠢ︾ ᠬᠡᠵᠦ ᠲᠠᠭᠤᠯᠠᠵᠦ ᠪᠠᠶᠢᠬᠤ ᠪᠤᠯᠪᠠᠴᠤ ︽ᠠᠯᠳᠠᠨ ᠬᠤᠨᠳᠠᠭ᠎ᠠ︾᠎ ᠲᠠᠢ ᠠᠳᠠᠯᠢᠳᠬᠠᠪᠠᠯ ᠲᠠᠭᠤᠤ ᠶᠢᠨ ᠦᠬᠡ  ᠠᠶᠠᠯᠭᠤ ᠨᠢ ᠶᠡᠭᠡ ᠤᠨᠳᠤᠤ᠂ ᠰᠢᠭᠤᠳᠬᠠᠨ ᠢᠶᠠᠷ ᠲᠠᠭᠤᠯᠠᠳᠠᠭ ᠰᠠᠶᠢᠬᠠᠨ ᠵᠤᠬᠢᠶᠠᠮᠵᠢ ᠲᠠᠢ ᠪᠠᠶᠢᠪᠠ᠃ ᠡᠬᠦᠨ ᠠᠴᠠ ᠪᠢᠳᠡ ᠠᠷᠠᠳ ᠤᠨ  ᠲᠠᠭᠤᠤ ᠦᠶ᠎ᠠ ᠦᠶ᠎ᠠ ᠬᠤᠪᠢᠷᠠᠵᠦ ᠪᠠᠶᠢᠳᠠᠭ ᠢ ᠤᠬᠠᠭᠠᠷᠠᠨ ᠮᠡᠳᠡᠯ᠎ᠠ᠃ ᠪᠠᠰᠠ ᠨᠢᠬᠡᠨ ᠵᠢᠱᠢᠶ᠎ᠠ ᠬᠡᠪᠡᠯ ᠂ ᠠ᠊ · ᠮᠤᠳ᠋ᠰᠧᠷᠲ ᠤᠨ  ᠬᠡᠪᠯᠡᠬᠦᠯᠦᠭᠰᠡᠨ ᠨᠤᠮ ᠲᠤᠳᠤᠷᠠᠬᠢ 35 ᠠᠷᠠᠳ ᠤᠨ ᠲᠠᠭᠤᠤ ᠶᠢ ᠡᠵᠡᠨ ᠲᠠᠢ ᠪᠤᠯᠭᠠᠵᠦ ︽ᠦᠤᠰᠢᠨ ᠠᠷᠠᠳ ᠤᠨ ᠲᠠᠭᠤᠤ ᠶᠢᠨ ᠪᠤᠳᠢ︾᠎ ᠳᠤ  ᠬᠠᠮᠤᠷᠴᠤ ᠤᠷᠤᠭᠤᠯᠵᠡᠢ᠃ 1993 ᠤᠨ ᠳᠤ ᠦᠤᠰᠢᠨᠵᠤᠤ ᠳᠤ ᠬᠦᠷᠴᠤ ᠰᠢᠩᠬᠡᠬᠡᠵᠦ ᠲᠡᠮᠳᠡᠭᠯᠡᠵᠦ ᠠᠪᠤᠬᠰᠠᠨ ᠯᠠᠮᠠ ᠶᠢᠨ ᠪᠦᠷᠢᠶ᠎ᠠ  ᠪᠢᠰᠬᠢᠬᠦᠷ ᠤᠨ ᠠᠶᠠᠯᠭᠤ ᠶᠢ ᠤᠳᠤ ᠶᠢᠨ ᠬᠢ ᠲᠠᠢ ᠠᠳᠠᠯᠢᠳᠬᠠᠵᠦ ᠦᠵᠡᠭᠰᠡᠨ ᠳᠤ ᠲᠠᠨᠤᠭ ᠦᠬᠡᠢ ᠬᠤᠪᠢᠷᠠᠵᠦ ᠪᠢᠯᠡ᠃ ᠲᠡᠬᠡᠬᠦᠯᠠᠷ ᠯᠠᠮᠠ ᠶᠢᠨ  ᠪᠦᠷᠢᠶ᠎ᠠ ᠪᠢᠰᠬᠢᠬᠦᠷ ᠤᠨ ᠠᠶᠠᠯᠭᠤ ᠴᠤ ᠬᠤᠪᠢᠷᠠᠵᠦ ᠪᠠᠶᠢᠬᠤ ᠶᠤᠮ ᠴᠢᠨᠢ᠂ ᠠᠷᠠᠳ ᠤᠨ ᠲᠠᠭᠤᠤ ᠬᠡᠵᠢᠶ᠎ᠠ ᠴᠤ ᠲᠡᠷᠡ ᠬᠡᠪ ᠲᠡᠭᠡᠨ ᠪᠠᠶᠢᠳᠠᠭ  ᠦᠬᠡᠢ ᠬᠡᠰᠡᠨ ᠢ ᠮᠠᠰᠢᠵᠢᠷᠭᠠᠯ ᠭᠤᠸᠡᠢ ᠦᠪᠡᠷ ᠤᠨ ᠰᠤᠳᠤᠯᠭᠠᠨ ᠢᠶᠠᠷ ᠢᠶᠠᠨ ᠨᠤᠳᠠᠯᠠᠪᠠ᠃ ᠲᠡᠬᠡᠬᠦᠯᠡᠷ ︽ᠠᠯᠳᠠᠨ ᠬᠤᠨᠳᠠᠭ᠎ᠠ︾᠎ ᠨᠢ ︽  ᠦᠨᠳᠦᠷ ᠮᠠᠩᠬᠠᠨ ᠰᠢᠯᠢ︾ ᠭᠡᠭᠦ ᠲᠠᠭᠤᠤ ᠶᠢᠨ ᠬᠤᠪᠢᠷᠠᠯ ᠪᠠᠶᠢᠬᠰᠠᠨ ᠶᠤᠮ ᠰᠠᠨᠵᠡᠢ᠃ ︽ᠤᠷᠳᠤᠰ ᠢᠵᠡᠭᠤᠷ ᠬᠤᠷᠢᠮ︾ ᠺᠢᠨᠣ᠋ ᠶᠢ  ᠦᠢᠯᠡᠳᠴᠤ ᠨᠡᠶᠢᠬᠡᠮ ᠲᠠᠶᠠᠭᠠᠷ ᠲᠤ ᠲᠠᠨᠢᠯᠴᠠᠭᠤᠯᠬᠤ ᠳᠠᠭᠠᠨ ︽ᠦᠨᠳᠦᠷ ᠮᠠᠩᠬᠠᠨ ᠰᠢᠯᠢ︾᠎ ᠶᠢᠨ ᠢᠵᠠᠭᠤᠷ ᠲᠠᠭᠤᠤ ᠪᠠᠨ ᠲᠠᠭᠤᠯᠠᠬᠰᠠᠨ  ᠦᠬᠡᠢ᠂ ︽ᠠᠯᠳᠠᠨ ᠬᠤᠨᠳᠠᠭ᠎ᠠ︾᠎ ᠪᠠᠨ ᠲᠠᠭᠤᠯᠠᠬᠰᠠᠨ ᠢᠶᠠᠷ ᠪᠢᠳᠠ ᠦᠨᠦᠳᠦᠷ ︽ᠠᠯᠳᠠᠨ ᠬᠤᠨᠳᠠᠭ᠎ᠠ︾᠎ ᠪᠠᠨ ᠢᠯᠡᠬᠦᠦ ᠮᠡᠳᠡᠵᠦ  ᠲᠠᠭᠤᠯᠠᠳᠠᠭ ᠪᠠᠶᠢᠵᠡᠢ᠃            ᠬᠤᠶᠠᠷ᠂ ᠤᠷᠳᠤᠰ ᠠᠷᠠᠳ ᠤᠨ ᠲᠠᠭᠤᠤ ᠶᠢᠨ ᠮᠦᠷᠳᠡᠯ ᠵᠠᠳᠠᠯᠤᠯᠳᠠ           ᠮᠠᠨ ᠤ ᠤᠷᠳᠤᠰ ᠨᠤᠳᠤᠭ ᠲᠤ ᠠᠷᠠᠳ ᠤᠨ ᠲᠠᠭᠤᠤ ᠶᠢᠨ ᠰᠤᠳᠤᠯᠭᠠᠨ ᠤ ᠨᠡᠶᠢᠬᠡᠮᠯᠢᠭ᠂ ᠪᠤᠭᠤᠨᠢ ᠲᠠᠭᠤᠤ ᠶᠢᠨ ᠨᠡᠶᠢᠬᠡᠮᠯᠢᠭ᠂  ᠤᠷᠳᠤ ᠶᠢᠨ ᠲᠠᠭᠤᠤ ᠶᠢᠨ ᠨᠡᠶᠢᠬᠡᠮᠯᠢᠭ ᠬᠡᠳ ᠤᠯᠠᠨ ᠨᠡᠶᠢᠬᠡᠮᠯᠢᠭ ᠪᠠᠶᠢᠳᠠᠭ᠃ ᠤᠷᠳᠤᠰ ᠮᠤᠩᠭᠤᠯ ᠷᠠᠳᠢᠣ᠋ ᠶᠢᠨ ᠤᠳᠬ᠎ᠠ ᠤᠷᠠᠯᠢᠭ ᠤᠨ  ᠨᠡᠪᠳᠡᠷᠡᠬᠦᠯᠬᠡ ᠶᠢᠨ ︽ᠤᠳᠤᠮ ᠲᠠᠮᠵᠢᠬᠤ ᠠᠶᠠᠯᠭᠤ︾ ᠪᠤᠯ ᠠᠷᠠᠳ ᠤᠨ ᠲᠠᠭᠤᠤ ᠶᠢᠨ ᠤᠳᠬ᠎ᠠ ᠤᠴᠢᠷ᠂ ᠦᠯᠢᠬᠡᠷ ᠭᠠᠷᠤᠯ ᠵᠢᠴᠢ  ᠬᠤᠪᠢᠯᠪᠤᠷᠢ ᠲᠠᠭᠤᠤ ᠶᠢᠨ ᠮᠦᠷᠳᠡᠯᠳᠡ ᠶᠢ ᠪᠦᠳᠦᠮᠵᠢᠳᠡᠢ ᠦᠷᠨᠢᠬᠦᠯᠵᠦ ᠪᠠᠶᠢᠭ᠎ᠠ ᠫᠷᠦᠭᠷᠡᠮ ᠪᠤᠯᠬᠤ ᠶᠤᠮ᠂ ᠨᠢᠭᠡᠨᠳᠡ 120 ᠭᠠᠷᠤᠢ  ᠬᠤᠭᠤᠴᠠᠭ᠎ᠠ ᠨᠡᠪᠳᠡᠷᠡᠬᠦᠯᠵᠠᠢ᠃ ᠤᠷᠳᠤᠰ ᠷᠠᠳᠢᠣ᠋ ᠲᠧᠯᠸᠢᠰ ᠬᠤᠷᠢᠶᠠᠨ ᠤ ᠡᠨᠡ ᠬᠦ ᠠᠵᠢᠯᠯᠠᠭ᠎ᠠ ᠮᠠᠬᠳᠠᠭᠤᠰᠢᠳᠡᠢ᠃            ︽ᠠᠷᠠᠳ ᠤᠨ ᠲᠠᠭᠤᠤ ᠪᠠᠨ ᠲᠠᠭᠤᠯᠠᠬᠤ ᠳᠤ ᠦᠯᠢᠬᠡᠷ᠂ ᠲᠡᠬᠦᠨ ᠤ ᠡᠬᠦᠰᠦᠭᠰᠡᠨ ᠤᠴᠢᠷ ᠰᠢᠯᠳᠠᠭᠠᠨ ᠢ ᠨᠢ ᠮᠡᠳᠡᠬᠦ ᠦᠬᠡᠢ ᠪᠤᠯ  ᠲᠤᠳᠤᠭᠠᠳᠤ ᠰᠡᠳᠬᠢᠯᠬᠡ ᠪᠠᠨ ᠭᠠᠷᠭᠠᠵᠦ ᠴᠢᠳᠠᠬᠤ ᠦᠬᠡᠢ ᠨᠢ ᠮᠡᠳᠡᠬᠡᠵᠢ︾ ᠬᠡᠵᠦ ᠮᠠᠰᠢᠵᠢᠷᠭᠠᠯ ᠭᠤᠸᠡᠢ ᠤᠴᠢᠷᠯᠠᠵᠤ ᠶᠠᠷᠢᠬᠤ ᠳᠠᠭᠠᠨ᠄            ︽ᠬᠠᠨᠭ᠍ᠬᠢᠨ ᠰᠡᠪᠬᠦᠯ︾ ᠬᠡᠷᠡᠭ ᠲᠡᠭᠡᠷ᠎ᠠ ᠪᠠᠨ ︽ᠦᠯᠵᠡᠶᠢᠰᠦ᠋ᠮᠪᠦᠷ︾ ᠬᠡᠰᠡᠨ ᠲᠠᠭᠤᠤ ᠶᠤᠮ᠃ ᠡᠬᠦᠨ ᠠᠴᠠ ᠪᠢᠳᠡ ︽  ᠦᠯᠢᠬᠡᠷ ᠢ ᠨᠢ ᠠᠪᠤᠭᠠᠳ ᠲᠡᠬᠦᠨ ᠤ ᠰᠠᠨᠠᠭ᠎ᠠ ᠰᠡᠳᠬᠢᠯ ᠢ ᠲᠦᠯᠦᠬᠡᠯᠡᠨ ᠦᠬᠡᠷ᠎ᠠ ᠬᠦᠮᠦᠨ ᠵᠤᠬᠢᠶᠠᠵᠦ ᠪᠤᠯᠳᠠᠭ︾ ᠬᠡᠰᠡᠨ ᠢ ᠦᠢᠯᠠᠭᠠᠵᠦ  ᠪᠤᠯᠤᠨ᠎ᠠ᠃ ᠲᠡᠬᠡᠬᠦᠯᠡᠷ ᠠᠷᠠᠳ ᠤᠨ ᠲᠠᠭᠤᠤ ᠠᠴᠠ ᠡᠭᠢᠯᠠᠭᠡᠳ ᠠᠯᠢᠪᠠ ᠲᠠᠭᠤᠤ ᠬᠦᠭᠵᠢᠮ ᠨᠡᠶᠢᠳᠡᠮ ᠬᠤᠪᠢᠷᠠᠵᠦ ᠪᠠᠶᠢᠳᠠᠭ ᠪᠠᠶᠢᠨ᠎ᠠ᠃            ᠤᠳᠤᠬ ᠤᠨ ︽ᠴᠸᠡᠭ ᠴᠤᠸᠠᠨ ᠲᠠᠩ︾ ᠬᠡᠮᠡᠬᠦ ᠮᠠᠬᠳᠠᠭᠠᠯ ᠲᠠᠭᠤᠤ ᠳᠤ ︽ᠬᠠᠷ᠎ᠠ ᠲᠤᠷᠭᠠᠨ ᠬᠠᠨᠵᠢᠶᠠᠷ︾᠎ ᠤᠨ ᠠᠶ᠎ᠠ ᠬᠠᠷᠬᠠᠳᠠᠵᠦ  ᠪᠤᠢ ᠬᠡᠨ᠎ᠠ᠃            ︽ᠭᠠᠵᠠᠷ ᠤᠨ ᠠᠭᠤᠢ            ᠴᠸᠡᠭ ᠴᠤᠸᠡᠨ ᠲᠠᠩ            ᠭᠠᠯᠠᠭᠤ ᠴᠠᠭ ᠤᠨ ᠪᠠᠯᠭᠠᠰᠤᠨ ᠲᠠᠩ            ᠭᠠ᠊ ᠪᠠᠭᠰᠢ ᠶᠢᠨ ᠱᠠᠪᠢᠨᠠᠷ            ᠭᠠᠯᠢᠩᠭ᠎ᠠ ᠶᠢᠨ ᠲᠠᠭᠤᠨ ᠲᠠᠢ︾᠃ ᠡᠨᠡ ᠲᠠᠭᠤᠤ ᠳᠤ ︽ᠠᠢ ᠳ᠋ᠠ᠂ ᠬᠦᠬᠡᠷᠦᠬᠦᠢ᠂ ᠴᠢ ᠯᠠ ᠮᠢᠨᠢ︾ ᠭᠡᠬᠦ ᠭᠡᠳᠤᠨ ᠦᠭᠡ ᠨᠢ  ᠦᠬᠡᠢ᠃ ᠡᠨᠡ ᠲᠠᠭᠤᠤ ᠨᠢ ︽ᠬᠠᠷ᠎ᠠ ᠲᠤᠷᠭᠠᠨ ᠬᠠᠨᠵᠢᠶᠠᠷ︾᠎ ᠠᠴᠠ ᠤᠷᠢᠳᠠᠢ ᠨᠢ ᠪᠠᠶᠢᠬᠰᠠᠨ ᠶᠤᠮ ᠤᠤ᠂ ᠡᠰᠡᠬᠦᠯ᠎ᠠ ︽ᠬᠠᠷ᠎ᠠ ᠲᠤᠷᠭᠠᠨ  ᠬᠠᠨᠵᠢᠶᠠᠷ︾ ᠲᠠᠭᠤᠤ ᠨᠢ ᠤᠷᠢᠳᠠᠢ ᠪᠠᠶᠢᠬᠰᠠᠨ ᠶᠤᠮ ᠤᠤ︖ ᠭᠡᠷᠪᠡ ︽ᠴᠸᠡᠭ ᠴᠤᠸᠠᠨ ᠲᠠᠩ︾ ᠭᠡᠬᠦ ᠲᠠᠭᠤᠤ ᠤᠷᠢᠳᠠᠢ ᠨᠢ ᠪᠠᠶᠢᠬᠰᠠᠨ  ᠪᠤᠯ ᠵᠠᠭᠤ ᠭᠠᠷᠤᠢ ᠵᠢᠯ ᠤᠨ ᠲᠡᠤᠬᠡ ᠲᠠᠢ ᠬᠡᠰᠡᠨ ᠢ ᠯᠠᠪ ᠬᠡᠷᠡᠴᠢᠯᠡᠵᠦ ᠪᠠᠶᠢᠨ᠎ᠠ᠃ ︽ᠬᠠᠷ᠎ᠠ ᠲᠤᠷᠭᠠᠨ ᠬᠠᠨᠵᠢᠶᠠᠷ︾᠎ ᠢ ᠴᠠᠬᠳᠤᠷᠰᠡᠷᠡᠩ ᠤᠨ  ᠦᠶ᠎ᠠ ᠳᠤ ᠪᠤᠢ ᠪᠤᠯᠤᠬᠰᠠᠨ ᠬᠡᠬᠦ ᠦᠵᠡᠯᠳᠡ ᠠᠴᠠ ᠪᠠᠰᠠ ᠡᠮᠦᠨᠠᠰᠢ ᠮᠦᠷᠳᠡᠬᠦ ᠨᠢ ᠭᠠᠷᠴᠠᠭ᠎ᠠ ᠦᠬᠡᠢ᠃            ᠤᠷᠳᠤᠰ ᠨᠤᠳᠤᠭ ᠪᠤᠯ ᠲᠠᠭᠤᠤ ᠶᠢᠨ ᠦᠬᠡ ᠶᠢᠨ ᠲᠠᠯ᠎ᠠ ᠪᠠᠷ ᠲᠦᠢᠯ ᠤᠨ ᠪᠠᠶᠠᠯᠢᠭ ᠨᠤᠳᠤᠭ ᠮᠦᠨ᠃ ︽ᠳᠤᠭᠠᠷᠵᠠᠪ︾᠂ ︽  ᠪᠠᠨᠽᠠᠷᠳᠠᠷᠢ︾ ᠬᠡᠰᠡᠨ ᠲᠠᠭᠤᠤ ᠶᠢᠨ ᠦᠬᠡ ᠪᠠᠷ ᠪᠦᠷ ᠵᠢᠱᠢᠶᠡᠯᠠᠨ ᠥᠵᠡᠵᠤ ᠪᠤᠯᠤᠨ᠎ᠠ᠃            ᠭᠤᠷᠪᠠ᠂ ᠠᠷᠠᠳ ᠤᠨ ᠲᠠᠭᠤᠤ ᠪᠠ ᠵᠤᠬᠢᠶᠠᠯ ᠤᠨ ᠲᠠᠭᠤᠤ ᠶᠢᠨ ᠢᠯᠭᠠᠭ᠎ᠠ           — ᠲᠠᠭᠤᠤ ᠶᠢᠨ ᠦᠯᠢᠬᠡᠷ ᠲᠡᠤᠭᠡ ᠠᠴᠠ ᠰᠢᠨᠵᠢᠪᠡᠯ᠂ ᠤᠵᠤᠭᠤᠷ ᠲᠤ ᠨᠠᠶᠢᠬᠡᠮ ᠤᠨ ᠪᠠᠶᠢᠳᠠᠯ᠂ ᠬᠦᠮᠦᠰ ᠤᠨ ᠰᠡᠳᠬᠢᠴᠠ ᠠᠴᠠ  ᠪᠤᠯᠵᠦ᠂ ᠡᠴᠢᠬᠡ ᠡᠬᠡ ᠂ ᠠᠳᠤᠭᠤ ᠮᠠᠯ ᠢᠶᠠᠨ ᠮᠠᠬᠳᠠᠬᠤ ᠭᠡᠯᠪᠡᠷᠢ ᠶᠢᠨ ᠲᠠᠭᠤᠤ ᠤᠯᠠᠨ ᠪᠠᠶᠢᠵᠠᠢ᠃ ᠤᠷᠴᠢᠨ ᠦᠶ᠎ᠠ ᠬᠦᠷᠴᠤ ᠢᠷᠡᠬᠦ ᠳᠤ  ᠬᠦᠮᠦᠨ ᠬᠦᠮᠦᠨ ᠤ ᠬᠤᠭᠤᠷᠤᠨᠳᠤᠬᠢ ᠮᠦᠷᠬᠦᠯᠳᠤᠭᠡᠨ᠂ ᠮᠡᠳᠭᠡᠯᠴᠡᠭᠡᠨ ᠤᠷᠳᠤᠰ ᠠᠷᠠᠳ ᠤᠨ ᠪᠤᠭᠤᠨᠢ ᠲᠠᠭᠤᠤ ᠳᠤ ᠢᠯᠡᠷᠡᠭᠰᠡᠨ ᠪᠠᠶᠢᠨ᠎ᠠ᠃  ᠤᠵᠤᠭᠤᠷ ᠲᠤ ᠴᠦᠬᠡᠨ ᠬᠡᠳᠤᠨ ᠦᠬᠡ ᠪᠠᠷ ᠲᠠᠭᠤᠤ ᠵᠤᠬᠢᠶᠠᠬᠳᠠᠵᠦ ᠪᠠᠶᠢᠬᠰᠠᠨ ᠪᠤᠯ ᠤᠳᠤ ᠪᠦᠬᠦᠨ ᠢ ᠬᠠᠮᠤᠷᠬᠤ ᠬᠡᠮᠡᠨ ᠤᠷᠤᠯᠳᠤᠳᠠᠭ  ᠪᠤᠯᠤᠯ᠎ᠠ᠃ ᠡᠨᠡ ᠪᠤᠯ ᠤᠳᠤ ᠶᠢᠨ ᠵᠤᠬᠢᠶᠠᠯ ᠪᠦᠳᠦᠬᠡᠯ ᠪᠤᠯᠤᠨ ᠡᠷᠳᠡᠨ ᠤ ᠵᠤᠬᠢᠶᠠᠯ ᠪᠦᠳᠦᠬᠡᠯ ᠤᠨ ᠨᠢᠭᠡ ᠢᠯᠭᠠᠭ᠎ᠠ ᠮᠦᠨ᠃ 
20220915-6.jpg
     — ᠠᠷᠠᠳ ᠤᠨ ᠲᠠᠭᠤᠤ ᠶᠢᠨ ᠦᠬᠡ ᠰᠢᠯᠦᠭ ᠢ ᠵᠤᠬᠢᠶᠠᠯ ᠤᠨ ᠲᠠᠭᠤᠤ ᠲᠠᠢ ᠬᠠᠷᠢᠴᠠᠭᠤᠯᠵᠦ ᠦᠵᠡᠪᠡᠯ᠂ ᠠᠷᠠᠳ ᠤᠨ ᠲᠠᠭᠤᠤ ᠪᠠ  ᠵᠤᠬᠢᠶᠠᠯ ᠤᠨ ᠲᠠᠭᠤᠤ ᠶᠢᠨ ᠰᠢᠨᠵᠢ ᠴᠢᠨᠠᠷ ᠨᠢ ᠡᠷᠡᠰ ᠤᠨᠳᠤᠤ᠃ ᠵᠤᠬᠢᠶᠠᠮᠠᠯ ᠲᠠᠭᠤᠤ ᠶᠢᠨ ᠦᠬᠡ ᠨᠢ ᠤᠷᠢᠳ ᠢᠶᠠᠷ ᠮᠡᠨᠳᠤᠯᠡᠵᠤ᠂ ᠠᠶ᠎ᠠ ᠨᠢ  ᠬᠤᠶᠢᠨ᠎ᠠ ᠮᠡᠨᠳᠤᠯᠡᠨ᠎ᠠ᠃ ᠠᠷᠠᠳ ᠤᠨ ᠲᠠᠭᠤᠤ ᠪᠤᠯ ᠤᠷᠢᠳ ᠢᠶᠠᠷ ᠦᠯᠢᠬᠡᠷ ᠲᠡᠤᠬᠡ ᠭᠠᠷᠴᠤ᠂ ᠲᠠᠷᠠᠭ᠎ᠠ ᠨᠢ ᠠᠶ᠎ᠠ ᠵᠤᠬᠢᠶᠠᠬᠳᠠᠨ᠎ᠠ ᠭᠡᠵᠤ  ᠮᠠᠰᠢᠵᠢᠷᠭᠠᠯ ᠭᠤᠸᠡᠢ ᠤᠴᠢᠷᠯᠠᠨ᠎ᠠ᠃            ᠮᠠᠰᠢᠵᠢᠷᠭᠠᠯ ᠭᠤᠸᠡᠢ ᠶᠢᠨ ᠵᠤᠬᠢᠶᠠᠬᠰᠠᠨ ︽ᠲᠠᠭᠤᠤ ᠬᠦᠭᠵᠢᠮ ᠤᠨ ᠠᠷᠢᠭᠤᠨ ᠰᠤᠷᠪᠤᠯᠵᠢ — ︿ᠠᠷᠠᠳ ᠤᠨ ᠲᠠᠭᠤᠤ﹀︾᠎ ᠳᠤ  ᠢᠡᠭᠬᠢᠵᠦ ᠶᠠᠷᠢᠵᠡᠢ᠄ ︽ᠲᠠᠭᠤᠤ ᠪᠤᠯ ᠠᠶᠠᠰ ᠬᠠᠪᠰᠤᠷᠭᠠᠬᠰᠠᠨ ᠦᠬᠡ ᠪᠠᠷ ᠪᠤᠰᠤᠳ ᠢ ᠨᠦᠯᠦᠬᠡᠯᠡᠳᠡᠭ ᠲᠤᠯᠠ ᠬᠡᠯᠡᠬᠦ ᠬᠡᠰᠡᠨ ᠦᠬᠡ ᠪᠠᠨ  ᠰᠢᠭᠤᠳ ᠬᠡᠯᠡᠵᠦ ᠭᠠᠷᠭᠠᠳᠠᠭ ᠠᠴᠠ ᠬᠤᠯᠠ ᠤᠷᠠᠯᠢᠬᠵᠢᠭᠤᠨ ᠪᠤᠯᠵᠦ᠂ ᠬᠦᠮᠦᠨ ᠪᠠ ᠪᠤᠰᠤᠳ ᠠᠮᠢᠳᠤ ᠪᠤᠳᠠᠰ ᠤᠨ ᠲᠤᠳᠤᠭᠠᠳᠤ  ᠰᠡᠳᠬᠢᠯᠬᠡ ᠶᠢ ᠬᠢᠯᠪᠠᠷᠬᠠᠨ ᠨᠦᠯᠦᠬᠡᠯᠡᠵᠦ ᠴᠢᠳᠠᠳᠠᠭ ᠤᠷᠠᠯᠢᠭ ᠤᠨ ᠬᠦᠴᠦᠨ ᠲᠠᠢ ᠪᠠᠶᠢᠳᠠᠭ᠃ ᠰᠢᠨᠵᠢᠯᠡᠬᠦ ᠤᠬᠠᠭᠠᠨ ᠤ ᠲᠠᠯ᠎ᠠ ᠪᠠᠷ  ᠬᠦᠮᠦᠰ ᠲᠤ ᠮᠠᠰᠢ ᠭᠠᠶᠢᠬᠠᠬᠳᠠᠬᠤ ᠳᠠᠭᠠᠨ ᠶᠠᠷᠤ ᠪᠤᠰᠤ ᠶᠢᠨ ᠰᠡᠳᠬᠢᠯᠬᠡ ᠶᠢᠨ ᠬᠤᠪᠢᠷᠠᠯᠳᠠ ᠭᠠᠷᠭᠠᠭᠤᠯᠳᠠᠭ ᠨᠢ ᠭᠤᠤᠯᠳᠠᠭᠤ ᠮᠠᠯᠴᠢᠨ  ᠬᠦᠮᠦᠨ ᠤ ᠬᠦᠳᠡᠯᠮᠤᠷᠢ ᠶᠢᠨ ᠤᠷᠢᠶ᠎ᠠ ᠪᠤᠯᠤᠨ ᠲᠤᠰᠬᠠᠢᠢᠵᠢᠭᠤᠯᠤᠬᠰᠠᠨ ᠬᠦᠭᠵᠢᠮ ᠤᠨ ᠨᠢᠭᠤᠴᠠ ᠤᠪᠠᠳᠢᠰ ᠲᠤᠨᠢ ᠪᠠᠶᠢᠭ᠎ᠠ ᠶᠤᠮ︾ ᠬᠡᠵᠡᠢ᠃             ᠮᠠᠰᠢᠵᠢᠷᠭᠠᠯ ᠭᠤᠸᠡᠢ ᠠᠷᠠᠳ ᠤᠨ ᠲᠠᠭᠤᠤ ᠪᠠᠨ ᠴᠤᠬᠯᠠᠭᠤᠯᠵᠦ ᠡᠮᠬᠢᠳᠬᠡᠬᠦ᠂ ᠲᠠᠭᠤᠯᠠᠬᠤ ᠰᠤᠳᠤᠯᠬᠤ ᠴᠢᠭᠯᠡᠯ ᠢᠶᠠᠷ ᠰᠢᠭᠤᠷᠬᠠᠢᠢᠯᠠᠨ  ᠠᠵᠢᠯᠯᠠᠵᠤ ᠬᠤᠷᠢ ᠭᠠᠷᠤᠢ ᠤᠷᠠᠨ ᠪᠦᠳᠦᠬᠡᠯ ᠭᠠᠷᠭᠠᠬᠰᠠᠨ ᠤ ᠭᠤᠤᠯ ᠵᠤᠷᠢᠯᠭ᠎ᠠ ᠨᠢ᠂ ᠤᠷᠳᠤᠰ ᠨᠤᠳᠤᠭ ᠲᠠᠭᠤᠤ ᠪᠦᠵᠢᠭ ᠤᠨ ᠦᠯᠦᠬᠡᠢ  ᠭᠡᠮᠡᠨ ᠴᠤᠯᠠᠯᠠᠬᠳᠠᠬᠰᠠᠨ ᠤ ᠭᠤᠤᠯ ᠪᠠᠶᠢᠷᠢ ᠶᠢ ᠠᠷᠠᠳ ᠤᠨ ᠲᠠᠭᠤᠤ ᠪᠠᠷ ᠡᠵᠡᠯᠡᠬᠦᠯᠵᠤ᠂ ᠤᠷᠳᠤᠰ ᠠᠷᠠᠳ ᠤᠨ ᠲᠠᠭᠤᠤ ᠶᠢᠨ ᠭᠠᠶᠢᠬᠠᠮᠰᠢᠭ ᠢ  ᠨᠡᠶᠢᠬᠡᠮ ᠨᠠᠶᠢᠳᠠ ᠳᠤ ᠤᠬᠠᠭᠤᠯᠬᠤ᠂ ᠬᠠᠮᠠᠭᠠᠯᠠᠬᠤ᠂ ᠲᠠᠨᠢᠭᠤᠯᠬᠤ᠂ ᠬᠦᠭᠵᠢᠬᠦᠯᠬᠦ ᠬᠡᠰᠡᠨ ᠡᠴᠢᠨ᠎ᠠ ᠰᠠᠨᠠᠭ᠎ᠠ ᠪᠠᠶᠢᠬᠰᠠᠨ ᠢ ᠪᠢᠳᠠ  ᠰᠤᠷᠪᠤᠯᠵᠢᠯᠠᠭ᠎ᠠ ᠲᠤᠮᠳᠠ ᠪᠠᠨ ᠬᠦᠨ ᠦᠢᠯᠠᠭᠠᠯ᠎ᠠ᠃                ︽ᠮᠠᠨ ᠤ ᠤᠯᠭᠠᠨᠮᠦ᠋ᠴᠢᠷ ᠢᠡᠭᠬᠢᠵᠦ ᠬᠡᠯᠡᠵᠦ ᠪᠠᠶᠢᠬᠰᠠᠨ︾            ᠮᠠᠰᠢᠵᠢᠷᠭᠠᠯ ᠭᠤᠸᠡᠢ 8 ᠨᠠᠰᠤᠳᠡᠢ ᠲᠡᠷᠡ ᠵᠢᠯ᠂ ᠲᠡᠳᠡᠨ ᠤ ᠳᠤ ᠢᠷᠡᠭᠰᠡᠨ ᠨᠢᠬᠡ ᠬᠡᠶᠢᠴᠢᠨ ᠲᠡᠬᠦᠨ ᠲᠠᠢ ᠵᠤᠭᠤᠬᠳᠠᠵᠦ ᠪᠠᠶᠢᠭᠠᠳ  ᠤᠯᠭᠠᠨᠳᠤᠯᠤᠭᠠᠢ ᠶᠢᠨ ᠰᠦᠮ᠎ᠠ ᠲᠡᠭᠡᠷ᠎ᠠ ᠪᠢᠴᠢᠭ ᠦᠵᠡᠵᠦ ᠪᠠᠶᠢᠬᠤ ᠶᠢ ᠨᠢ ᠶᠡᠭᠡ ᠯᠠ ᠰᠤᠨᠢᠭᠤᠴᠢᠯᠡᠵᠦ᠂ ︽ᠪᠠᠭᠰᠢ ᠳᠠᠭᠠᠨ ᠲᠠᠨᠢᠯᠴᠠᠭᠤᠯᠵᠦ  ᠦᠭᠬᠦᠶ᠎ᠠ︾ ᠭᠡᠵᠤ ᠠᠮᠠᠯᠳᠠᠵᠠᠢ᠃ ᠲᠡᠮᠡᠢ ᠤᠳᠠᠬᠰᠠᠨ ᠦᠬᠡᠢ ᠲᠡᠷᠡ ᠬᠦᠮᠤᠨ ᠦᠨᠡᠬᠡᠷ ᠦᠬᠡ ᠢᠷᠡᠬᠦᠯᠪᠠ᠃ ᠮᠠᠰᠢᠵᠢᠷᠭᠠᠯ ᠭᠤᠸᠡᠢ  ᠬᠠᠭᠤᠷᠤᠬᠰᠠᠨ ᠠᠮᠤ ᠪᠠᠨ ᠰᠠᠪᠠᠯᠠᠭᠠᠳ ᠰᠦᠮ᠎ᠠ ᠲᠡᠭᠡᠷ᠎ᠠ ᠬᠦᠷᠴᠤ ᠲᠠᠬᠢᠶᠠᠨ ᠡᠬᠦᠷ ᠰᠢᠭ ᠲᠤᠵᠢ ᠪᠤᠰᠠᠬᠠᠬᠰᠠᠨ ᠪᠢᠴᠢᠭ ᠤᠨ ᠰᠢᠷᠡᠬᠡᠨ  ᠲᠡᠭᠡᠷ᠎ᠠ ᠪᠢᠴᠢᠭ ᠬᠡᠭᠴᠢ ᠶᠢ ᠲᠠᠨᠢᠵᠦ ᠡᠬᠢᠯᠡᠭᠰᠡᠨ ᠪᠠᠶᠢᠨ᠎ᠠ᠃ ᠲᠡᠷᠡ ᠦᠶ᠎ᠠ ᠳᠤ ᠲᠤᠯᠢ ᠪᠢᠴᠢᠭ ᠪᠤᠯᠤᠬᠰᠠᠨ ︽ᠬᠦᠡᠭ ᠤᠨ ᠵᠤᠤ ᠶᠢᠨ ᠰᠤᠷᠭᠠᠯ ︾᠂ ︽ᠭᠤᠷᠪᠠᠨ ᠤᠯᠤᠰ ᠤᠨ ᠦᠯᠢᠬᠡᠷ︾᠎ ᠢ ᠠᠶᠠᠯᠭᠤᠯᠠᠨ ᠤᠡᠭᠰᠢᠳᠠᠭ ᠪᠠᠶᠢᠪᠠ᠃ ︽ᠡᠨᠡ ᠤᠡᠭᠰᠢᠯᠭ᠎ᠠ ᠶᠠᠮᠠᠷ ᠰᠠᠶᠢᠬᠠᠨ ᠠᠶ᠎ᠠ ᠪᠠᠶᠢᠬᠰᠠᠨ  ᠪᠢᠯᠡ︾ ᠬᠡᠮᠡᠨ ᠲᠡᠷᠡ ᠬᠠᠶᠠ ᠳᠠᠭᠠᠨ ᠰᠡᠳᠬᠢᠯ ᠤᠪᠤᠯᠵᠠᠨ ᠠᠶᠢᠷᠠᠭ ᠰᠦ ᠪᠠᠨ ᠰᠠᠨᠠᠵᠦ ᠪᠠᠶᠢᠬᠰᠠᠨ ᠴᠤ ᠤᠳᠠᠭ᠎ᠠ ᠲᠠᠢ᠃ ᠬᠤᠵᠢᠮ ᠨᠢ ᠲᠡᠷᠡ  ︽ᠡᠨᠡ ᠠᠶ᠎ᠠ ᠪᠤᠯ ᠬᠤᠭᠤᠷ ᠤᠨ ᠦᠯᠢᠬᠡᠷ ᠲᠤ ᠭᠠᠷᠳᠠᠭ ᠪᠠᠭᠠᠳᠤᠷᠴᠤᠳ ᠢ ᠮᠠᠬᠳᠠᠨ ᠬᠦᠭᠯᠡᠳᠡᠭ ᠠᠶ᠎ᠠ ᠪᠠᠶᠢᠬᠰᠠᠨ︾᠎ ᠢ ᠠᠷᠠᠳ ᠤᠨ  ᠲᠠᠭᠤᠤ ᠶᠢᠨ ᠰᠤᠳᠤᠯᠭᠠᠨ ᠲᠤᠮᠳᠠ ᠪᠠᠨ ᠮᠡᠳᠡᠷᠡᠵᠦ ᠪᠢᠯᠡ᠃            ᠲᠡᠷᠡ ᠪᠠᠭ᠎ᠠ ᠰᠤᠷᠭᠠᠭᠤᠯᠢ ᠪᠠᠨ ᠲᠡᠬᠦᠰᠦᠬᠡᠳ ᠲᠤᠮᠳᠠᠳᠤ ᠰᠤᠷᠭᠠᠭᠤᠯᠢ ᠳᠤ ᠰᠠᠭᠤᠬᠤ ᠪᠠᠷ ᠳ᠋ᠥᠡᠭᠱᠸᠡᠭ ᠤᠷᠤᠭᠤ ᠮᠤᠳᠤᠨ ᠤ  ᠵᠦᠭ ᠢᠶᠠᠷ ᠴᠢᠭᠯᠡᠨ ᠶᠠᠪᠠᠭᠠᠨ ᠢᠶᠠᠷ ᠬᠡᠳᠦᠨ ᠬᠤᠨᠤᠭ ᠬᠦᠶᠦᠵᠦ ᠬᠤᠶᠠᠷ ᠲᠠᠪᠬᠤᠷ ᠠᠰᠠᠷ ᠲᠠᠢ ᠳ᠋ᠥᠡᠭᠱᠸᠡᠭ ᠳᠤ ᠠᠩᠬ᠎ᠠ ᠬᠦᠯ ᠲᠠᠯᠪᠢᠵᠡᠢ᠃  ᠮᠠᠰᠢᠵᠢᠷᠭᠠᠯ ᠬᠤᠳᠠ ᠶᠢᠨ ᠬᠤᠶᠠᠳᠤᠭᠠᠷ ᠲᠤᠮᠳᠠᠳᠤ ᠰᠤᠷᠭᠠᠭᠤᠯᠢ ᠳᠤ ᠰᠤᠷᠤᠯᠴᠠᠵᠦ ᠪᠠᠶᠢᠬᠤ ᠳᠠᠭᠠᠨ ᠬᠢᠯᠳᠠᠭᠠᠨᠠᠭᠤᠷ ᠤᠷᠤᠭᠠᠳ ᠠᠩᠬᠢ ᠶᠢᠨ  ᠪᠠᠭᠰᠢ ᠶᠢᠨ ᠢᠶᠠᠨ ᠴᠦᠬᠦᠷᠡᠰᠢ ᠦᠬᠡᠢ ᠢᠳᠬᠠᠯᠭ᠎ᠠ ᠶᠢ ᠰᠤᠨᠤᠰᠤᠯ ᠦᠬᠡᠢ ᠬᠦᠳᠡᠭᠡ ᠭᠡᠷ ᠲᠡᠭᠡᠨ ᠬᠠᠷᠢᠵᠤ ᠮᠠᠯ ᠬᠠᠷᠢᠭᠤᠯᠪᠠ᠃ ᠠᠵᠠ ᠪᠠᠷ  ᠲᠡᠬᠦᠨ ᠳᠤ ᠰᠤᠮᠤᠨ ᠤ ᠠᠵᠢᠯ ᠤᠨ ᠴᠢᠯᠦᠬᠡᠨ ᠤ ᠤᠯᠠᠭᠠᠨᠮᠦ᠋ᠴᠢᠷ ᠲᠤ ᠠᠵᠢᠯᠳᠠᠨ ᠡᠯᠰᠡᠬᠦ ᠲᠤᠬᠢᠶᠠᠯ ᠲᠠᠭᠠᠷᠠᠯᠳᠤᠵᠤ ᠰᠤᠮᠤᠨ ᠳᠤ ᠬᠦᠷᠴᠤ  ᠠᠵᠢᠯᠯᠡᠵᠡᠢ᠃ ᠤᠯᠠᠭᠠᠨᠳᠤᠯᠤᠭᠠᠢ ᠠᠴᠠ ᠭᠤᠷᠪᠠᠨ ᠬᠦᠮᠤᠨ ᠰᠤᠩᠭᠤᠬᠳᠠᠬᠰᠠᠨ ᠤ ᠨᠢᠭᠡ ᠨᠢ ᠲᠡᠷᠡ ᠪᠠᠶᠢᠪᠠ᠃ ᠮᠠᠰᠢᠵᠢᠷᠭᠠᠯ ᠬᠤᠪᠢᠰᠬᠯᠳᠤ  ᠤᠳᠬ᠎ᠠ ᠤᠷᠠᠯᠢᠭ ᠤᠨ ᠪᠦᠯᠬᠦᠮ᠂ ᠮᠠᠤ ᠽᠧ ᠳ᠋ᠥᠡᠭ ᠤᠨ ᠦᠵᠡᠯ ᠰᠠᠨᠠᠭ᠎ᠠ ᠶᠢ ᠤᠬᠠᠭᠤᠯᠬᠤ ᠠᠩᠬᠢ ᠶᠢᠨ ᠬᠡᠰᠢᠬᠦᠨ ᠪᠤᠯᠵᠦ ᠶᠠᠪᠤᠬᠤ ᠳᠠᠭᠠᠨ  ᠵᠠᠬᠢᠳᠠᠯ ᠪᠢᠴᠢᠬᠦ᠂ ᠦᠬᠦᠴᠠ ᠭᠠᠷᠭᠠᠬᠤ᠂ ᠡᠪᠳᠡᠷᠬᠡᠢ ᠪᠠᠶᠢᠰᠢᠩ ᠰᠡᠯᠪᠢᠨ ᠵᠠᠰᠠᠬᠤ᠂ ᠬᠡᠷ ᠤᠨ ᠠᠳᠠᠷ ᠲᠤ ᠴᠠᠭᠠᠰᠤ ᠨᠠᠭᠠᠬᠤ ᠵᠡᠷᠬᠡ  ᠬᠦᠡᠭᠱᠧ ᠶᠢᠨ ᠲᠦᠷ ᠴᠠᠭ ᠤᠨ ᠠᠵᠢᠯᠳᠠᠨ ᠠᠳᠠᠯᠢ ᠠᠵᠢᠯᠯᠠᠵᠦ᠂ ᠨᠢᠬᠡ ᠬᠤᠶᠠᠷ ᠵᠤᠭᠤᠰ ᠤᠯᠤᠭᠠᠳ ᠭᠡᠮᠵᠢᠶ᠎ᠠ ᠦᠭᠡᠢ ᠪᠠᠶᠠᠰᠴᠤ ᠶᠠᠪᠤᠳᠠᠭ  ᠪᠠᠶᠢᠵᠠᠢ᠃            ᠮᠠᠰᠢᠵᠢᠷᠭᠠᠯ ᠪᠠᠭ᠎ᠠ ᠠᠴᠠ ᠪᠠᠨ ᠲᠠᠭᠤᠤ ᠬᠦᠭᠵᠢᠮ ᠳᠤ ᠲᠤᠷ᠎ᠠ ᠪᠠᠬ᠎ᠠ ᠲᠠᠢ᠂ ᠪᠤᠳᠠᠭ᠎ᠠ ᠢᠳᠡᠳᠡᠭ ᠮᠤᠳᠤᠨ ᠠᠶᠠᠭ᠎ᠠ ᠪᠠᠨ  ᠴᠤᠭᠤᠯᠤᠭᠠᠳ ᠱᠠᠨᠵᠨ ᠬᠢᠵᠦ ᠠᠷᠠᠳ ᠤᠨ ᠲᠠᠭᠤᠴᠢᠨ ᠤ ᠲᠠᠭᠤᠯᠠᠬᠰᠠᠨ ︽ᠰᠡᠨᠵᠢᠳᠮ᠎ᠠ︾ ᠬᠡᠬᠦ ᠲᠠᠭᠤᠤ ᠶᠢ ᠲᠤᠭ ᠲᠤᠭ ᠲᠤᠬᠰᠢᠵᠦ  ᠬᠦᠭᠵᠢᠮ ᠡᠬᠦᠰᠬᠡᠵᠦ ᠪᠠᠶᠢᠵᠡᠢ᠃ ︽ᠮᠠᠩᠬᠠᠨ ᠴᠤᠭᠤᠷᠬᠠᠢ ᠳᠤ ᠦᠯᠢᠶᠠᠵᠦ ᠭᠠᠷᠭᠠᠬᠰᠠᠨ ᠦᠬᠢᠷᠡᠬᠡᠢ ᠮᠤᠳᠤ ᠪᠠᠷ ᠬᠤᠶᠢᠴᠠᠩ ᠬᠤᠭᠤᠷ ᠬᠢᠵᠤ ᠂ ᠪᠠᠶᠠᠡᠭᠤᠤᠯ ᠤᠨ ᠵᠡᠬᠦᠨ ᠡᠮᠦᠨᠡᠳᠡᠬᠢ ᠤᠡᠭᠭᠤᠨ ᠮᠠᠩᠬᠠᠨ ᠤ ᠠᠷᠴᠠᠨ ᠤ ᠲᠠᠪᠠᠷᠬᠠᠢ ᠶᠢ ᠲᠦᠷᠬᠢᠵᠦ ᠴᠦᠷ ᠴᠦᠷ ᠬᠡᠵᠦ ᠲᠤᠤᠭᠠᠷᠭᠠᠳᠠᠭ  ᠪᠠᠶᠢᠬᠰᠠᠨ︾ ᠬᠡᠮᠡᠨ ᠮᠠᠰᠢᠵᠢᠷᠭᠠᠯ ᠭᠤᠸᠡᠢ ᠬᠦᠬᠡᠷᠦᠨ᠎ᠠ᠃            ᠤᠢᠤᠰᠢᠨ ᠬᠤᠰᠢᠭᠤᠨ ᠤ ᠤᠯᠠᠭᠠᠨᠮᠦ᠋ᠴᠢᠷ ᠲᠤ ᠬᠤᠷᠢᠨ ᠵᠢᠯ ᠠᠵᠢᠯᠯᠠᠵᠦ ᠶᠠᠪᠤᠬᠤ ᠳᠠᠭᠠᠨ ᠢᠮᠠᠭᠠᠨ ᠬᠦᠷᠢᠶ᠎ᠠ ᠪᠠᠷ ᠬᠦᠰᠢᠬᠡ ᠪᠤᠯᠭᠠᠵᠦ  ᠨᠦᠮᠤᠷᠢ ᠳᠤᠨᠢ ᠲᠤᠬᠯᠠᠯᠳᠠ ᠭᠠᠷᠭᠠᠵᠦ ᠪᠠᠶᠢᠵᠡᠢ᠃ ᠲᠠᠶᠢᠰᠠᠨ ᠠᠷᠤ ᠳᠤ ᠬᠡᠤᠬᠡᠳ ᠢᠶᠠᠨ ᠬᠦᠬᠦᠬᠦᠯᠵᠦ ᠪᠠᠶᠢᠬᠰᠠᠨ ᠡᠮᠡᠭᠳᠡᠢ ᠲᠤᠬᠯᠠᠬᠴᠢ  ᠲᠠᠶᠢᠰᠠᠨ ᠲᠡᠭᠡᠷ᠎ᠠ ᠭᠠᠷᠴᠤ ᠪᠦᠵᠢᠭᠯᠡᠬᠦ ᠳᠤ ᠂ ᠲᠡᠷᠡ ᠬᠡᠤᠬᠡᠳ ᠢ ᠨᠢ ᠰᠠᠭᠠᠳᠠᠭᠤᠯᠳᠠᠭ ᠪᠠᠶᠢᠯ᠎ᠠ᠃ ᠲᠡᠷᠡ ᠦᠶ᠎ᠠ ᠳᠤ ᠡᠮᠴᠢ ᠶᠢᠨ ᠬᠤᠷᠢᠶᠠᠨ ᠳᠤ  ᠡᠮᠨᠡᠬᠦᠯᠵᠤ ᠪᠠᠶᠢᠬᠰᠠᠨ ᠠᠵᠢᠯᠳᠠᠳ ᠢᠶᠠᠨ ᠴᠤ ᠢᠳᠬᠠᠵᠦ ᠪᠠᠶᠢᠭᠠᠳ ᠲᠠᠶᠢᠰᠠᠨ ᠳᠤ ᠭᠠᠷᠭᠠᠳᠠᠭ ᠪᠠᠶᠢᠬᠰᠠᠨ ᠭᠡᠨ᠎ᠠ᠃ ᠲᠡᠷᠡ ᠡᠶᠢᠮᠤ ᠨᠢᠭᠡᠨ  ᠦᠯᠢᠬᠡᠷ ᠢ ᠶᠠᠷᠢᠪᠠ᠄            ᠪᠦᠷᠢᠳᠤ ᠠᠴᠠ ᠴᠠᠭᠠᠨᠰᠦ᠋ᠮ᠎ᠠ ᠬᠦᠷᠳᠡᠯ᠎ᠠ ᠨᠢᠬᠡᠨ ᠠᠬᠠᠮᠠᠳ ᠴᠡᠷᠢᠭ ᠲᠠᠢ ᠬᠠᠮᠳᠤ ᠶᠠᠪᠠᠭᠠᠨ ᠢᠶᠠᠷ ᠡᠯᠡᠰᠤ ᠮᠠᠩᠬ᠎ᠠ᠂ ᠪᠤᠳᠠ  ᠪᠤᠷᠭᠠᠰᠤ ᠶᠢ ᠲᠤᠭᠤᠯᠤᠨ ᠴᠠᠭᠠᠨᠰᠦ᠋ᠮ᠎ᠠ ᠬᠦᠷᠬᠦ ᠳᠤ ᠦᠨᠦᠬᠢ ᠴᠡᠷᠢᠭ ᠠᠪᠠᠭ᠎ᠠ ᠪᠦᠳᠦᠨ ᠪᠡᠶ᠎ᠠ ᠬᠦᠯᠦᠷᠡᠵᠤ᠄ ︽ᠡᠨᠡ  ᠤᠯᠠᠭᠠᠨᠮᠦ᠋ᠴᠢᠷ ᠤᠨ ᠬᠢᠨ ᠲᠠᠢ ᠴᠤᠭ ᠶᠠᠪᠤᠭᠠᠳ ᠶᠠᠳᠠᠷᠠᠵᠦ ᠦᠬᠦᠬᠦ ᠰᠢᠬᠠᠯ᠎ᠠ︾ ᠬᠡᠰᠡᠨ ᠬᠡᠨ᠎ᠠ᠃ ᠲᠡᠨᠳᠠ ᠠᠴᠠ ᠬᠤᠶᠢᠰᠢ ᠵᠢᠯ ᠪᠦᠷᠢ  ᠤᠯᠠᠭᠠᠨᠮᠦ᠋ᠴᠢᠷ ᠤᠨ ᠬᠢᠨ ᠳᠤ ᠪᠤᠬᠴᠤ᠂ ᠤᠰᠤᠨ ᠰᠠᠪᠠ᠂ ᠬᠦᠨᠵᠢᠯᠠ ᠲᠠᠩᠰᠠ᠂ ᠡᠪᠤᠯ ᠪᠤᠯᠬᠤ ᠳᠤ ᠬᠤᠨᠢᠨ ᠳ᠋ᠠᠴᠠᠩ ᠬᠤᠪᠢᠶᠠᠳᠠᠭ ᠪᠤᠯᠵᠡᠢ᠃ ᠮᠠᠰᠢᠵᠢᠷᠭᠠᠯ ᠭᠤᠸᠡᠢ ᠨᠠᠷᠠ ᠰᠠᠷᠠ ᠬᠡᠷᠡᠯᠳᠦᠭᠰᠡᠨ ᠢᠰᠡᠬᠡᠢ ᠪᠠᠷ ᠢᠶᠠᠨ ᠬᠦᠨᠵᠢᠯᠡ ᠲᠡᠪᠢᠰᠬᠡᠷ ᠢᠶᠠᠨ ᠪᠠᠭᠯᠠᠭᠠᠳ ᠦᠷᠯᠦᠬᠡ ᠶᠢᠨ ᠨᠠᠷᠠ ᠲᠠᠢ  ᠤᠷᠤᠯᠳᠤᠨ ᠪᠠᠷᠢᠭᠠᠳᠠ ᠶᠢ ᠴᠢᠭᠯᠡᠵᠦ ᠪᠠᠶᠢᠬᠰᠠᠨ ᠭᠡᠨ᠎ᠠ᠃ ᠦᠨᠤ ᠴᠤ ᠭᠡᠰᠡᠨ ᠠᠷᠠᠳ ᠤᠯᠠᠨ᠄ ︽ᠮᠠᠨ ᠤ ᠤᠯᠠᠭᠠᠨᠮᠦ᠋ᠴᠢᠷ ᠢᠡᠭᠬᠢᠵᠦ ᠬᠡᠯᠡᠵᠦ  ᠪᠠᠶᠢᠬᠰᠠᠨ︾ ᠬᠡᠵᠦ ᠦᠷᠦ ᠡᠪᠡᠳᠦᠨ ᠠᠩᠬᠠᠨ ᠤ ᠦᠶ᠎ᠠ ᠶᠢᠨ ᠤᠯᠠᠭᠠᠨᠮᠦ᠋ᠴᠢᠷ ᠤᠨ ᠬᠢᠨ ᠤ ᠵᠤᠷᠢᠭ ᠰᠠᠨᠠᠭ᠎ᠠ ᠶᠢ ᠮᠠᠬᠳᠠᠨ ᠶᠠᠷᠢᠵᠦ ᠪᠠᠶᠢᠬᠰᠠᠨ  ᠬᠡᠯᠳᠡᠢ᠃ ︽ᠤᠯᠠᠭᠠᠨᠮᠦ᠋ᠴᠢᠷ︾ ᠬᠡᠰᠡᠨ ᠢ ᠲᠡᠷᠡ ᠴᠠᠭ ᠠᠴᠠ ᠴᠤ ᠠᠷᠠᠳ ᠲᠦᠮᠡᠨ ᠦᠨᠡᠨ ᠬᠦ ᠦᠢᠯᠠᠭᠠᠵᠦ ᠲᠠᠨᠢᠵᠡᠢ᠃ ᠬᠠᠮᠤᠭ ᠤᠨ ᠡᠷᠳᠡ  ᠤᠯᠠᠭᠠᠨᠮᠦ᠋ᠴᠢᠷ ᠢ ᠲᠡᠯᠬᠡᠷᠡᠬᠦᠯᠵᠦ ᠪᠦᠬᠦ ᠤᠯᠤᠰ ᠢ ᠲᠤᠭᠤᠷᠢᠨ ᠲᠤᠬᠯᠠᠯᠳᠠ ᠭᠠᠷᠭᠠᠵᠦ ᠪᠠᠶᠢᠬᠰᠠᠨ ᠲᠡᠷᠡ ᠵᠢᠯ᠂ 1965 ᠤᠨ ᠳᠤ  ᠮᠠᠰᠢᠵᠢᠷᠭᠠᠯ ᠭᠤᠸᠡᠢ ᠶᠢᠨ ᠵᠤᠬᠢᠶᠠᠬᠰᠠᠨ ︽ᠠᠷᠠᠳ ᠤᠨ ᠬᠦᠡᠭᠱᠧ ᠰᠠᠶᠢᠨ︾ ᠬᠡᠰᠡᠨ ᠲᠠᠭᠤᠤ ᠶᠢ ᠤᠯᠠᠭᠠᠨᠮᠦ᠋ᠴᠢᠷ ᠤᠨ ᠬᠢᠨ ᠰᠠᠶᠢᠨ  ᠲᠠᠭᠤᠯᠠᠵᠦ ᠪᠠᠶᠢᠵᠡᠢ᠃ ᠡᠨᠡ ᠲᠠᠭᠤᠤ ᠶᠢᠨ ᠦᠨᠳᠦᠰᠤ ᠪᠤᠯ ︽ᠠᠵᠢᠨᠡᠢ︾ ᠬᠡᠰᠡᠨ ᠲᠠᠭᠤᠤ ᠪᠠᠶᠢᠬᠰᠠᠨ ᠬᠡᠵᠦ ᠮᠠᠰᠢᠵᠢᠷᠭᠠᠯ ᠭᠤᠸᠡᠢ  ᠬᠠᠭᠤᠴᠢᠯᠠᠨ᠎ᠠ᠃            ᠮᠠᠰᠢᠵᠢᠷᠭᠠᠯ ᠭᠤᠸᠡᠢ ᠤᠷᠠᠯᠢᠭ ᠤᠨ ᠠᠵᠢᠯ ᠳᠤ ᠭᠠᠪᠰᠢᠭᠠᠢᠢᠯᠠᠵᠦ᠂ ᠲᠤᠬᠯᠠᠬᠴᠢ ᠪᠠᠶᠢᠬᠰᠠᠨ ᠠᠴᠠ ᠪᠠᠨ ᠬᠦᠭᠵᠢᠮᠴᠢᠨ ᠪᠤᠯᠤᠬᠰᠠᠨ  ᠪᠦᠭᠡᠳ ᠶᠡᠬᠡᠨᠭᠬᠢ ᠴᠠᠭ ᠢᠶᠠᠨ ᠲᠠᠭᠤᠤ ᠬᠦᠭᠵᠢᠮ ᠤᠨ ᠵᠤᠬᠢᠶᠠᠯ ᠪᠢᠴᠢᠵᠤ ᠤᠷᠤᠯᠳᠤᠬᠤ ᠳᠤ ᠵᠤᠷᠢᠭᠤᠯᠵᠤ ᠶᠠᠪᠤᠵᠠᠢ᠃ ᠲᠡᠷᠡ ᠤᠯᠠᠨ  ᠵᠦᠢᠯ ᠤᠨ ᠬᠦᠭᠵᠢᠮ ᠤᠨ ᠲᠦᠷᠢ ᠶᠢ ᠴᠢᠷᠮᠠᠶᠢᠨ ᠪᠦᠳᠦᠬᠡᠵᠦ᠂ ᠤᠷᠠᠯᠢᠬᠴᠢᠳ ᠤᠨ ᠪᠡᠶ᠎ᠠ ᠬᠡᠯᠡ ᠰᠡᠳᠬᠢᠯ ᠤᠨ ᠨᠠᠮᠪᠠ ᠶᠢ ᠬᠦᠭᠵᠢᠮᠳᠡᠬᠦᠷ ᠢᠶᠠᠷ  ᠢᠯᠡᠳᠭᠡᠬᠦ ᠲᠡᠭᠡᠷ᠎ᠠ ᠨᠠᠰᠤ ᠪᠠᠨ ᠡᠯᠡᠬᠡᠭᠰᠡᠨ ᠤᠷᠠᠯᠢᠭ ᠤᠨ ᠠᠵᠢᠯᠳᠠᠨ ᠤ ᠭᠠᠶᠢᠬᠠᠮᠰᠢᠬᠳᠤ ᠨᠠᠮᠳᠠᠷ ᠲᠠᠢ ᠪᠢᠯᠡ᠃               ︽ᠰᠠᠨᠵᠢᠳᠮ᠎ᠠ︾᠎ ᠶᠢᠨ ᠭᠬᠢᠷ ᠦᠬᠡᠢ ᠴᠠᠭᠠᠨ ᠰᠠᠨᠠᠭ᠎ᠠ            ᠮᠠᠰᠢᠵᠢᠷᠭᠠᠯ ᠭᠤᠸᠡᠢ ᠠᠷᠪᠠᠭᠠᠳ ᠨᠠᠰᠤᠨ ᠤ ᠠᠯᠢᠶ᠎ᠠ ᠭᠠᠨᠭ᠍ᠭᠠᠡᠭ ᠦᠶ᠎ᠠ ᠳᠡᠭᠡᠨ ᠦᠪᠡᠷ ᠤᠨ ᠦᠢᠯᠡᠳᠦᠭᠰᠡᠨ ᠪᠤᠬ ᠮᠠᠯ ᠤᠨ  ᠰᠡᠷᠬᠢᠨᠠᠭ ᠤᠨ ᠪᠦᠷᠢᠶᠠᠰᠤ ᠲᠠᠢ᠂ ᠶᠤᠩᠬᠤᠷ ᠪᠤᠶᠤ ᠮᠤᠷᠢᠨ ᠰᠡᠬᠦᠯ ᠢᠶᠠᠷ ᠲᠠᠮᠤᠬᠰᠠᠨ ᠭᠤᠷᠪᠠᠨ ᠤᠳᠠᠰᠤᠳᠤ ᠬᠦᠭᠵᠢᠮᠳᠡᠬᠦᠷ ᠢᠶᠠᠷ ᠢᠶᠠᠨ  ᠠᠷᠠᠳ ᠤᠨ ᠲᠠᠭᠤᠴᠢᠨ ︽ᠰᠡᠨᠵᠢᠳᠮ᠎ᠠ︾ ᠬᠡᠬᠦ ᠲᠠᠭᠤᠤ ᠶᠢ ᠲᠠᠭᠤᠯᠠᠬᠤ ᠳᠤ ᠬᠠᠪᠰᠤᠷᠤᠨ ᠬᠦᠭᠵᠢᠮᠳᠡᠵᠤ ᠪᠠᠶᠢᠵᠠᠢ᠃            ᠬᠦᠨ ︵ᠴᠤ︶ ᠲᠠᠯᠠᠢ ᠶᠢᠨ ᠤᠰᠤᠨ ᠠᠴᠠ ᠪᠠᠨ            ᠲᠤᠩᠭᠠᠯᠠᠭ ᠲᠦᠷᠦᠭᠰᠡᠨ ᠶᠤᠮ ᠡ ᠭᠥ᠋            ᠬᠦᠢ ᠬᠤᠸᠠᠷ ︵ᠶᠦ︶ ᠴᠡᠴᠡᠭ ᠠᠴᠠ ᠪᠠᠨ            ᠦᠡᠭᠬᠡᠳᠡᠢ ᠲᠦᠷᠦᠭᠰᠡᠨ ᠶᠤᠮ ᠭᠥ᠋ ᠁            ︽︿ᠰᠡᠨᠵᠢᠳᠮ᠎ᠠ﹀ ᠬᠡᠳᠡᠭ ᠲᠠᠭᠤᠤ ᠪᠤᠯ ᠢᠨᠠᠭ ᠠᠮᠠᠷᠠᠭ ᠤᠨ ᠲᠠᠭᠤᠤ ᠨᠤᠭᠤᠳ ᠤᠨ ᠲᠤᠳᠤᠷ᠎ᠠ ᠬᠠᠮᠤᠭ ᠤᠨ ᠶᠡᠭᠡ ᠪᠠᠶᠢᠷᠢ ᠰᠠᠭᠤᠷᠢ  ᠪᠡ ᠨᠦᠯᠦᠬᠡ ᠲᠠᠢ ᠲᠠᠭᠤᠤ ᠶᠤᠮ᠃ ᠲᠤᠰ ᠲᠠᠭᠤᠤ ᠪᠤᠯ ᠰᠠᠨᠠᠨ ᠮᠦᠷᠦᠬᠡᠳᠦᠭᠰᠡᠨ᠂ ᠦᠬᠡᠶᠢᠯᠡᠭᠰᠡᠨ ᠰᠠᠨᠠᠭ᠎ᠠ ᠠᠬᠤᠢ ᠪᠠᠷ ᠬᠦᠨ ᠵᠤᠵᠠᠭᠠᠨ  ᠲᠠᠭᠤᠤ ᠪᠢᠯᠡ᠃ ᠷᠤᠮᠠᠨᠲ᠋ᠢᠭ ᠦᠵᠡᠯ ᠢᠶᠠᠷ ︿ᠰᠡᠨᠵᠢᠳᠮ᠎ᠠ﹀᠎ ᠶᠢᠨ ᠭᠬᠢᠷ ᠦᠬᠡᠢ ᠴᠠᠭᠠᠨ ᠰᠠᠨᠠᠭ᠎ᠠ ᠶᠢ ᠢᠯᠡᠳᠭᠡᠬᠦ ᠳᠡᠭᠡᠨ᠂ ᠰᠡᠨᠵᠢᠳᠮ᠎ᠠ ᠰᠢᠬ  ᠬᠠᠶᠢᠷ᠎ᠠ ᠪᠢᠯᠬᠠᠬᠰᠠᠨ᠂ ᠬᠦᠮᠦᠯᠢᠭ ᠦᠵᠡᠯ ᠲᠠᠢ᠂ ᠠᠷᠢᠭᠤᠨ ᠴᠡᠪᠡᠷ ᠪᠦᠬᠡᠳ ᠤᠯᠠᠨ ᠳᠠᠭᠠᠨ ᠬᠦᠷᠢᠶᠡᠯᠡᠭᠳᠡᠭᠰᠡᠨ ᠬᠦᠮᠤᠨ ᠨᠡᠶᠢᠬᠡᠮ ᠲᠡᠭᠡᠷ᠎ᠠ  ᠬᠡᠳᠦᠢ ᠤᠯᠠᠨ ᠪᠤᠯ ᠲᠡᠳᠦᠢ ᠰᠠᠶᠢᠨ ᠬᠡᠬᠦ ᠬᠦᠰᠡᠯᠠᠩᠳᠤ ᠰᠠᠨᠠᠭ᠎ᠠ ᠪᠠᠨ ᠬᠢᠷᠢ ᠪᠠᠷ ᠢᠶᠠᠨ ᠦᠯᠢᠬᠡᠷᠴᠢᠯᠡᠨ ᠪᠢᠴᠢᠯ᠎ᠠ︾ ᠬᠡᠵᠦ ᠮᠠᠰᠢᠵᠢᠷᠭᠠᠯ  ᠭᠤᠸᠡᠢ ᠶᠠᠷᠢᠨ᠎ᠠ᠃            ᠮᠠᠰᠢᠵᠢᠷᠭᠠᠯ ᠭᠤᠸᠡᠢ᠄ ︽ᠠᠷᠠᠳ ᠤᠨ ᠲᠠᠭᠤᠤ ᠪᠤᠯ ᠠᠷᠠᠳ ᠲᠦᠮᠡᠨ ᠤ ᠲᠡᠤᠬᠡ ᠮᠦᠨ᠂ ᠲᠡᠤᠬᠡ ᠪᠤᠯᠭᠠᠨ ᠡᠵᠡᠨ ᠲᠠᠢ ᠪᠠᠶᠢᠳᠠᠭ᠃  ᠪᠢ ︿ᠰᠠᠨᠵᠢᠳᠮ᠎ᠠ﹀ ᠬᠡᠰᠡᠨ ᠲᠠᠭᠤᠯᠠᠯᠳᠤ ᠪᠦᠵᠢᠭᠳᠦ ᠵᠦᠴᠦᠬᠡ ᠶᠢ ᠰᠡᠳᠬᠢᠮᠵᠢᠯᠡᠨ ᠵᠤᠬᠢᠶᠠᠬᠤ ᠶᠢᠨ ᠬᠠᠮᠳᠤ ︿ᠰᠠᠨᠵᠢᠳᠮ᠎ᠠ﹀ ᠬᠡᠬᠦ  ᠲᠤᠭᠤᠵᠢᠰ ᠢ ᠲᠤᠭᠤᠷᠪᠢᠵᠦ ᠪᠢᠴᠢᠯ᠎ᠠ᠃ ᠰᠡᠨᠵᠢᠳᠮ᠎ᠠ ᠪᠤᠯ ᠰᠡᠳᠬᠢᠯ ᠨᠢ ᠭᠤᠶᠤ ᠪᠠᠷ ᠪᠠᠷᠠᠬᠤ ᠦᠬᠡᠢ ᠲᠦᠷᠦᠭᠰᠡᠨ ᠨᠢ ᠴᠤ ᠭᠤᠶᠤ  ᠪᠠᠶᠢᠬᠤ ᠪᠠᠷ ᠭᠤᠸ᠎ᠠ ᠰᠠᠶᠢᠬᠠᠨ ᠤ ᠪᠦᠷᠢᠯᠸ᠎ᠠ ᠮᠦᠨ︾ ᠬᠡᠯ᠎ᠠ᠃            ᠠᠷᠠᠳ ᠤᠨ ᠲᠠᠭᠤᠤ ︽ᠰᠡᠨᠵᠢᠳᠮ᠎ᠠ︾᠎ ᠶᠢ ᠬᠤᠪᠢᠷᠠᠭᠤᠯᠤᠨ ᠤᠯᠠᠨ ᠶᠠᠩᠵᠤ ᠪᠠᠷ ᠲᠠᠭᠤᠯᠠᠵᠦ ᠬᠦᠭᠵᠢᠮᠳᠡᠳᠡᠭ᠃ ᠲᠡᠬᠦᠨ ᠤ  ᠬᠤᠷᠳᠤᠴᠠ ᠶᠢ ᠤᠯᠠᠨ ᠵᠦᠢᠯ ᠢᠶᠠᠷ ᠬᠤᠪᠢᠷᠠᠭᠠᠵᠦ ᠪᠤᠯᠳᠠᠭ᠃ ᠦᠢᠯᠠᠭᠠᠬᠰᠠᠨ ᠰᠡᠳᠬᠢᠯᠬᠡ ᠪᠠᠷ ᠢᠶᠠᠨ ᠷᠤᠮᠠᠨᠲ᠋ᠢᠭ᠂ ᠡᠶᠡᠯᠳᠡᠭ ᠵᠦᠬᠡᠯᠡᠨ᠂  ᠡᠷᠡᠮᠡᠯᠵᠡᠨ ᠰᠠᠨᠠᠭᠠᠯᠵᠠᠬᠰᠠᠨ᠂ ᠵᠤᠪᠠᠨᠢᠬᠰᠠᠨ᠂ ᠬᠦᠭᠵᠢᠬᠡᠯᠢᠭ᠂ ᠬᠦᠨᠳᠦᠳᠬᠡᠯ ᠲᠠᠢ᠂ ᠮᠠᠬᠳᠠᠬᠰᠠᠨ ᠪᠠ ᠡᠷᠬᠢᠴᠡᠬᠦᠯᠦᠭᠰᠡᠨ᠂ ᠡᠨᠡᠷᠢᠭᠰᠡᠨ ᠪᠤᠶᠤ  ᠬᠢᠯᠢᠩᠯᠡᠭᠰᠡᠨ᠂ ᠬᠤᠷᠤᠰᠤᠬᠰᠠᠨ ᠪᠤᠶᠤ ᠮᠦᠷᠦᠬᠡᠳᠦᠭᠰᠡᠨ ᠮᠡᠳᠤ ᠶᠢᠨ ᠰᠡᠳᠬᠢᠯᠬᠡ ᠶᠢ ᠲᠠᠪᠠ ᠪᠠᠷ ᠢᠶᠠᠨ ᠭᠠᠷᠭᠠᠵᠦ ᠪᠤᠯᠬᠤ ᠦᠪᠡᠷᠮᠢᠴᠠ  ᠤᠨᠴᠠᠯᠢᠭ ᠲᠠᠢ ᠪᠠᠶᠢᠳᠠᠭ ᠲᠤᠯᠠ ᠲᠤᠰ ᠲᠠᠭᠤᠤ ᠶᠢᠨ ᠬᠦᠭᠵᠢᠮ ᠤᠨ ᠲᠦᠷᠢ ᠶᠢᠨ ᠨᠢᠬᠡᠳᠦᠮᠡᠯ ᠴᠤᠬᠴᠠ ᠨᠢ ᠲᠡᠷᠡ ᠦᠶ᠎ᠠ ᠶᠢᠨ ᠡᠮᠡᠭᠳᠡᠢ  ᠬᠦᠮᠦᠨ ᠤ ᠠᠮᠢᠳᠤᠷᠠᠯ ᠢ ᠦᠵᠡᠭᠳᠡᠵᠤ ᠬᠠᠷᠠᠬᠳᠠᠳᠠᠯ᠎ᠠ ᠲᠠᠮᠳᠡᠭᠯᠡᠵᠤ᠂ ᠵᠠᠩᠴᠢᠨᠨᠤᠷᠪᠤ ᠶᠢᠨ ︽ᠮᠠᠨᠳᠤᠬᠠᠢ ᠰᠠᠴᠡᠨ︾ ᠺᠢᠨᠣ᠋ ᠶᠢᠨ ᠠᠶᠠᠯᠭᠤ ᠲᠠᠢ  ᠮᠦᠷᠦ ᠵᠡᠷᠬᠡᠴᠡᠮᠡᠷ ᠭᠠᠶᠢᠬᠠᠯᠳᠡᠢ ᠪᠦᠳᠤᠭᠡᠯ ᠪᠤᠯᠵᠠᠢ᠃            1993 ᠤᠨ ᠳᠤ ᠮᠠᠰᠢᠵᠢᠷᠭᠠᠯ ᠭᠤᠸᠡᠢ ᠶᠢᠨ ᠪᠦᠵᠢᠭᠳᠦ ᠵᠦᠴᠦᠬᠡ ᠶᠢᠨ ᠬᠦᠭᠵᠢᠮ ︽ᠰᠠᠨᠵᠢᠳᠮ᠎ᠠ︾᠎ ᠨᠢ ᠲᠦᠷᠦ ᠶᠢᠨ  ᠤᠷᠠᠯᠢᠭ ᠤᠨ ᠲᠡᠭᠡᠳᠤ ᠱᠠᠩᠨᠠᠯ ᠪᠤᠯᠬᠤ ᠪᠦᠬᠦ ᠤᠯᠤᠰ ᠤᠨ ︽ᠸᠧᠨ ᠬᠤᠸᠠ︾ ᠱᠠᠩᠨᠠᠯ ᠢ ᠬᠦᠷᠳᠡᠪᠠ᠃ ᠤᠷᠠᠯᠢᠭ ᠤᠨ ᠤᠯᠠ ᠮᠦᠷ ᠢᠶᠠᠨ ︽  ᠲᠤᠮᠳᠠᠳᠤ ᠤᠯᠤᠰ ᠤᠨ ᠤᠷᠠᠯᠢᠭᠴᠢᠳ ᠤᠨ ᠨᠡᠷᠡᠳᠤ ᠬᠦᠮᠦᠰ ᠤᠨ ᠨᠠᠮᠳᠠᠷ︾᠂ ︽ᠮᠤᠩᠭᠤᠯᠴᠢ ᠮᠠᠷᠭᠡᠳ ᠤᠨ ᠴᠢᠭᠤᠯᠭᠠᠨ︾᠂ ︽  ᠤᠷᠳᠤᠰ ᠤᠨ ᠵᠠᠭᠤᠨ ᠮᠡᠷᠭᠡᠳ ᠤᠨ ᠲᠤᠪᠴᠢ︾᠎ ᠳᠤ ᠲᠡᠮᠳᠡᠭᠯᠡᠬᠦᠯᠦᠭᠰᠡᠨ ᠮᠠᠰᠢᠵᠢᠷᠭᠠᠯ ᠭᠤᠸᠡᠢ ᠶᠢᠨ ᠲᠤᠨᠳᠠᠷᠡᠰᠢ ᠦᠬᠡᠢ ᠪᠤᠶᠠᠨ ᠬᠡᠰᠢᠭ ᠢ  ᠪᠠᠭ᠋ᠠᠷᠰᠤᠭᠠᠢ᠃    
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ