ᠵᠠᠩ ᠦᠢᠯᠡ ᠶᠢᠨ ᠡᠳ᠋ᠯᠡᠯ ᠬᠡᠷᠡᠭᠰᠡᠯ — ᠪᠣᠷᠣ ᠥᠨᠳᠥᠷ
ᠨᠡᠶᠢᠲᠡᠯᠡᠭᠰᠡᠨ ᠴᠠᠭ᠄
2022/9/21
      ᠴᠢᠩᠭᠢᠰ ᠤᠨ ᠦᠶ᠎ᠡ ᠠᠴᠠ ᠤᠯᠠᠮᠵᠢᠯᠠᠭᠳᠠᠨ ᠢᠷᠡᠭᠰᠡᠨ ᠰᠠᠭᠤᠯᠠᠭ᠎ᠠ ᠪᠣᠯᠣᠨ᠎ᠠ᠃ ᠪᠣᠭᠳᠠ ᠴᠢᠩᠭᠢᠰ ᠤᠨ ᠤᠡᠭᠭᠤᠨ ᠳᠡᠭᠡᠷ᠎ᠡ ᠤᠳᠤ ᠪᠤᠯᠳᠠᠯ᠎ᠠ ᠬᠠᠳᠠᠭᠠᠯᠠᠭᠳᠠᠵᠤ ᠪᠠᠶᠢᠬᠤ ᠪᠥᠭᠡᠳ ᠲᠠᠬᠢᠯᠭ᠎ᠠ ᠶᠢᠨ ᠵᠦᠢᠯ ᠪᠣᠯᠤᠭᠰᠠᠨ ᠪᠠᠶᠢᠨ᠎ᠠ᠃ ᠴᠢᠩᠭᠢᠰ ᠤᠨ ᠰᠢᠲᠦᠭᠡᠨ ᠤ ᠨᠢᠭᠡ ᠪᠣᠯᠤᠭᠰᠠᠨ ᠲᠤᠯᠠ ᠬᠡᠵᠢᠶᠡᠳᠡ ᠪᠤᠷᠬᠠᠨ ᠤ ᠭᠡᠷ ᠲᠤ ᠲᠠᠯᠪᠢᠵᠤ ᠪᠠᠶᠢᠳᠠᠭ᠃ ᠶᠡᠷᠦ ᠶᠢᠨ ᠴᠠᠭ ᠲᠤ ᠭᠠᠷᠭᠠᠵᠤ ᠶᠠᠭᠤ ᠪᠣᠯ ᠶᠠᠭᠤ ᠬᠢᠵᠦ ᠪᠤᠯᠳᠠᠭ ᠦᠭᠡᠢ᠃ ᠵᠤᠯᠠᠭ ᠬᠢᠵᠦ ᠭᠡᠭᠦᠦ ᠰᠠᠭᠠᠬᠤ ᠦᠶ᠎ᠡ ᠳᠤ ᠰᠠᠶ᠋ᠢ ᠤᠨᠠᠭᠠᠨ ᠵᠠᠯᠠᠨ ᠳᠤ ᠵᠠᠯᠠᠵᠤ ᠠᠪᠠᠴᠢᠳᠠᠭ᠃ ᠣᠭᠤᠰᠣᠷ ᠰᠡᠨᠵᠢᠨ ᠳᠤ ᠨᠢ ᠬᠠᠳᠠᠭ ᠤᠶᠠᠵᠤ ᠴᠢᠮᠡᠭᠰᠡᠨ ᠪᠠᠶᠢᠳᠠᠭ᠃     ᠪᠣᠷᠣ ᠥᠨᠳᠥᠷ ᠢ ᠦᠢᠯᠡᠳᠬᠦ ᠳᠤ ᠪᠠᠨ ᠠᠶᠢᠯ ᠪᠦᠷᠢ ᠥᠪᠡᠷ ᠤᠨ ᠪᠠᠶᠢᠳᠠᠯ ᠢᠶᠠᠨ ᠦᠵᠡᠵᠦ ᠪᠠᠶᠢᠭᠠᠳ ᠶᠡᠭᠡ ᠪᠠᠭ᠎ᠠ ᠠᠳᠠᠯᠢ ᠪᠤᠰᠤ ᠪᠠᠷ ᠦᠢᠯᠡᠳᠳᠡᠭ᠃ ᠵᠠᠷᠢᠮ ᠨᠢ ᠪᠦᠳᠦᠭᠦᠨ ᠵᠠᠷᠢᠮ ᠨᠢ ᠨᠠᠷᠢᠨ ᠪᠠᠭ᠎ᠠ ᠬᠢᠳᠡᠭ᠃ ᠭᠤᠣᠯᠳᠠᠭᠤ ᠬᠦᠷᠡᠩ ᠽᠠᠨᠳᠠᠨ᠂ ᠰᠢᠨᠳᠠ᠂ ᠬᠤᠰᠢ ᠮᠣᠳᠣ᠂ ᠲᠡᠮᠡᠭᠡᠨ ᠤ ᠬᠦᠵᠦᠭᠦᠦ ᠶᠢᠨ ᠠᠷᠠᠰᠤ ᠵᠡᠷᠭᠡ ᠪᠠᠷ ᠬᠢᠭᠰᠡᠨ ᠪᠠᠶᠢᠳᠠᠭ᠃ ᠣᠷᠳᠣᠰ ᠤᠨ ᠤᠤᠭᠠᠯ ᠠᠶᠢᠯ ᠳᠤ ︽ᠪᠣᠷᠣ ᠥᠨᠳᠥᠷ︾ ᠭᠡᠵᠦ ᠰᠠᠭᠤᠯᠠᠭ᠎ᠠ ᠲᠠᠢ ᠪᠠᠶᠢᠳᠠᠭ ᠪᠥᠭᠡᠳ ᠰᠢᠲᠦᠭᠡᠨ ᠤ ᠵᠦᠢᠯ᠂ ᠲᠠᠬᠢᠯᠭ᠎ᠠ ᠳᠤ ᠬᠡᠷᠡᠭᠯᠡᠳᠡᠭ ᠪᠠᠶᠢᠨ᠎ᠠ᠃
ᠢᠷᠡᠯᠲᠡ᠄ ᠮᠤᠩᠭᠤᠯ ᠰᠤᠶᠤᠯ ᠵᠠᠩ ᠦᠢᠯᠡ ᠶᠢᠨ ᠬᠦᠮᠦᠵᠢᠯ