ᠲᠥᠯ ᠲᠤᠰᠬᠤ
ᠨᠡᠶᠢᠲᠡᠯᠡᠭᠰᠡᠨ ᠴᠠᠭ᠄
2022/9/20
      ᠲᠥᠯ ᠲᠤᠰᠬᠤ ᠭᠡᠳᠡᠭ ᠪᠣᠯ ᠬᠤᠨᠢ ᠢᠮᠠᠭ᠎ᠠ ᠲᠥᠯᠯᠡᠬᠦ ᠦᠶ᠎ᠡ ᠪᠠᠷ ᠬᠤᠷᠠᠭ᠎ᠠ ᠢᠰᠢᠭᠡ ᠶᠢ ᠮᠡᠨᠳᠦ ᠲᠤᠰᠴᠤ ᠠᠪᠬᠤ ᠶᠢ ᠬᠡᠯᠡᠨ᠎ᠡ᠃ ᠬᠤᠨᠢ ᠬᠤᠷᠠᠭᠠᠯᠠᠬᠤ ᠣᠶᠢᠷᠠᠲᠤᠪᠠᠯ ᠮᠠᠯᠴᠢᠳ ᠬᠤᠲᠠ ᠬᠤᠷᠤᠭ᠎ᠠ ᠪᠠᠨ ᠳᠤᠯᠠᠭᠠᠯᠠᠬᠤ ᠶᠢᠨ ᠬᠠᠮᠲᠤ ᠬᠤᠷᠠᠭᠠᠨ ᠤᠭᠤᠲᠠ (ᠲᠡᠭᠲᠦ)᠂ ᠬᠤᠨᠢᠨ ᠤ ᠤᠨᠤᠭ᠎ᠠ᠂ ᠠᠷᠤᠭ᠂ ᠤᠭᠵᠢ᠂ ᠵᠤᠲᠠᠩ ᠤᠨ ᠭᠤᠯᠢᠷ᠂ ᠰᠦᠨ ᠲᠠᠯᠬ᠎ᠠ ᠵᠡᠷᠭᠡ ᠬᠤᠷᠠᠭ᠎ᠠ ᠲᠤᠰᠬᠤ ᠳᠤ ᠬᠡᠷᠡᠭᠰᠡᠬᠦ ᠵᠦᠢᠯ ᠢᠶᠠᠨ ᠪᠡᠯᠡᠳᠬᠡᠨ ᠲᠥᠬᠦᠭᠡᠷᠴᠦ ᠡᠳᠦᠷ ᠤᠨ ᠬᠠᠷᠢᠭᠤᠯᠤᠯᠭ᠎ᠠ᠂ ᠰᠥᠨᠢ ᠶᠢᠨ ᠮᠠᠨᠠᠭ᠎ᠠ᠂ ᠬᠤᠷᠠᠭᠠᠨ ᠤ ᠠᠷᠠᠴᠢᠯᠠᠭ᠎ᠠ ᠵᠡᠷᠭᠡ ᠳᠤ ᠬᠥᠳᠡᠯᠮᠦᠷᠢ ᠬᠦᠴᠦ ᠪᠠᠨ ᠵᠦᠢ ᠵᠣᠬᠢᠰᠲᠠᠢ ᠲᠣᠬᠢᠷᠠᠭᠤᠯᠵᠤ ᠬᠤᠷᠠᠭ᠎ᠠ ᠲᠣᠰᠬᠤ ᠪᠡᠯᠡᠳᠬᠡᠯ ᠠᠵᠢᠯ ᠢᠶᠠᠨ ᠱᠠᠯᠠᠪᠳᠠᠨ ᠬᠢᠵᠡᠭᠡᠳᠡᠭ᠃ ᠲᠥᠯ ᠲᠣᠰᠬᠤ ᠨᠢ ᠬᠠᠮᠤᠭ ᠤᠨ ᠶᠠᠭᠠᠷᠠᠤ ᠮᠥᠷᠲᠡᠭᠡᠨ ᠬᠠᠮᠤᠭ ᠤᠨ ᠬᠦᠴᠢᠷ ᠪᠡᠷᠬᠡᠰᠢᠶᠡᠯ ᠲᠠᠢ ᠠᠵᠢᠯ ᠪᠣᠯᠬᠤᠷ ᠮᠠᠯᠴᠢᠳ ᠡᠨᠡ ᠬᠤᠭᠤᠴᠠᠭ᠎ᠠ ᠶᠢ ︽ᠤᠨᠠᠭᠰᠠᠨ ᠮᠠᠯᠠᠭᠠᠢ ᠪᠠᠨ ᠠᠪᠬᠤ ᠵᠠᠪ ᠦᠭᠡᠢ᠂ ᠤᠴᠠᠷᠠᠭᠰᠠᠨ ᠬᠥᠮᠥᠨ ᠲᠠᠢ ᠳᠤᠤᠭᠠᠷᠬᠤ ᠴᠢᠯᠦᠭᠡ ᠦᠭᠡᠢ︾ ᠭᠡᠵᠦ ᠬᠡᠯᠡᠳᠡᠭ᠃ ᠡᠨᠡ ᠬᠤᠭᠤᠴᠠᠭᠠᠨ ᠳᠤ ᠬᠤᠨᠢᠴᠢᠨ ᠬᠤᠨᠢ ᠪᠠᠨ ᠬᠠᠷᠢᠭᠤᠯᠬᠤ ᠳᠤ ᠪᠠᠨ ᠬᠤᠷᠠᠭᠠᠨ ᠤᠭᠤᠲᠠ ᠠᠪᠴᠤ ᠶᠠᠪᠤᠳᠠᠭ ᠪᠥᠭᠡᠳ ᠬᠡᠭᠡᠷ᠎ᠡ ᠭᠠᠳᠠᠨ᠎ᠠ ᠬᠤᠨᠢ ᠬᠤᠷᠠᠭᠠᠯᠠᠪᠠᠯ ᠬᠤᠷᠠᠭ᠎ᠠ ᠬᠥᠯᠳᠡᠵᠦ ᠪᠡᠭᠡᠷᠡᠬᠦ ᠠᠴᠠ ᠡᠮᠦᠨ᠎ᠡ ᠠᠪᠴᠤ ᠬᠤᠷᠠᠭᠠᠨ ᠤᠭᠤᠲᠠᠨ ᠳᠤ ᠪᠠᠨ ᠬᠢᠳᠡᠭ᠃ ᠬᠡᠷᠪᠡ ᠡᠳᠦᠷ ᠳᠤᠯᠠᠭᠠᠨ ᠪᠣᠯ ᠡᠬᠡ ᠪᠠᠷ ᠨᠢ ᠳᠣᠯᠢᠶᠠᠯᠭᠠᠵᠤ ᠪᠡᠶ᠎ᠡ ᠶᠢ ᠨᠢ ᠬᠠᠲᠠᠭᠠᠭᠰᠠᠨ ᠤ ᠰᠡᠭᠦᠯᠡᠷ ᠤᠭᠤᠲᠠᠯᠠᠨ᠎ᠠ᠃ ᠡᠳᠦᠷ ᠤᠨ ᠳᠤᠰᠤᠭᠰᠠᠨ ᠬᠤᠷᠠᠭ᠎ᠠ ᠪᠠᠨ ᠣᠷᠣᠢ ᠨᠢ ᠬᠤᠨᠢ ᠪᠠᠨ ᠬᠤᠲᠠᠯᠠᠭᠰᠠᠨ ᠤ ᠳᠠᠷᠠᠭ᠎ᠠ ᠡᠬᠡ ᠶᠢ ᠨᠢ ᠣᠯᠵᠤ ᠬᠥᠬᠦᠭᠦᠯᠳᠡᠭ᠃ ᠰᠥᠨᠢ ᠳᠤ  ᠪᠠᠨ ᠬᠤᠨᠢ ᠪᠠᠨ ᠮᠠᠨᠠᠵᠤ ᠬᠤᠨᠣᠬᠤ ᠪᠤᠶᠤ ᠲᠣᠭᠲᠠᠭᠰᠠᠨ ᠴᠠᠭ ᠲᠠᠢ ᠪᠠᠷ ᠬᠤᠷᠤᠭᠠᠨ‌‍ᠳᠤ ᠪᠠᠨ ᠣᠷᠣᠵᠤ ᠬᠤᠨᠢ ᠬᠤᠷᠠᠭᠠᠯᠠᠭᠰᠠᠨ ᠡᠰᠡᠬᠦ ᠪᠠ ᠬᠤᠷᠠᠭᠠᠯᠠᠬᠤ ᠢᠯᠡᠷᠡᠯ ᠭᠠᠷᠴᠤ ᠪᠠᠶᠢᠬᠤ ᠡᠰᠡᠬᠦ ᠶᠢ ᠪᠠᠶᠢᠴᠠᠭᠠᠨ ᠦᠵᠡᠨ᠎ᠡ᠃ ᠲᠥᠯ ᠲᠣᠰᠬᠤ ᠦᠶ᠎ᠡ ᠳᠤ ᠬᠤᠨᠢ ᠬᠤᠷᠠᠭᠠᠯᠠᠬᠤ ᠳᠤ ᠪᠠᠨ ᠪᠡᠷᠬᠡᠳᠡᠬᠦ᠂ ᠪᠢᠲᠡᠭᠦᠦ ᠬᠠᠯᠢᠰᠤ ᠲᠠᠢ ᠬᠤᠷᠠᠭ᠎ᠠ ᠭᠠᠷᠬᠤ᠂ ᠬᠤᠷᠠᠭ᠎ᠠ ᠪᠦᠲᠡᠬᠦ ᠵᠡᠷᠭᠡ ᠶᠡᠷᠦ ᠪᠤᠰᠤ ᠶᠢᠨ ᠦᠵᠡᠭᠳᠡᠯ ᠭᠠᠷᠳᠠᠭ ᠲᠤᠯᠠ ᠬᠤᠨᠢ ᠬᠤᠷᠠᠭᠠᠯᠠᠬᠤ ᠪᠦᠷᠢ ᠨᠠᠷᠢᠨ ᠪᠠᠢᠴᠠᠭᠠᠵᠤ ᠡᠶᠢᠮᠦᠷᠬᠦᠦ ᠣᠨᠴᠠᠭᠠᠢ ᠪᠠᠶᠢᠳᠠᠯ ᠢᠯᠡᠷᠡᠪᠡᠯ ᠳᠣᠣᠷ᠎ᠠ ᠳᠣᠣᠷ᠎ᠠ ᠨᠢ ᠠᠳᠠᠯᠢ ᠪᠤᠰᠤ ᠠᠷᠭ᠎ᠠ ᠪᠠᠷ ᠲᠤᠰᠠᠯᠠᠮᠵᠢ ᠦᠵᠡᠭᠦᠯᠵᠦ ᠰᠦᠢᠳᠦᠯ ᠭᠠᠷᠬᠤ ᠠᠴᠠ ᠰᠡᠷᠭᠡᠶᠢᠯᠡᠳᠡᠭ᠃ ᠣᠷᠣᠢ ᠬᠤᠨᠢ ᠪᠠᠨ ᠬᠤᠲᠠᠯᠠᠵᠤ ᠬᠤᠷᠠᠭ᠎ᠠ ᠬᠥᠬᠦᠭᠦᠯᠬᠦ ᠦᠶ᠎ᠡ ᠳᠤ ᠬᠤᠷᠠᠭ᠎ᠠ ᠪᠠᠨ ᠨᠢᠭᠡ ᠨᠢᠭᠡ ᠪᠠᠷ ᠨᠢ ᠡᠬᠡ ᠶᠢ ᠨᠢ ᠣᠯᠵᠤ ᠥᠭᠭᠦᠨ᠎ᠡ᠃ ᠰᠥᠨᠢ ᠳᠤ ᠪᠠᠨ ᠢᠯᠠᠩᠭᠤᠶ᠎ᠠ ᠴᠠᠰᠤ ᠰᠢᠭᠤᠷᠭᠠᠨ ᠲᠠᠢ ᠬᠦᠢᠲᠡᠨ ᠰᠥᠨᠢ ᠠᠷᠤᠭ ᠲᠠᠢ ᠬᠤᠷᠠᠭ᠎ᠠ ᠨᠤᠭᠤᠳ ᠲᠠᠭᠠᠷᠠᠵᠤ ᠪᠡᠭᠡᠷᠡᠬᠦ ᠳᠤ ᠪᠠᠨ ᠣᠪᠣᠭᠠᠷᠠᠯᠳᠤᠵᠤ ᠨᠢᠯᠬ᠎ᠠ ᠬᠤᠷᠠᠭ᠎ᠠ ᠨᠢ ᠳᠠᠷᠤᠭᠳᠠᠵᠤ ᠦᠬᠦᠬᠦ ᠠᠶᠤᠯ ᠲᠠᠢ ᠲᠤᠯᠠ ᠬᠤᠷᠣᠭᠠᠨ ᠳᠤ ᠪᠤᠶᠤ ᠠᠷᠤᠭ ᠲᠤ ᠬᠢᠭᠰᠡᠨ ᠬᠤᠷᠠᠭ᠎ᠠ ᠶᠢ ᠪᠠᠶᠢᠨ ᠳᠠᠬᠢᠨ ᠪᠠᠶᠢᠴᠠᠭᠠᠵᠤ ᠣᠪᠤᠭᠠᠷᠠᠯᠳᠤᠭᠰᠠᠨ ᠪᠠᠶᠢᠪᠠᠯ ᠲᠡᠷᠡ ᠳᠣᠣᠷ᠎ᠠ ᠨᠢ ᠬᠥᠳᠡᠯᠭᠡᠵᠦ ᠰᠢᠯᠵᠢᠭᠦᠯᠵᠦ ᠥᠭᠳᠡᠭ᠃ 
ᠢᠷᠡᠯᠲᠡ᠄ ᠮᠤᠩᠭᠤᠯ ᠰᠤᠶᠤᠯ ᠵᠠᠩ ᠦᠢᠯᠡ ᠶᠢᠨ ᠬᠦᠮᠦᠵᠢᠯ