ᠵᠠᠩ ᠦᠢᠯᠡ ᠶᠢᠨ ᠡᠳ᠋ᠯᠡᠯ ᠬᠡᠷᠡᠭᠰᠡᠯ — ᠲᠠᠯᠠᠯᠭᠠᠨ ᠰᠠᠭᠤᠯᠠᠭ᠎ᠠ᠂ ᠴᠠᠪᠳᠠᠭᠤᠷ
ᠨᠡᠶᠢᠲᠡᠯᠡᠭᠰᠡᠨ ᠴᠠᠭ᠄
2022/9/21
      ᠲᠠᠯᠠᠯᠭᠠᠨ ᠰᠠᠭᠤᠯᠠᠭ᠎ᠠ ᠪᠣᠯ ᠵᠡᠰ ᠪᠤᠶᠤ ᠭᠠᠤᠯᠢ᠂ ᠴᠠᠭᠠᠨ ᠭᠠᠤᠯᠢ ᠪᠠᠷ ᠬᠤᠣᠰ ᠯᠤᠤ ᠣᠷᠢᠶᠠᠭᠰᠠᠨ ᠪᠠ ᠲᠠᠶᠤᠩᠭ᠎ᠠ ᠭᠠᠷᠤᠳᠢ ᠳᠡᠭᠦᠯᠢᠭᠰᠡᠨ᠂ ᠡᠭᠦᠯᠡᠨ ᠬᠤᠸᠠᠷ ᠤᠨ ᠤᠭᠠᠯᠵᠠ ᠶᠢᠨ ᠣᠨᠴᠠ ᠰᠠᠶᠢᠬᠠᠨ ᠰᠡᠶᠢᠯᠦᠮᠡᠯ ᠲᠠᠢ ᠤᠷᠠᠯᠢᠭ ᠨᠠᠷᠢᠨ ᠬᠢᠭᠰᠡᠨ ᠲᠤᠰᠬᠠᠶᠢᠯᠠᠨ ᠲᠠᠯᠠᠯᠭ᠎ᠠ ᠳᠠᠯᠠᠯᠵᠤ᠂ ᠰᠡᠷᠵᠢᠮ ᠬᠢᠳᠡᠭ ᠰᠠᠭᠤᠯᠠᠭ᠎ᠠ ᠮᠥᠨ ᠃ ᠠᠮᠠᠰᠠᠷ ᠲᠤ ᠨᠢ ᠲᠠᠭᠯᠠᠭ᠎ᠠ ᠲᠠᠢ ᠪᠠᠶᠢᠳᠠᠭ᠃ ᠰᠡᠨᠵᠢ ᠶᠢ ᠰᠠᠮᠪᠠᠢ ᠬᠠᠳᠠᠭ ᠢᠶᠠᠷ ᠣᠭᠤᠰᠣᠷᠯᠠᠨ ᠴᠢᠮᠡᠭᠰᠡᠨ ᠪᠠᠶᠢᠳᠠᠭ᠃     ᠲᠠᠯᠠᠯᠭᠠᠨ ᠰᠠᠭᠤᠯᠠᠭ᠎ᠠ ᠳᠤ ᠭᠤᠣᠯᠳᠠᠭᠤ ᠰᠦ ᠲᠠᠢ ᠴᠠᠢ᠂ ᠰᠢᠷ᠎ᠠ ᠲᠣᠰᠣ᠂ ᠰᠢᠬᠢᠷ ᠵᠡᠷᠭᠡ ᠶᠢ ᠬᠢᠵᠦ ︽ᠰᠡᠷᠵᠢᠮ︾ ᠭᠡᠵᠦ ᠨᠡᠷᠡᠯᠡᠭᠡᠳ᠂ ᠥᠷᠯᠥᠭᠡ ᠪᠦᠷᠢ ᠲᠡᠭᠷᠢ ᠭᠠᠵᠠᠷ ᠲᠤ ᠪᠠᠨ ᠡᠷᠭᠦᠵᠦ᠂ ︽ᠬᠡᠶᠢᠮᠣᠷᠢ ᠶᠢᠨ ᠪᠠᠭᠠᠨ᠎ᠠ︾ ᠪᠠᠨ ᠲᠣᠭᠤᠷᠢᠵᠤ᠂ ᠶᠢᠰᠦ ᠶᠢᠰᠦ ᠨᠠᠶᠠᠨ ᠨᠢᠭᠡᠨ ᠰᠠᠴᠤᠯᠭ᠎ᠠ ᠰᠠᠴᠤᠳᠠᠭ᠃     ᠴᠠᠪᠳᠠᠭᠤᠷ ᠨᠢ ᠶᠢᠰᠦᠨ ᠵᠢᠵᠢᠭ ᠳᠥᠷᠪᠡᠯᠵᠢᠨ ᠨᠦᠬᠡ ᠲᠠᠢ᠂ ᠳᠥᠷᠪᠡᠯᠵᠢᠨ ᠮᠣᠳᠣᠨ ᠰᠢᠨᠠᠭ᠎ᠠ ᠶᠢ ᠬᠡᠯᠡᠨ᠎ᠡ᠃ ᠡᠨᠡ ᠨᠢ ᠲᠠᠯᠠᠯᠭᠠᠨ ᠰᠠᠭᠤᠯᠠᠭ᠎ᠠ ᠲᠠᠢ ᠪᠠᠨ ᠬᠠᠮᠲᠤ ᠪᠠᠶᠢᠳᠠᠭ᠃ ︽ᠰᠡᠷᠵᠢᠮ︾ ᠡᠷᠬᠦᠬᠦ ᠳᠤ ᠬᠡᠷᠡᠭᠯᠡᠳᠡᠭ᠃ ᠮᠣᠩᠭᠤᠯᠴᠤᠳ ᠤᠨ ᠲᠡᠭᠷᠢ ᠶᠢᠨ ᠰᠠᠴᠤᠯᠭ᠎ᠠ ᠨᠢ ᠶᠢᠰᠦ ᠶᠢᠰᠦ ᠨᠠᠶᠠᠨ ᠨᠢᠭᠡ ᠶᠢᠨ ᠲᠤᠭ᠎ᠠ ᠪᠠᠷ ᠰᠠᠴᠤᠳᠠᠭ ᠪᠣᠯᠬᠤᠷ ᠳᠥᠭᠦᠮᠴᠢᠯᠡᠭᠡᠳ ᠶᠢᠰᠦᠨ ᠨᠦᠬᠡ ᠲᠠᠢ ᠴᠠᠪᠳᠠᠭᠤᠷ ᠢ ᠵᠣᠬᠢᠶᠠᠵᠤ ᠶᠢᠰᠦ ᠤᠳᠠᠭ᠎ᠠ ᠳᠤ ᠨᠠᠶᠠᠨ ᠨᠢᠭᠡᠨ ᠰᠠᠴᠤᠯᠭ᠎ᠠ ᠶᠢᠨ ᠲᠤᠭ᠎ᠠ ᠶᠢ ᠭᠦᠢᠴᠡᠭᠡᠳᠡᠭ ᠪᠠᠶᠢᠨ᠎ᠠ᠃ 
ᠢᠷᠡᠯᠲᠡ᠄ ᠮᠤᠩᠭᠤᠯ ᠰᠤᠶᠤᠯ ᠵᠠᠩ ᠦᠢᠯᠡ ᠶᠢᠨ ᠬᠦᠮᠦᠵᠢᠯ