ᠴᠢᠷᠭ᠎ᠠ᠂ ᠪᠣᠯᠣᠬᠠᠢ᠂ ᠮᠣᠳᠣᠨ ᠰᠠᠯ
ᠨᠡᠶᠢᠲᠡᠯᠡᠭᠰᠡᠨ ᠴᠠᠭ᠄
2022/9/20
      ᠴᠢᠷᠭ᠎ᠠ      ᠮᠣᠩᠭᠤᠯᠴᠤᠳ ᠡᠪᠦᠯ ᠤᠨ ᠴᠠᠭ ᠲᠤ ᠪᠠᠨ ᠪᠠᠰᠠ ᠴᠢᠷᠭ᠎ᠠ ᠬᠡᠷᠡᠭᠯᠡᠳᠡᠭ᠃ ᠴᠢᠷᠭ᠎ᠠ ᠳᠤ ᠮᠣᠷᠢᠨ ᠴᠢᠷᠭ᠎ᠠ᠂ ᠲᠡᠮᠡᠭᠡᠨ ᠴᠢᠷᠭ᠎ᠠ᠂ ᠨᠣᠬᠠᠢ ᠶᠢᠨ ᠴᠢᠷᠭ᠎ᠠ ᠭᠡᠵᠦ ᠭᠤᠷᠪᠠᠨ ᠵᠦᠢᠯ ᠪᠠᠶᠢᠳᠠᠭ᠃      ᠮᠣᠩᠭᠤᠯᠴᠤᠳ ᠶᠡᠭᠡ ᠡᠷᠲᠡ ᠳᠡᠭᠡᠷ᠎ᠡ ᠦᠶ᠎ᠡ ᠳᠤ ᠮᠠᠯ ᠣᠨᠤᠭ᠎ᠠ ᠬᠥᠯᠯᠡᠳᠡᠭ ᠲᠡᠷᠭᠡᠨ ᠤ ᠣᠷᠣᠨ ᠳᠤ ᠬᠢᠯᠪᠠᠷ ᠳᠥᠭᠦᠮ ᠬᠢᠴᠡ ᠲᠠᠢ ᠮᠣᠳᠣᠨ ᠴᠢᠷᠭ᠎ᠠ ᠬᠢᠵᠦ ᠨᠣᠬᠠᠢ ᠬᠥᠯᠯᠡᠵᠦ ᠬᠡᠷᠡᠭᠯᠡᠵᠦ ᠪᠠᠶᠢᠭᠰᠠᠨ ᠠᠴᠠ ᠪᠠᠨ ᠮᠠᠯ ᠣᠨᠤᠭ᠎ᠠ ᠬᠥᠯᠯᠡᠵᠦ ᠬᠡᠷᠡᠭᠯᠡᠬᠦ ᠪᠣᠯᠵᠠᠢ᠃ ᠴᠢᠷᠭ᠎ᠠ ᠶᠢ ᠤᠮᠠᠷᠠᠲᠤ ᠶᠢᠨ ᠬᠠᠬᠢᠷ ᠳᠣᠭᠰᠢᠨ ᠡᠪᠦᠯ ᠤᠨ ᠤᠯᠠᠷᠢᠯ ᠳᠤ ᠴᠠᠰᠤᠨ ᠳᠤ ᠬᠡᠷᠡᠭᠯᠡᠳᠡᠭ ᠪᠠᠶᠢᠭᠰᠠᠨ ᠴᠤ ᠲᠡᠷᠡ ᠨᠢ ᠡᠳᠦᠷ ᠲᠤᠲᠤᠮ ᠤᠨ ᠣᠶᠢᠷ᠎ᠠ ᠬᠠᠪᠢ ᠶᠢᠨ ᠠᠴᠢᠶ᠎ᠠ ᠵᠥᠭᠡᠭᠡᠪᠦᠷᠢ ᠶᠢᠨ ᠬᠡᠷᠡᠭᠴᠡᠭᠡ ᠶᠢ ᠬᠠᠩᠭᠠᠵᠤ ᠳᠡᠶᠢᠯᠬᠦ ᠠᠴᠠ ᠪᠢᠰᠢ᠂ ᠬᠤᠯᠠ ᠶᠢᠨ ᠪᠤᠶᠤ ᠬᠦᠨᠳᠦ ᠠᠴᠢᠶ᠎ᠠ ᠲᠡᠭᠡᠭᠡᠪᠦᠷᠢ ᠶᠢ ᠪᠡᠶᠡᠯᠡᠭᠦᠯᠵᠦ ᠴᠢᠳᠠᠬᠤ ᠦᠭᠡᠢ ᠪᠠᠶᠢᠵᠠᠢ᠃      ᠪᠣᠯᠤᠬᠠᠢ     ᠪᠣᠯᠤᠬᠠᠢ ᠪᠣᠯ ᠬᠥᠮᠥᠰ ᠤᠨ ᠲᠡᠭᠡᠭᠡᠵᠦ ᠠᠴᠢᠬᠤ ᠠᠴᠢᠶᠠᠨ ᠤ ᠶᠡᠭᠡ ᠪᠠᠭ᠎ᠠ ᠳᠤ ᠵᠣᠬᠢᠴᠠᠭᠤᠯᠵᠤ ᠵᠠᠰᠠᠵᠤ ᠬᠢᠭᠰᠡᠨ ᠨᠠᠷᠢᠨ ᠦᠵᠦᠭᠦᠷ ᠢ ᠨᠢ ᠮᠣᠷᠢ ᠮᠠᠯ ᠤᠨ ᠬᠥᠮᠥᠯᠳᠥᠷᠭᠡ ᠬᠤᠳᠠᠷᠭᠠᠨ ᠳᠤ ᠪᠠᠬᠢᠯᠡᠵᠦ ᠪᠦᠳᠦᠭᠦᠨ ᠦᠵᠦᠭᠦᠷ ᠢ ᠨᠢ ᠭᠠᠵᠠᠷ ᠳᠡᠭᠡᠭᠦᠷ ᠴᠢᠷᠦᠭᠦᠯᠬᠦ ᠵᠣᠷᠢᠯᠭ᠎ᠠ ᠲᠠᠢ ᠬᠢᠭᠰᠡᠨ ᠦᠢᠯᠡᠳᠪᠦᠷᠢᠯᠡᠯ ᠤᠨ ᠪᠠᠭᠠᠵᠢ ᠮᠥᠨ ᠃ ᠪᠣᠯᠤᠬᠠᠶ ᠶᠢ ᠨᠠᠮᠤᠭ ᠰᠢᠪᠠᠷ ᠭᠠᠵᠠᠷ ᠬᠡᠷᠡᠭᠯᠡᠬᠦ ᠳᠤ ᠲᠣᠬᠢᠷᠠᠮᠵᠢᠲᠠᠢ ᠪᠠᠶᠢᠳᠠᠭ᠃ᠪᠣᠯᠤᠬᠠᠶ ᠶᠢ ᠬᠢᠬᠦ ᠳᠤ ᠪᠠᠨ ᠬᠤᠰᠤ ᠨᠠᠷᠠᠰᠤ ᠬᠠᠶᠢᠯᠠᠰᠤ ᠵᠡᠷᠭᠡ ᠬᠠᠲᠠᠭᠤ ᠶᠠᠰᠤᠯᠢᠭ ᠮᠣᠳᠣ ᠶᠢ ᠰᠣᠩᠭᠤᠵᠤ ᠵᠣᠬᠢᠬᠤ ᠬᠡᠮᠵᠢᠶ᠎ᠡ ᠪᠠᠷ ᠳᠠᠭᠠᠷᠢᠵᠤ ᠦᠵᠦᠭᠦᠷ ᠤᠨ ᠬᠡᠰᠡᠭ ᠢ ᠪᠠᠭ᠋ᠠᠨ ᠮᠡᠳᠡᠵᠦ ᠵᠠᠰᠠᠨ᠎ᠠ᠃ ᠢᠩᠭᠢᠭᠡᠳ ᠪᠣᠯᠤᠬᠠᠢ ᠶᠢᠨ ᠬᠤᠶᠠᠷ ᠰᠤᠷᠭᠠᠭ ᠢ ᠨᠦᠬᠡᠯᠡᠵᠦ ᠬᠤᠶᠠᠷ ᠴᠢᠬᠢ ᠶᠢ ᠱᠠᠭᠠᠨᠲᠠᠭᠯᠠᠨ ᠬᠤᠭᠤᠷᠣᠨᠳᠤ ᠨᠢ ᠬᠥᠨᠳᠡᠯᠡᠨ ᠮᠣᠳᠣ ᠤᠶᠠᠵᠤ ᠪᠠᠬᠢᠯᠡᠨ᠂ ᠳᠡᠭᠡᠷ᠎ᠡ ᠨᠢ ᠠᠴᠢᠶ᠎ᠠ ᠪᠠᠨ ᠲᠡᠭᠡᠭᠡᠵᠦ᠂ ᠮᠣᠷᠢ ᠮᠠᠯ ᠬᠥᠯᠯᠡᠵᠦ ᠶᠠᠪᠤᠳᠠᠭ᠃     ᠮᠣᠳᠣᠨ ᠰᠠᠯ     ᠮᠣᠳᠣᠨ ᠰᠠᠯ (ᠣᠩᠭᠤᠴᠠ) ᠪᠣᠯ ᠡᠷᠲᠡᠨ ᠤ ᠬᠥᠮᠥᠰ ᠤᠨ ᠵᠢᠭᠠᠰᠤᠴᠢᠯᠠᠬᠤ᠂ ᠭᠤᠣᠯ ᠮᠥᠷᠡᠨ ᠭᠠᠲᠤᠯᠬᠤ᠂ ᠠᠴᠢᠶ᠎ᠠ ᠵᠥᠭᠡᠭᠡᠪᠦᠷᠢ ᠳᠤ ᠵᠣᠷᠢᠭᠤᠯᠤᠯᠲᠠ ᠲᠠᠢ ᠦᠢᠯᠡᠳᠪᠦᠷᠢᠯᠡᠯ ᠤᠨ ᠪᠠᠭᠠᠵᠢ ᠬᠡᠷᠡᠭᠯᠡᠭᠦᠷ ᠮᠥᠨ᠃ ᠡᠷᠲᠡᠨ ᠤ ᠬᠥᠮᠥᠰ ᠭᠤᠣᠯ ᠮᠥᠷᠡᠨ᠂ ᠨᠠᠭᠤᠷ ᠴᠥᠭᠦᠷᠥᠮ ᠳᠤ ᠵᠢᠭᠠᠰᠤᠴᠢᠯᠠᠬᠤ ᠳᠤ ᠪᠠᠨ ᠮᠣᠳᠣᠨ ᠮᠥᠴᠢᠷ᠂ ᠮᠣᠳᠣ ᠵᠡᠷᠭᠡ ᠶᠢ ᠪᠣᠭᠤᠵᠤ ᠰᠠᠯ ᠪᠣᠯᠭᠠᠨ ᠬᠡᠷᠡᠭᠯᠡᠵᠦ ᠪᠠᠶᠢᠭᠰᠠᠨ ᠪᠠ ᠰᠡᠭᠦᠯᠡᠷ ᠨᠢ ᠲᠣᠮᠣ ᠮᠣᠳᠣ ᠶᠢ ᠶᠡᠭᠡ ᠬᠦᠴᠦ ᠣᠷᠣᠭᠤᠯᠤᠨ ᠤᠬᠤᠵᠤ ᠵᠠᠪᠢ ᠪᠣᠯᠭᠠᠨ ᠠᠰᠢᠭᠯᠠᠬᠤ᠂ ᠮᠠᠯ ᠤᠨ ᠠᠷᠠᠰᠤ ᠶᠢ ᠲᠤᠯᠤᠮᠯᠠᠨ ᠬᠡᠢ ᠳᠦᠭᠦᠷᠭᠡᠵᠦ᠂ ᠭᠤᠣᠯ ᠮᠥᠷᠡᠨ ᠤ ᠤᠷᠤᠰᠬᠠᠯ ᠲᠠᠭᠠᠨ ᠬᠥᠪᠬᠦ᠂ ᠭᠠᠲᠤᠯᠬᠤ ᠪᠣᠯᠵᠠᠢ᠃ ᠡᠶᠢᠮᠦ ᠰᠠᠯ᠂ ᠵᠠᠪᠢ ᠨᠢ ᠪᠦᠷ ᠲᠤᠬᠠᠢ ᠶᠢᠨ ᠦᠶ᠎ᠡ ᠳᠤ ᠠᠴᠢᠶ᠎ᠠ ᠲᠡᠭᠡᠭᠡᠪᠦᠷᠢ ᠶᠢᠨ ᠴᠢᠬᠤᠯᠠ ᠡᠭᠦᠷᠭᠡ ᠶᠢ ᠭᠦᠢᠴᠡᠳᠬᠡᠵᠦ ᠪᠠᠶᠢᠭᠰᠠᠨ ᠶᠤᠮ᠃
ᠢᠷᠡᠯᠲᠡ᠄ ᠮᠤᠩᠭᠤᠯ ᠰᠤᠶᠤᠯ ᠵᠠᠩ ᠦᠢᠯᠡ ᠶᠢᠨ ᠬᠦᠮᠦᠵᠢᠯ