ᠲᠥᠯ ᠲᠤᠰᠬᠤ
ᠨᠡᠶᠢᠲᠡᠯᠡᠭᠰᠡᠨ ᠴᠠᠭ᠄
2022/9/20
      ᠲᠥᠯ ᠲᠤᠰᠬᠤ ᠭᠡᠳᠡᠭ ᠪᠣᠯ ᠬᠤᠨᠢ ᠢᠮᠠᠭ᠎ᠠ ᠲᠥᠯᠯᠡᠬᠦ ᠦᠶ᠎ᠡ ᠪᠠᠷ ᠬᠤᠷᠠᠭ᠎ᠠ ᠢᠰᠢᠭᠡ ᠶᠢ ᠮᠡᠨᠳᠦ ᠲᠤᠰᠴᠤ ᠠᠪᠬᠤ ᠶᠢ ᠬᠡᠯᠡᠨ᠎ᠡ᠃ ᠬᠤᠨᠢ ᠬᠤᠷᠠᠭᠠᠯᠠᠬᠤ ᠣᠶᠢᠷᠠᠲᠤᠪᠠᠯ ᠮᠠᠯᠴᠢᠳ ᠬᠤᠲᠠ ᠬᠤᠷᠤᠭ᠎ᠠ ᠪᠠᠨ ᠳᠤᠯᠠᠭᠠᠯᠠᠬᠤ ᠶᠢᠨ ᠬᠠᠮᠲᠤ ᠬᠤᠷᠠᠭᠠᠨ ᠤᠭᠤᠲᠠ (ᠲᠡᠭᠲᠦ)᠂ ᠬᠤᠨᠢᠨ ᠤ ᠤᠨᠤᠭ᠎ᠠ᠂ ᠠᠷᠤᠭ᠂ ᠤᠭᠵᠢ᠂ ᠵᠤᠲᠠᠩ ᠤᠨ ᠭᠤᠯᠢᠷ᠂ ᠰᠦᠨ ᠲᠠᠯᠬ᠎ᠠ ᠵᠡᠷᠭᠡ ᠬᠤᠷᠠᠭ᠎ᠠ ᠲᠤᠰᠬᠤ ᠳᠤ ᠬᠡᠷᠡᠭᠰᠡᠬᠦ ᠵᠦᠢᠯ ᠢᠶᠠᠨ ᠪᠡᠯᠡᠳᠬᠡᠨ ᠲᠥᠬᠦᠭᠡᠷᠴᠦ ᠡᠳᠦᠷ ᠤᠨ ᠬᠠᠷᠢᠭᠤᠯᠤᠯᠭ᠎ᠠ᠂ ᠰᠥᠨᠢ ᠶᠢᠨ ᠮᠠᠨᠠᠭ᠎ᠠ᠂ ᠬᠤᠷᠠᠭᠠᠨ ᠤ ᠠᠷᠠᠴᠢᠯᠠᠭ᠎ᠠ ᠵᠡᠷᠭᠡ ᠳᠤ ᠬᠥᠳᠡᠯᠮᠦᠷᠢ ᠬᠦᠴᠦ ᠪᠠᠨ ᠵᠦᠢ ᠵᠣᠬᠢᠰᠲᠠᠢ ᠲᠣᠬᠢᠷᠠᠭᠤᠯᠵᠤ ᠬᠤᠷᠠᠭ᠎ᠠ ᠲᠣᠰᠬᠤ ᠪᠡᠯᠡᠳᠬᠡᠯ ᠠᠵᠢᠯ ᠢᠶᠠᠨ ᠱᠠᠯᠠᠪᠳᠠᠨ ᠬᠢᠵᠡᠭᠡᠳᠡᠭ᠃ ᠲᠥᠯ ᠲᠣᠰᠬᠤ ᠨᠢ ᠬᠠᠮᠤᠭ ᠤᠨ ᠶᠠᠭᠠᠷᠠᠤ ᠮᠥᠷᠲᠡᠭᠡᠨ ᠬᠠᠮᠤᠭ ᠤᠨ ᠬᠦᠴᠢᠷ ᠪᠡᠷᠬᠡᠰᠢᠶᠡᠯ ᠲᠠᠢ ᠠᠵᠢᠯ ᠪᠣᠯᠬᠤᠷ ᠮᠠᠯᠴᠢᠳ ᠡᠨᠡ ᠬᠤᠭᠤᠴᠠᠭ᠎ᠠ ᠶᠢ ︽ᠤᠨᠠᠭᠰᠠᠨ ᠮᠠᠯᠠᠭᠠᠢ ᠪᠠᠨ ᠠᠪᠬᠤ ᠵᠠᠪ ᠦᠭᠡᠢ᠂ ᠤᠴᠠᠷᠠᠭᠰᠠᠨ ᠬᠥᠮᠥᠨ ᠲᠠᠢ ᠳᠤᠤᠭᠠᠷᠬᠤ ᠴᠢᠯᠦᠭᠡ ᠦᠭᠡᠢ︾ ᠭᠡᠵᠦ ᠬᠡᠯᠡᠳᠡᠭ᠃ ᠡᠨᠡ ᠬᠤᠭᠤᠴᠠᠭᠠᠨ ᠳᠤ ᠬᠤᠨᠢᠴᠢᠨ ᠬᠤᠨᠢ ᠪᠠᠨ ᠬᠠᠷᠢᠭᠤᠯᠬᠤ ᠳᠤ ᠪᠠᠨ ᠬᠤᠷᠠᠭᠠᠨ ᠤᠭᠤᠲᠠ ᠠᠪᠴᠤ ᠶᠠᠪᠤᠳᠠᠭ ᠪᠥᠭᠡᠳ ᠬᠡᠭᠡᠷ᠎ᠡ ᠭᠠᠳᠠᠨ᠎ᠠ ᠬᠤᠨᠢ ᠬᠤᠷᠠᠭᠠᠯᠠᠪᠠᠯ ᠬᠤᠷᠠᠭ᠎ᠠ ᠬᠥᠯᠳᠡᠵᠦ ᠪᠡᠭᠡᠷᠡᠬᠦ ᠠᠴᠠ ᠡᠮᠦᠨ᠎ᠡ ᠠᠪᠴᠤ ᠬᠤᠷᠠᠭᠠᠨ ᠤᠭᠤᠲᠠᠨ ᠳᠤ ᠪᠠᠨ ᠬᠢᠳᠡᠭ᠃ ᠬᠡᠷᠪᠡ ᠡᠳᠦᠷ ᠳᠤᠯᠠᠭᠠᠨ ᠪᠣᠯ ᠡᠬᠡ ᠪᠠᠷ ᠨᠢ ᠳᠣᠯᠢᠶᠠᠯᠭᠠᠵᠤ ᠪᠡᠶ᠎ᠡ ᠶᠢ ᠨᠢ ᠬᠠᠲᠠᠭᠠᠭᠰᠠᠨ ᠤ ᠰᠡᠭᠦᠯᠡᠷ ᠤᠭᠤᠲᠠᠯᠠᠨ᠎ᠠ᠃ ᠡᠳᠦᠷ ᠤᠨ ᠳᠤᠰᠤᠭᠰᠠᠨ ᠬᠤᠷᠠᠭ᠎ᠠ ᠪᠠᠨ ᠣᠷᠣᠢ ᠨᠢ ᠬᠤᠨᠢ ᠪᠠᠨ ᠬᠤᠲᠠᠯᠠᠭᠰᠠᠨ ᠤ ᠳᠠᠷᠠᠭ᠎ᠠ ᠡᠬᠡ ᠶᠢ ᠨᠢ ᠣᠯᠵᠤ ᠬᠥᠬᠦᠭᠦᠯᠳᠡᠭ᠃ ᠰᠥᠨᠢ ᠳᠤ ᠎ ᠪᠠᠨ ᠬᠤᠨᠢ ᠪᠠᠨ ᠮᠠᠨᠠᠵᠤ ᠬᠤᠨᠣᠬᠤ ᠪᠤᠶᠤ ᠲᠣᠭᠲᠠᠭᠰᠠᠨ ᠴᠠᠭ ᠲᠠᠢ ᠪᠠᠷ ᠬᠤᠷᠤᠭᠠᠨ‌‍ᠳᠤ ᠪᠠᠨ ᠣᠷᠣᠵᠤ ᠬᠤᠨᠢ ᠬᠤᠷᠠᠭᠠᠯᠠᠭᠰᠠᠨ ᠡᠰᠡᠬᠦ ᠪᠠ ᠬᠤᠷᠠᠭᠠᠯᠠᠬᠤ ᠢᠯᠡᠷᠡᠯ ᠭᠠᠷᠴᠤ ᠪᠠᠶᠢᠬᠤ ᠡᠰᠡᠬᠦ ᠶᠢ ᠪᠠᠶᠢᠴᠠᠭᠠᠨ ᠦᠵᠡᠨ᠎ᠡ᠃ ᠲᠥᠯ ᠲᠣᠰᠬᠤ ᠦᠶ᠎ᠡ ᠳᠤ ᠬᠤᠨᠢ ᠬᠤᠷᠠᠭᠠᠯᠠᠬᠤ ᠳᠤ ᠪᠠᠨ ᠪᠡᠷᠬᠡᠳᠡᠬᠦ᠂ ᠪᠢᠲᠡᠭᠦᠦ ᠬᠠᠯᠢᠰᠤ ᠲᠠᠢ ᠬᠤᠷᠠᠭ᠎ᠠ ᠭᠠᠷᠬᠤ᠂ ᠬᠤᠷᠠᠭ᠎ᠠ ᠪᠦᠲᠡᠬᠦ ᠵᠡᠷᠭᠡ ᠶᠡᠷᠦ ᠪᠤᠰᠤ ᠶᠢᠨ ᠦᠵᠡᠭᠳᠡᠯ ᠭᠠᠷᠳᠠᠭ ᠲᠤᠯᠠ ᠬᠤᠨᠢ ᠬᠤᠷᠠᠭᠠᠯᠠᠬᠤ ᠪᠦᠷᠢ ᠨᠠᠷᠢᠨ ᠪᠠᠢᠴᠠᠭᠠᠵᠤ ᠡᠶᠢᠮᠦᠷᠬᠦᠦ ᠣᠨᠴᠠᠭᠠᠢ ᠪᠠᠶᠢᠳᠠᠯ ᠢᠯᠡᠷᠡᠪᠡᠯ ᠳᠣᠣᠷ᠎ᠠ ᠳᠣᠣᠷ᠎ᠠ ᠨᠢ ᠠᠳᠠᠯᠢ ᠪᠤᠰᠤ ᠠᠷᠭ᠎ᠠ ᠪᠠᠷ ᠲᠤᠰᠠᠯᠠᠮᠵᠢ ᠦᠵᠡᠭᠦᠯᠵᠦ ᠰᠦᠢᠳᠦᠯ ᠭᠠᠷᠬᠤ ᠠᠴᠠ ᠰᠡᠷᠭᠡᠶᠢᠯᠡᠳᠡᠭ᠃ ᠣᠷᠣᠢ ᠬᠤᠨᠢ ᠪᠠᠨ ᠬᠤᠲᠠᠯᠠᠵᠤ ᠬᠤᠷᠠᠭ᠎ᠠ ᠬᠥᠬᠦᠭᠦᠯᠬᠦ ᠦᠶ᠎ᠡ ᠳᠤ ᠬᠤᠷᠠᠭ᠎ᠠ ᠪᠠᠨ ᠨᠢᠭᠡ ᠨᠢᠭᠡ ᠪᠠᠷ ᠨᠢ ᠡᠬᠡ ᠶᠢ ᠨᠢ ᠣᠯᠵᠤ ᠥᠭᠭᠦᠨ᠎ᠡ᠃ ᠰᠥᠨᠢ ᠳᠤ ᠪᠠᠨ ᠢᠯᠠᠩᠭᠤᠶ᠎ᠠ ᠴᠠᠰᠤ ᠰᠢᠭᠤᠷᠭᠠᠨ ᠲᠠᠢ ᠬᠦᠢᠲᠡᠨ ᠰᠥᠨᠢ ᠠᠷᠤᠭ ᠲᠠᠢ ᠬᠤᠷᠠᠭ᠎ᠠ ᠨᠤᠭᠤᠳ ᠲᠠᠭᠠᠷᠠᠵᠤ ᠪᠡᠭᠡᠷᠡᠬᠦ ᠳᠤ ᠪᠠᠨ ᠣᠪᠣᠭᠠᠷᠠᠯᠳᠤᠵᠤ ᠨᠢᠯᠬ᠎ᠠ ᠬᠤᠷᠠᠭ᠎ᠠ ᠨᠢ ᠳᠠᠷᠤᠭᠳᠠᠵᠤ ᠦᠬᠦᠬᠦ ᠠᠶᠤᠯ ᠲᠠᠢ ᠲᠤᠯᠠ ᠬᠤᠷᠣᠭᠠᠨ ᠳᠤ ᠪᠤᠶᠤ ᠠᠷᠤᠭ ᠲᠤ ᠬᠢᠭᠰᠡᠨ ᠬᠤᠷᠠᠭ᠎ᠠ ᠶᠢ ᠪᠠᠶᠢᠨ ᠳᠠᠬᠢᠨ ᠪᠠᠶᠢᠴᠠᠭᠠᠵᠤ ᠣᠪᠤᠭᠠᠷᠠᠯᠳᠤᠭᠰᠠᠨ ᠪᠠᠶᠢᠪᠠᠯ ᠲᠡᠷᠡ ᠳᠣᠣᠷ᠎ᠠ ᠨᠢ ᠬᠥᠳᠡᠯᠭᠡᠵᠦ ᠰᠢᠯᠵᠢᠭᠦᠯᠵᠦ ᠥᠭᠳᠡᠭ᠃ 
ᠢᠷᠡᠯᠲᠡ᠄ ᠮᠤᠩᠭᠤᠯ ᠰᠤᠶᠤᠯ ᠵᠠᠩ ᠦᠢᠯᠡ ᠶᠢᠨ ᠬᠦᠮᠦᠵᠢᠯ