ᠬᠡᠷ ᠪᠦᠯᠢ ᠶᠢᠨ ᠮᠠᠯᠵᠢᠯ ᠤᠨ ᠳᠠᠯᠠᠪᠠᠢ ᠶᠢᠨ ᠳᠠᠭᠤᠷᠢᠶᠠᠯ ᠡᠷᠦᠬᠡ — ᠴᠡᠩᠬᠡᠯ
ᠨᠡᠶᠢᠲᠡᠯᠡᠭᠰᠡᠨ ᠴᠠᠭ᠄
2022/9/20
                     ᠳᠦᠩᠽᠢ ᠭᠠᠴᠠᠭᠠᠠ ᠤ ᠮᠠᠯᠴᠢᠨ ᠴᠡᠩᠬᠡᠯ ᠪᠤᠯ ᠦᠤᠰᠢᠨ ᠬᠤᠰᠢᠭᠤᠨ ᠤ ᠤᠷᠳᠤᠰ ᠤᠨ ᠨᠠᠷᠢᠨ ᠨᠤᠤᠰᠤᠳᠤ ᠬᠤᠨᠢᠨ ᠤ ᠡᠬᠦᠯᠳᠡᠷ ᠰᠠᠶᠢᠵᠢᠷᠠᠭᠤᠯᠤᠯᠳᠠ ᠶᠢᠨ ᠵᠢᠱᠢᠶᠡᠴᠢ ᠡᠷᠦᠬᠡ᠂ ᠮᠠᠯ ᠳᠠᠷᠢᠶᠠᠯᠠᠩ ᠤᠨ ᠮᠠᠰᠢᠨᠴᠢᠯᠠᠭᠰᠠᠠ ᠳᠤᠮᠤ ᠡᠷᠦᠬᠡ᠂ ᠤᠷᠳᠤᠰ ᠤᠨ ᠨᠠᠷᠢᠨ ᠨᠤᠤᠰᠤᠳᠤ ᠬᠤᠨᠢ ᠶᠢ ᠢᠬᠡᠷᠡᠯᠡᠬᠦᠯᠬᠦ ᠰᠤᠳᠤᠯᠭᠠᠠ ᠤ ᠳᠤᠷᠰᠢᠯᠳᠠ ᠶᠢᠨ ᠡᠷᠦᠬᠡ ᠶᠤᠮ᠃ 8000 ᠮᠤ᠋ ᠪᠡᠯᠴᠢᠬᠡᠷ ᠲᠡᠭᠡᠨ 1000 ᠭᠠᠷᠤᠢ ᠤᠷᠳᠤᠰ ᠤᠨ ᠨᠠᠷᠢᠨ ᠨᠤᠤᠰᠤᠳᠤ ᠬᠤᠨᠢ ᠮᠠᠯᠵᠢᠵᠦ᠂ ᠵᠢᠯ ᠪᠦᠷᠢ 500 ᠭᠠᠷᠤᠢ ᠬᠤᠨᠢ ᠬᠤᠷᠠᠭ᠎ᠠ ᠪᠤᠷᠤᠯᠠᠭᠤᠯᠳᠠᠭ᠃ ᠳᠡᠳᠡᠡ ᠤ ᠬᠢᠨ 140 ᠮᠤ᠋ ᠤᠰᠤᠨ ᠭᠠᠵᠠᠷ ᠳᠠᠷᠢᠵᠦ᠂ ᠪᠠᠷᠢᠮᠵᠢᠶᠠᠵᠢᠬᠰᠠᠠ ᠬᠤᠷᠤᠭ᠎ᠠ ᠬᠠᠰᠢᠶ᠎ᠠ᠂ ᠫᠧᠩ ᠰᠠᠷᠠᠪᠴᠢ᠂ ᠡᠯ᠎ᠡ ᠵᠦᠢᠯ ᠤᠨ ᠳᠠᠷᠢᠶᠠᠯᠠᠩ ᠤᠨ ᠮᠠᠰᠢᠨ ᠢᠵᠢ ᠪᠦᠷᠢᠨ᠃     2013 ᠤᠨ ᠠᠴᠠ ᠴᠡᠩᠬᠡᠯ ᠤᠯᠠᠠ ᠵᠢᠯ ᠤᠨ ᠳᠤᠷᠰᠢ ᠨᠠᠷᠢᠨ ᠨᠤᠤᠰᠤᠳᠤ ᠬᠤᠨᠢᠨ ᠳᠤ ᠭᠠᠷ ᠬᠡᠬᠡᠯᠳᠦᠬᠦᠯᠬᠡ ᠬᠢᠭᠰᠡᠡ ᠳᠤᠷᠰᠢᠯᠭ᠎ᠠ ᠳᠠᠭᠠᠨ ᠰᠠᠭᠤᠷᠢᠯᠠᠠ ᠤᠷᠳᠤᠰ ᠤᠨ ᠨᠠᠷᠢᠨ ᠨᠤᠤᠰᠤᠳᠤ ᠬᠤᠨᠢᠨ ᠳᠤ ᠢᠬᠡᠷᠡᠯᠡᠬᠦᠯᠬᠦ ᠳᠤᠷᠰᠢᠯᠳᠠ ᠶᠢ ᠬᠢᠵᠠᠢ᠃ ᠡᠳᠦᠷ ᠤᠨ ᠤᠳᠠᠭᠠᠠ ᠳᠤ ᠳᠡᠷᠡ ᠦᠷᠡᠵᠢᠯ ᠤᠨ ᠬᠤᠨᠢ ᠳᠠᠷᠭᠤ ᠬᠦᠴᠦ ᠰᠠᠶᠢᠨ ᠤᠷᠢᠳᠠᠯ ᠳᠤᠤᠷ᠎ᠠ ᠦᠷᠯᠦᠬᠡ᠂ ᠦᠳᠡᠰᠢ ᠬᠤᠶᠠᠷ ᠤᠳᠠᠭ᠎ᠠ ᠬᠤᠴᠠ ᠳᠠᠭᠠᠭᠤᠯᠪᠠᠯ ᠢᠬᠡᠷᠡᠯᠡᠬᠦ ᠨᠤᠷᠮ᠎ᠠ ᠨᠢ ᠦᠨᠳᠦᠷ ᠪᠠᠶᠢᠬᠤ ᠶᠢ ᠠᠵᠢᠶᠠᠷᠠᠪᠠ᠃ ᠴᠡᠩᠬᠡᠯ ᠡᠨᠡ ᠬᠦ ᠳᠤᠷᠰᠢᠯᠳᠠ ᠶᠢᠨ ᠦᠷ᠎ᠡ ᠪᠦᠳᠦᠬᠡᠯ ᠢᠶᠠᠨ ᠳᠡᠬᠡᠳᠦ ᠱᠠᠳᠤᠨ ᠤ ᠳᠠᠷᠢᠶᠠᠯᠠᠩ ᠮᠠᠯ ᠠᠵᠦ ᠠᠬᠤᠢ ᠶᠢᠨ ᠰᠠᠯᠠᠭ᠎ᠠ ᠮᠦᠴᠢᠷ ᠲᠤ ᠬᠠᠷᠢᠭᠤ ᠮᠡᠳᠡᠬᠦᠯᠦᠬᠡᠳ ᠤᠷᠤᠨ ᠂ ᠬᠤᠳᠠ᠂ ᠬᠤᠰᠢᠭᠤ ᠱᠠᠳᠤᠨ ᠤ ᠮᠠᠯ ᠠᠵᠤ ᠠᠬᠤᠢ ᠶᠢᠨ ᠳᠤᠰᠬᠠᠢ ᠮᠡᠷᠬᠡᠵᠢᠯᠳᠡᠡ ᠤ ᠬᠦᠨᠳᠦᠳᠬᠡᠯ ᠪᠤᠯᠤᠨ ᠨᠤᠳᠠᠯᠠᠯᠳᠠ ᠶᠢ ᠤᠯᠤᠭᠰᠠᠠ ᠪᠠᠶᠢᠨ᠎ᠠ᠃ 2014 ᠤᠨ ᠠᠴᠠ 2015 ᠤᠨ ᠪᠤᠯᠳᠠᠯ᠎ᠠ ᠮᠠᠯ ᠠᠵᠤ ᠠᠬᠤᠢ ᠶᠢᠨ ᠳᠤᠰᠬᠠᠢ ᠮᠡᠷᠬᠡᠵᠢᠯᠳᠡᠳ ᠴᠡᠩᠬᠡᠯ ᠤᠨ ᠬᠡᠷ ᠲᠤ ᠨᠠᠷᠢᠨ ᠨᠤᠤᠰᠤᠳᠤ ᠬᠤᠨᠢ ᠶᠢ ᠢᠬᠡᠷᠡᠯᠡᠬᠦᠯᠬᠦ ᠰᠢᠨᠵᠢᠯᠡᠬᠦ ᠤᠬᠠᠭᠠᠠᠴᠢ ᠳᠤᠷᠰᠢᠯᠳᠠ ᠶᠢ ᠰᠢᠰᠲ᠋ᠧᠮ ᠲᠠᠢ ᠬᠢᠭᠰᠡᠡ ᠤ ᠳᠠᠷᠠᠭ᠎ᠠ ︽ᠰᠢᠮ᠎ᠠ ᠳᠡᠵᠢᠬᠡᠯ ᠨᠢ ᠤᠷᠳᠤᠰ ᠤᠨ ᠨᠠᠷᠢᠨ ᠨᠤᠤᠰᠤᠳᠤ ᠬᠤᠨᠢᠨ ᠤ ᠤᠯᠠᠠ ᠬᠦᠪᠦᠷᠡᠯ ᠪᠤᠶᠢᠵᠢᠭᠤᠯᠬᠤ ᠶᠢ ᠨᠦᠯᠦᠬᠡᠯᠡᠨ᠎ᠡ︾ ᠬᠡᠰᠡᠡ ᠰᠤᠳᠤᠯᠭᠠᠠ ᠤ ᠦᠷ᠎ᠠ ᠪᠦᠳᠦᠬᠡᠯ ᠢ ᠭᠠᠷᠭᠠᠵᠦ᠂ ᠨᠠᠷᠢᠨ ᠨᠤᠤᠰᠤᠳᠤ ᠬᠤᠨᠢᠨ ᠤ ᠳᠦᠯ ᠳᠤᠰᠬᠤ ᠨᠤᠷᠮ᠎ᠠ ᠶᠢ 150%᠎ ᠳᠤ ᠬᠦᠷᠬᠡᠵᠠᠢ᠃ ᠤᠳᠤᠬᠠᠠ ᠳᠤ ᠳᠤᠰ ᠰᠤᠳᠤᠯᠭᠠᠠ ᠤ ᠦᠷ᠎ᠡ ᠪᠦᠳᠦᠬᠡᠯ ᠨᠢ ᠨᠢᠬᠡᠨᠳᠡ ᠪᠦᠬᠦ ᠬᠤᠰᠢᠭᠤᠨ ᠤ ᠤᠷᠳᠤᠰ ᠤᠨ ᠨᠠᠷᠢᠨ ᠨᠤᠤᠰᠤᠳᠤ ᠬᠤᠨᠢᠨ ᠤ 102 ᠮᠠᠯᠵᠢᠯ ᠤᠨ ᠡᠷᠦᠬᠡ ᠳᠤ ᠳᠦᠬᠡᠵᠦ᠂ ᠨᠡᠶᠢᠳᠡ 10000 ᠭᠠᠷᠤᠢ ᠦᠷᠡᠵᠢᠯ ᠤᠨ ᠬᠤᠨᠢᠨ ᠳᠤ ᠬᠡᠬᠡᠯᠳᠦᠬᠦᠯᠬᠡ ᠠᠴᠠ ᠡᠮᠦᠨ᠎ᠡ ᠳᠡᠵᠢᠬᠡᠯ ᠪᠤᠷᠳᠤᠭ᠎ᠠ ᠨᠦᠬᠦᠪᠦᠷᠢᠯᠡᠬᠦ ᠶᠢ ᠪᠡᠶᠡᠯᠡᠬᠦᠯᠦᠬᠡᠳ ᠢᠬᠡᠷᠡᠯᠡᠬᠦ ᠨᠤᠷᠮ᠎ᠠ ᠶᠢ 33.2% ᠪᠤᠯᠳᠠᠯ᠎ᠠ ᠨᠡᠮᠡᠭᠳᠡᠬᠦᠯᠪᠡ᠃ ᠨᠠᠷᠢᠨ ᠨᠤᠤᠰᠤᠳᠤ ᠬᠤᠨᠢ ᠶᠢ ᠢᠬᠡᠷᠡᠯᠡᠬᠦᠯᠬᠦ ᠳᠤᠷᠰᠢᠯᠳᠠ ᠶᠢᠨ ᠠᠮᠵᠢᠯᠳᠠ ᠤᠯᠤᠭᠰᠠᠠ ᠶᠠᠪᠤᠳᠠᠯ ᠨᠢ ᠤᠷᠳᠤᠰ ᠤᠨ ᠨᠠᠷᠢᠨ ᠨᠤᠤᠰᠤᠳᠤ ᠬᠤᠨᠢᠨ ᠤ ᠳᠦᠯ ᠳᠤᠰᠬᠤ ᠨᠤᠷᠮ᠎ᠠ ᠶᠢ ᠨᠡᠮᠡᠭᠳᠡᠬᠦᠯᠵᠦ᠂ ᠮᠠᠯᠵᠢᠯ ᠤᠨ ᠤᠷᠤᠯᠭ᠎ᠠ ᠶᠢ ᠶᠡᠬᠡᠬᠡᠨ ᠳᠡᠬᠡᠭᠰᠢᠯᠡᠬᠦᠯᠵᠠᠢ᠃ ᠴᠡᠩᠬᠡᠯ ᠤᠨ ᠨᠠᠷᠢᠨ ᠨᠤᠤᠰᠤᠳᠤ ᠬᠤᠨᠢᠨ ᠤ ᠢᠬᠡᠷᠡᠯᠡᠬᠦ ᠨᠤᠷᠮ᠎ᠠ ᠨᠢ 70%᠎ ᠳᠤ ᠬᠦᠷᠴᠦ᠂ ᠵᠢᠯ ᠤᠨ ᠤᠷᠤᠯᠭ᠎ᠠ ᠨᠢ 70 ᠳᠦᠮᠡᠡ ᠳᠦᠬᠦᠷᠢᠭ ᠲᠤ ᠬᠦᠷᠦᠬᠡᠳ ᠦᠤᠰᠢᠨ ᠬᠤᠰᠢᠭᠤᠨ ᠤ ᠤᠷᠳᠤᠰ ᠤᠨ ᠨᠠᠷᠢᠨ ᠨᠤᠤᠰᠤᠳᠤ ᠬᠤᠨᠢᠨ ᠤ ᠠᠰᠢᠭ ᠰᠢᠮ᠎ᠠ ᠶᠢ ᠳᠠᠬᠢᠨ ᠢᠶᠠᠷ ᠨᠡᠮᠡᠭᠳᠡᠬᠦᠯᠦᠭᠰᠡᠡ ᠨᠡᠶᠢᠳᠡᠯᠢᠭ ᠵᠢᠱᠢᠶᠡᠴᠢ ᠡᠷᠦᠬᠡ ᠪᠤᠯᠤᠭᠰᠠᠠ ᠪᠠᠶᠢᠨ᠎ᠠ᠃       
ᠢᠷᠡᠯᠲᠡ᠄ ᠤᠷᠳᠣᠰ ᠮᠤᠩᠭᠤᠯ ᠰᠦᠯᠵᠢᠶ᠎ᠡ