ᠨᠤᠳᠤᠭ ᠤᠨ ᠡᠭᠦᠯᠳᠡᠷ ᠤᠨ ᠢᠮᠠᠭ᠎ᠠ ᠪᠠᠨ ᠰᠡᠷᠬᠦᠬᠡᠵᠤ ᠮᠠᠯᠵᠢᠭᠰᠠᠨ ᠤ ᠤᠴᠢᠷ
ᠨᠡᠶᠢᠲᠡᠯᠡᠭᠰᠡᠨ ᠴᠠᠭ᠄
2022/9/20
                                  ᠨᠠᠷᠢᠴᠠ ᠶᠢᠨ ᠬᠡᠮᠵᠢᠶ᠎ᠡ 13.56 ᠮᠢᠺᠷᠦᠮᠧᠲᠷ᠂ ᠨᠤᠤᠯᠤᠭᠤᠷ ᠤᠨ ᠭᠠᠷᠤᠯᠳᠠ 1510 ᠭᠷᠠᠮ — ᠤᠳᠤᠭ ᠬᠤᠰᠢᠭᠤᠨ ᠤ ᠠᠷᠪᠠᠰ ᠰᠤᠮᠤ ᠶᠢᠨ ᠨᠤᠭᠤᠭᠠᠨᠳᠠᠢ ᠭᠠᠴᠠᠭᠠᠨ ᠤ ᠮᠠᠯᠴᠢᠨ ᠬᠤᠤᠰᠴᠢᠯᠠᠭᠤ ᠶᠢᠨ ᠤᠬᠤᠨ᠎ᠠ ᠪᠦᠬᠦ ᠬᠤᠰᠢᠭᠤᠨ ᠤ ᠪᠠᠨ ᠵᠢᠷᠭᠤᠳᠤᠭᠠᠷ ᠬᠤᠭᠤᠴᠠᠭᠠᠨ ᠤ ᠠᠷᠪᠠᠰ ᠤᠨ ᠨᠤᠤᠯᠤᠭᠤᠷ ᠤᠨ ᠴᠠᠭᠠᠨ ᠢᠮᠠᠭᠠᠨ ᠤ ᠦᠷ᠎ᠡ ᠶᠢᠨ ᠮᠠᠯ ᠢ ᠠᠳᠠᠯᠢᠳᠬᠠᠨ ᠰᠢᠯᠭᠠᠷᠠᠭᠤᠯᠬᠤ ᠤᠷᠤᠯᠳᠤᠭᠠᠨ ᠳᠤ ᠲᠦᠷᠦᠬᠦᠯᠡᠪᠡ᠃     ᠡᠨᠡ ᠵᠢᠯ᠂ ᠤᠲᠤᠭ ᠬᠤᠰᠢᠭᠤ ᠠᠷᠪᠠᠰ ᠤᠨ ᠨᠤᠤᠯᠤᠭᠤᠷ ᠤᠨ ᠴᠠᠭᠠᠨ ᠢᠮᠠᠭᠠᠨ ᠤ ᠦᠷ᠎ᠠ ᠶᠢᠨ ᠮᠠᠯ ᠢ ᠠᠳᠠᠯᠢᠳᠬᠠᠨ ᠰᠢᠯᠭᠠᠷᠠᠭᠤᠯᠬᠤ ᠤᠷᠤᠯᠳᠤᠭᠠᠨ ᠢ ᠦᠵᠦᠭᠦᠷ ᠪᠠᠯᠭᠠᠰᠤ ᠶᠢᠨ ᠤᠷᠠᠨ ᠳᠦᠰᠢ ᠭᠠᠴᠠᠭᠠᠨ ᠳᠤ ᠶᠠᠪᠤᠭᠳᠠᠭᠤᠯᠵᠤ᠂ ᠮᠠᠯᠴᠢᠳ ᠲᠤᠬᠠᠢ ᠶᠢᠨ ᠲᠠᠯᠠᠪᠤᠷ ᠲᠤ ᠢᠮᠠᠭ᠎ᠠ ᠪᠠᠨ ᠰᠠᠮᠨᠠᠨ ᠬᠠᠮᠢᠶ᠎ᠠ ᠪᠦᠬᠦᠢ ᠮᠡᠷᠬᠡᠵᠢᠯ ᠤᠨ ᠠᠵᠢᠯᠳᠠᠳ ᠤᠨ ᠬᠢᠨᠠᠯᠳᠠ ᠳᠤᠤᠷ᠎ᠠ ᠨᠤᠤᠯᠤᠭᠤᠷ ᠤᠨ ᠨᠠᠷᠢᠴᠠ ᠶᠢᠨ ᠬᠡᠮᠵᠢᠶ᠎ᠡ᠂ ᠨᠤᠤᠯᠤᠭᠤᠷ ᠤᠨ ᠭᠠᠷᠤᠯᠳᠠ ᠪᠠ ᠴᠡᠪᠡᠷ ᠨᠤᠤᠯᠤᠭᠤᠷ ᠤᠨ ᠭᠠᠷᠤᠯᠳᠠ ᠶᠢ ᠬᠡᠮᠵᠢᠨ ᠰᠢᠯᠭᠠᠷᠠᠭᠤᠯᠵᠠᠢ᠃ ᠳᠡᠭᠡᠭᠡᠳ ᠬᠤᠤᠰᠴᠢᠯᠠᠭᠤ ᠶᠢᠨ ᠤᠬᠤᠨ᠎ᠠ ︽ᠠᠷᠪᠠᠰ ᠤᠨ ᠨᠤᠤᠯᠤᠭᠤᠷ ᠤᠨ ᠴᠠᠭᠠᠨ ᠢᠮᠠᠭᠠᠨ ᠤ ᠰᠢᠯᠢᠳᠡᠭ ᠡᠭᠦᠯᠳᠡᠷ ᠤᠨ ᠮᠠᠩᠯᠠᠢ︾ ᠪᠠᠷ ᠲᠤᠳᠤᠷᠠᠵᠤ᠂ 8000 ᠲᠦᠭᠦᠷᠢᠭ ᠢᠶᠠᠷ ᠱᠠᠩᠨᠠᠭᠳᠠᠭᠰᠠᠨ ᠪᠢᠯᠡ᠃     ᠨᠤᠤᠯᠤᠭᠤᠷ ᠤᠨ ᠢᠮᠠᠭ᠎ᠠ ᠪᠠᠨ ᠡᠭᠦᠯᠳᠡᠷ ᠰᠠᠶᠢᠵᠢᠷᠠᠭᠤᠯᠤᠭᠰᠠᠨ ᠦᠡᠭᠭᠡᠷᠡᠯᠳᠡ ᠪᠠᠨ ᠶᠠᠷᠢᠬᠤ ᠳᠤ ᠬᠤᠤᠰᠴᠢᠯᠠᠭᠤ ᠭᠤᠸᠠᠢ ᠪᠠᠶᠠᠷᠯᠠᠵᠤ ᠤᠮᠤᠭᠰᠢᠭᠰᠠᠨ ᠰᠡᠳᠬᠢᠯ ᠢᠶᠠᠨ ᠳᠠᠷᠤᠵᠤ ᠶᠠᠳᠠᠨ᠎ᠠ᠃ ᠲᠡᠷᠡ᠄ ︽ᠦᠡᠭᠭᠡᠷᠡᠭᠰᠡᠨ ᠨᠢᠬᠡ ᠦᠶ᠎ᠠ ᠪᠢᠳᠡ ᠨᠤᠤᠯᠤᠭᠤᠷ ᠤᠨ ᠭᠠᠷᠤᠯᠳᠠ ᠶᠢ ᠰᠤᠬᠤᠷ ᠪᠠᠯᠠᠢ ᠪᠠᠷ ᠬᠦᠭᠡᠭᠡᠴᠡᠯᠳᠦᠵᠦ᠂ ᠭᠠᠳᠠᠨ᠎ᠠ ᠠᠴᠠ ᠨᠤᠤᠯᠤᠭᠤᠷ ᠤᠨ ᠤᠬᠤᠨ᠎ᠠ ᠤᠷᠤᠭᠤᠯᠵᠤ ᠲᠠᠯᠪᠢᠭᠠᠳ ᠶᠡᠭᠡ ᠬᠤᠬᠢᠷᠠᠯ ᠠᠮᠰᠠᠭᠰᠠᠨ ᠰᠢᠦ︕ ᠡᠨᠡ ᠬᠡᠳᠦᠨ ᠵᠢᠯ ᠠᠴᠠ ᠪᠢ ᠳᠠᠬᠢᠨ ᠨᠤᠲᠤᠭ ᠤᠨ ᠡᠭᠦᠯᠳᠡᠷ ᠤᠨ ᠢᠮᠠᠭ᠎ᠠ ᠪᠠᠨ ᠰᠡᠷᠭᠦᠭᠡᠨ ᠮᠠᠯᠵᠢᠵᠤ᠂ ᠬᠡᠳᠦᠨ ᠵᠢᠯ ᠤᠨ ᠡᠭᠦᠯᠳᠡᠷ ᠰᠠᠶᠢᠵᠢᠷᠠᠭᠤᠯᠤᠯᠲᠠ ᠶᠢ ᠦᠡᠭᠭᠡᠷᠡᠭᠡᠳ ᠤᠳᠤ ᠮᠢᠨᠤ ᠵᠠᠷᠤᠵᠤ ᠪᠠᠶᠢᠭ᠎ᠠ ᠤᠬᠤᠨ᠎ᠠ ᠶᠢᠨ ᠨᠤᠤᠯᠤᠭᠤᠷ ᠤᠨ ᠨᠠᠷᠢᠴᠠ ᠶᠢᠨ ᠬᠡᠮᠵᠢᠶ᠎ᠡ ᠪᠦᠷ 14 ᠮᠢᠺᠷᠦᠮᠧᠲᠷ ᠤᠨ ᠲᠤᠳᠤᠷ᠎ᠠ ᠪᠠᠶᠢᠨ᠎ᠠ︾ ᠭᠡᠵᠦ ᠤᠴᠢᠷᠯᠠᠨ᠎ᠠ᠃ ᠳᠡᠳᠡᠨ ᠤ ᠬᠢᠨ ᠣᠶᠢᠷ᠎ᠠ ᠶᠢᠨ ᠬᠡᠳᠤᠨ ᠵᠢᠯ ᠳᠤ ᠬᠤᠰᠢᠭᠤᠨ ᠤ ᠪᠠᠨ ᠠᠷᠪᠠᠰ ᠤᠨ ᠨᠤᠤᠯᠤᠭᠤᠷ ᠤᠨ ᠴᠠᠭᠠᠨ ᠢᠮᠠᠭᠠᠨ ᠤ ᠮᠠᠯᠵᠢᠯ ᠤᠨ ᠳᠤᠮᠤ ᠡᠷᠦᠭᠡ ᠠᠴᠠ ᠢᠰᠢᠭᠡ ᠠᠪᠴᠦ ᠮᠠᠯᠵᠢᠨ᠂ ᠭᠠᠷ ᠬᠡᠬᠡᠯᠳᠦᠬᠦᠯᠭᠡ ᠬᠢᠵᠤ᠂ ᠨᠤᠤᠯᠤᠭᠤᠷ ᠤᠨ ᠨᠠᠷᠢᠴᠠ ᠨᠢ ᠪᠠᠷᠢᠮᠵᠢᠶ᠎ᠠ ᠳᠤ ᠬᠦᠷᠬᠦ ᠦᠭᠡᠢ ᠡᠬᠡ ᠮᠠᠯ ᠢᠶᠠᠨ ᠬᠤᠳᠠᠯᠳᠤᠨ ᠠᠯᠬᠤᠮ ᠠᠯᠬᠤᠮ ᠢᠶᠠᠷ ᠡᠭᠦᠯᠳᠡᠷ ᠰᠠᠶᠢᠵᠢᠷᠠᠭᠤᠯᠵᠠᠢ᠃ ᠤᠷᠴᠢᠮ ᠤᠨ ᠬᠡᠳᠦᠨ ᠵᠢᠯ ᠳᠤ ᠤᠷᠳᠤᠰ ᠬᠤᠳᠠ ᠶᠢᠨ ᠬᠢᠨ ᠢᠮᠠᠭᠠᠨ ᠨᠤᠤᠯᠤᠭᠤᠷ ᠤᠨ ᠠᠵᠤ ᠠᠬᠤᠶᠢᠯᠠᠯ ᠲᠠᠢ ᠬᠠᠮᠳᠤᠷᠠᠨ ︽ᠰᠠᠶᠢᠨ ᠨᠤᠤᠯᠤᠭᠤᠷ ᠲᠤ ᠰᠠᠶᠢᠨ ᠦᠨ᠎ᠡ ᠥᠭᠬᠦ︾ ᠲᠦᠷᠦᠯ ᠵᠦᠢᠯ ᠢ ᠬᠡᠷᠡᠭᠵᠢᠭᠦᠯᠵᠦ᠂ ᠢᠮᠠᠭᠠᠨ ᠨᠤᠤᠯᠤᠭᠤᠷ ᠢ ᠳᠠᠪᠤᠨ ᠳᠡᠰ ᠬᠤᠪᠢᠶᠠᠨ᠂ ᠳᠡᠰ ᠪᠦᠷᠢ ᠳᠤ ᠬᠠᠷᠠᠭᠠᠯᠵᠠᠭᠰᠠᠨ ᠨᠦᠬᠦᠪᠦᠷᠢ ᠤᠯᠭᠤᠵᠤ᠂ ᠮᠠᠯᠴᠢᠳ ᠤᠨ ᠠᠷᠪᠠᠰ ᠤᠨ ᠨᠤᠤᠯᠤᠭᠤᠷ ᠤᠨ ᠴᠠᠭᠠᠨ ᠢᠮᠠᠭ᠎ᠠ ᠮᠠᠯᠵᠢᠬᠤ ᠶᠢ ᠵᠤᠷᠢᠭᠵᠢᠭᠤᠯᠤᠭᠰᠠᠨ ᠪᠠᠶᠢᠨ᠎ᠠ᠃      ᠬᠤᠤᠰᠴᠢᠯᠠᠭᠤ ᠶᠢᠨ ᠬᠢᠨ ᠡᠨᠡ ᠵᠢᠯ ᠨᠡᠶᠢᠲᠡ 750 ᠺᠢᠯᠦᠭᠷᠡᠮ ᠨᠤᠤᠯᠤᠭᠤᠷ ᠰᠠᠮᠨᠠᠵᠤ᠂ ᠭᠠᠴᠠᠭ᠎ᠠ ᠠᠴᠠ ᠪᠠᠨ ᠣᠶᠢᠷᠠᠬᠠᠨ ᠪᠠᠶᠢᠳᠠᠭ ᠣᠷᠳᠣᠰ ᠬᠤᠲᠠ ᠶᠢᠨ ᠲᠠᠷᠢᠶᠠᠯᠠᠩ ᠤᠨ ᠪᠡᠯᠡ ᠣᠷᠣᠭᠤᠯᠤᠯᠲᠠ ᠶᠢᠨ ᠺᠣᠮᠫᠠᠨᠢ ᠶᠢ ᠨᠤᠤᠯᠤᠭᠤᠷ ᠬᠤᠳᠠᠯᠳᠤᠨ ᠠᠪᠬᠤ ᠴᠡᠭ ᠲᠤ ᠬᠦᠷᠭᠡᠨ᠂ ᠳᠤᠬᠠᠢ ᠶᠢᠨ ᠲᠠᠯᠠᠪᠤᠷ ᠲᠤ ᠰᠢᠷᠬᠡᠭᠯᠢᠭ ᠤᠨ ᠬᠢᠨᠠᠨ ᠬᠡᠮᠵᠢᠯᠳᠡ ᠬᠢᠯᠬᠡᠪᠡ᠃ ᠲᠠᠬᠡᠬᠡᠳ ᠪᠠᠷᠤᠭ 80 ᠺᠢᠯᠦᠭᠷᠡᠮ ᠨᠤᠤᠯᠤᠭᠤᠷ ᠨᠢ A ᠳᠡᠰ ᠤᠨ ᠪᠠᠷᠢᠮᠵᠢᠶ᠎ᠠ ᠳᠤ ᠬᠦᠷᠴᠦ᠂ ᠳᠤᠮᠳᠠᠴᠢ ᠪᠠᠷ ᠺᠢᠯᠦᠭᠷᠡᠮ ᠪᠦᠷᠢ ᠳᠤᠨᠢ 500 ᠲᠦᠭᠦᠷᠢᠭ ᠤᠨ ᠦᠨ᠎ᠠ ᠦᠭᠴᠦ᠂ ᠬᠤᠤᠰᠴᠢᠯᠠᠭᠤ ᠡᠨᠡ 80 ᠺᠢᠯᠦᠭᠷᠡᠮ ᠨᠤᠤᠯᠤᠭᠤᠷ ᠠᠴᠠ ᠪᠠᠨ 4 ᠳᠦᠮᠡᠨ ᠳᠦᠭᠦᠷᠢᠭ ᠤᠨ ᠤᠷᠤᠯᠭ᠎ᠠ ᠤᠯᠵᠠᠢ᠃      ᠬᠤᠤᠰᠴᠢᠯᠠᠭᠤ ᠬᠤᠰᠢᠭᠤᠨ ᠤ ᠪᠠᠨ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠬᠠᠪᠰᠤᠷᠤᠯᠭ᠎ᠠ ᠲᠠᠮᠵᠢᠯᠬᠡ ᠪᠠᠷ ᠢᠵᠢᠯ ᠬᠤᠭᠤᠴᠠᠭᠠᠨ ᠳᠤ ᠤᠷᠤᠭ᠎ᠠ ᠤᠷᠤᠭᠤᠯᠵᠦ᠂ ᠢᠵᠢᠯ ᠬᠤᠭᠤᠴᠠᠭᠠᠨ ᠳᠤ ᠬᠡᠬᠡᠯᠳᠦᠬᠦᠯᠭᠡ ᠬᠢᠵᠦ᠂ ᠢᠵᠢᠯ ᠬᠤᠭᠤᠴᠠᠭᠠᠨ ᠳᠤ ᠲᠦᠯ ᠲᠤᠰᠴᠦ ᠪᠤᠶᠢᠵᠢᠭᠤᠯᠬᠤ ᠮᠡᠷᠬᠡᠵᠢᠯ ᠢ ᠡᠵᠡᠮᠰᠢᠵᠤ ᠠᠪᠤᠭᠠᠳ ᠨᠤᠤᠯᠤᠭᠤᠷ ᠤᠨ ᠢᠮᠠᠭ᠎ᠠ ᠪᠠᠨ ᠡᠬᠦᠯᠳᠡᠷ ᠰᠠᠶᠢᠵᠢᠷᠠᠭᠤᠯᠬᠤ ᠶᠢ ᠰᠢᠯᠤᠭᠤᠳᠬᠠᠭᠰᠠᠨ ᠪᠠᠶᠢᠨ᠎ᠠ᠃ ︽ᠪᠢ ᠦᠪᠡᠷ ᠢᠶᠠᠨ ᠭᠠᠷ ᠬᠡᠬᠡᠯᠳᠦᠭᠦᠯᠭᠡ ᠬᠢᠵᠤ ᠪᠠᠶᠢᠨ᠎ᠠ᠃ ᠢᠵᠢᠯ ᠬᠤᠭᠤᠴᠠᠭᠠᠨ ᠳᠤ ᠤᠷᠤᠭ᠎ᠠ ᠤᠷᠤᠭᠤᠯᠵᠦ᠂ ᠢᠵᠢᠯ ᠬᠤᠭᠤᠴᠠᠭᠠᠨ ᠳᠤ ᠬᠡᠬᠡᠯᠳᠦᠬᠦᠯᠭᠡ ᠬᠢᠳᠡᠭ ᠪᠤᠯᠬᠤᠷ ᠮᠢᠨᠤ 300 ᠰᠢᠬᠠᠮ ᠢᠮᠠᠭ᠎ᠠ ᠪᠠᠷᠤᠭ ᠨᠢᠭᠡ ᠭᠠᠷᠠᠭ ᠤᠨ ᠳᠤᠳᠤᠷ᠎ᠠ ᠢᠰᠢᠭᠡᠯᠡᠭᠡᠳ ᠪᠠᠷᠠᠴᠢᠬᠠᠨ᠎ᠠ᠃ ᠲᠡᠷᠡ ᠮᠦᠷᠳᠡᠬᠡᠨ ᠢᠰᠢᠭᠡ ᠶᠢᠨ ᠦᠰᠦᠯᠳᠡ ᠨᠢ ᠵᠢᠭᠳᠡ᠂ ᠳᠡᠵᠢᠭᠡᠵᠦ ᠪᠤᠷᠤᠯᠠᠭᠤᠯᠬᠤ ᠳᠤ ᠠᠮᠠᠷ︾ ᠭᠡᠵᠦ ᠬᠤᠤᠰᠴᠢᠯᠠᠭᠤ ᠶᠠᠷᠢᠨ᠎ᠠ᠃ ᠲᠡᠷᠡ ᠨᠤᠤᠯᠤᠭᠤᠷ ᠤᠨ ᠢᠮᠠᠭ᠎ᠠ ᠪᠠᠨ ᠡᠭᠦᠯᠳᠡᠷ ᠰᠠᠶᠢᠵᠢᠷᠠᠭᠤᠯᠤᠭᠠᠳ ᠠᠰᠢᠭ ᠤᠷᠤᠯᠭ᠎ᠠ ᠪᠠᠨ ᠨᠡᠮᠡᠭᠳᠡᠬᠦᠯᠦᠭᠰᠡᠨ ᠴᠦ ᠠᠮᠢ ᠬᠤᠪᠢ ᠪᠠᠨ ᠪᠤᠳᠤᠵᠤ ᠰᠠᠭᠤᠭᠰᠠᠨ ᠦᠭᠡᠢ᠂ ᠬᠠᠷᠢᠨ ᠦᠢ ᠤᠯᠠᠨ ᠨᠤᠲᠤᠭ ᠤᠨ ᠮᠠᠯᠴᠢᠳ ᠲᠠᠢ ᠪᠠᠨ ᠬᠠᠮᠳᠤ ᠪᠠᠷ ᠪᠠᠶᠡᠵᠢᠬᠤ ᠶᠢ ᠵᠤᠷᠢᠵᠤ᠂ ᠭᠠᠴᠠᠭᠠᠨ ᠤ ᠪᠠᠨ ᠭᠠᠴᠢᠭᠳᠠᠵᠤ ᠲᠦᠪᠡᠭᠳᠡᠭᠰᠡᠨ ᠡᠷᠦᠬᠡ ᠨᠦᠭᠦᠳ ᠲᠤ ᠰᠠᠶᠢᠨ ᠡᠭᠦᠯᠳᠡᠷ ᠤᠨ ᠤᠬᠤᠨ᠎ᠠ ᠪᠠᠨ ᠦᠭᠴᠦ ᠦᠨ᠎ᠠ ᠲᠦᠯᠦᠪᠤᠷᠢ ᠦᠬᠡᠢ ᠪᠠᠷ ᠵᠠᠷᠤᠭᠤᠯᠵᠤ ᠪᠤᠢ᠃     ᠡᠨᠡ ᠵᠢᠯ ᠬᠤᠤᠰᠴᠢᠯᠠᠭᠤ 300 ᠭᠠᠷᠤᠢ ᠢᠮᠠᠭ᠎ᠠ ᠠᠴᠠ ᠪᠠᠨ 750 ᠺᠢᠯᠦᠭᠷᠡᠮ ᠨᠤᠤᠯᠤᠭᠤᠷ ᠰᠠᠮᠨᠠᠵᠤ᠂ ᠲᠡᠭᠰᠢᠳᠬᠡᠬᠡᠤᠨ ᠢᠮᠠᠭ᠎ᠠ ᠪᠦᠷᠢ ᠶᠢᠨ ᠨᠤᠤᠯᠤᠭᠤᠷ ᠤᠨ ᠭᠠᠷᠤᠯᠳᠠ ᠨᠢ 2.5 ᠺᠢᠯᠦᠭᠷᠡᠮ ᠤᠷᠴᠢᠮ ᠪᠠᠶᠢᠵᠤ᠂ ᠨᠤᠤᠯᠤᠭᠤᠷ ᠤᠨ ᠪᠦᠬᠦ ᠤᠷᠤᠯᠭ᠎ᠠ ᠨᠢ 40 ᠳᠦᠮᠡᠨ ᠲᠦᠭᠦᠷᠢᠭ ᠢ ᠲᠠᠪᠠᠪᠠ᠃ ᠳᠠᠭᠤᠷᠢᠶᠠᠯ ᠤᠨ ᠬᠦᠴᠦᠨ ᠬᠡᠮᠵᠢᠶᠡᠯᠡᠰᠢ ᠦᠭᠡᠢ ᠶᠤᠮ᠂ ᠬᠤᠤᠰᠴᠢᠯᠠᠭᠤ ᠶᠢᠨ ᠤᠷᠤᠨ ᠨᠤᠳᠤᠭ ᠤᠨ ᠰᠠᠶᠢᠨ ᠡᠬᠦᠯᠳᠡᠷ ᠤᠨ ᠠᠷᠪᠠᠰ ᠤᠨ ᠨᠤᠤᠯᠤᠭᠤᠷ ᠤᠨ ᠴᠠᠭᠠᠨ ᠢᠮᠠᠭ᠎ᠠ ᠮᠠᠯᠵᠢᠵᠤ ᠤᠷᠤᠯᠭ᠎ᠠ ᠪᠠᠨ ᠨᠡᠮᠡᠭᠳᠡᠬᠦᠯᠦᠭᠰᠡᠨ ᠢ ᠬᠠᠷᠠᠭᠠᠳ ᠠᠶᠢᠯ ᠰᠠᠭᠠᠬᠠᠯᠳᠠ ᠶᠢᠨ ᠬᠢᠨ ᠴᠦᠮ ᠳᠡᠭᠦᠨ ᠠᠴᠠ ᠤᠬᠤᠨ᠎ᠠ ᠬᠤᠳᠠᠯᠳᠤᠨ ᠠᠪᠴᠤ ᠨᠤᠤᠯᠤᠭᠤᠷ ᠤᠨ ᠢᠮᠠᠭ᠎ᠠ ᠪᠠᠨ ᠡᠭᠦᠯᠳᠡᠷ ᠢᠶᠠᠨ ᠰᠠᠶᠢᠵᠢᠷᠠᠭᠤᠯᠵᠤ ᠪᠠᠶᠢᠨ᠎ᠠ᠃
ᠢᠷᠡᠯᠲᠡ᠄ ᠳᠣᠮᠳᠠᠳᠣ ᠣᠯᠣᠰ ᠤᠨ ᠮᠣᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ