ᠵᠠᠩ ᠦᠢᠯᠡ ᠶᠢᠨ ᠡᠳ᠋ᠯᠡᠯ ᠬᠡᠷᠡᠭᠰᠡᠯ — ᠬᠦᠬᠦᠷ
ᠨᠡᠶᠢᠲᠡᠯᠡᠭᠰᠡᠨ ᠴᠠᠭ᠄
2022/9/22
      ᠤᠴᠠᠷᠠᠵᠤ ᠮᠡᠨᠳᠦᠴᠢᠯᠡᠬᠦ ᠳᠤ ᠪᠠ ᠠᠯᠢᠪᠠ ᠨᠠᠶᠢᠷ ᠬᠤᠷᠢᠮ ᠤᠨ ᠤᠷᠢᠯᠭ᠎ᠠ ᠵᠠᠯᠠᠯᠭ᠎ᠠ ᠲᠠᠯᠪᠢᠬᠤ ᠳᠤ ᠠᠮᠤᠷ ᠮᠡᠨᠳᠤ ᠶᠢ ᠠᠰᠠᠭᠤᠯᠴᠠᠬᠤ ᠳᠤ ᠬᠡᠷᠡᠭᠯᠡᠳᠡᠭ ᠪᠠᠭᠠᠵᠢ ᠶᠢ ᠬᠦᠬᠦᠷ ᠭᠡᠨ᠎ᠡ᠃ ᠬᠦᠬᠦᠷ ᠤᠨ ᠲᠦᠷᠦᠯ ᠵᠦᠢᠯ᠂ ᠶᠠᠩᠵᠤ ᠭᠡᠯᠪᠡᠷᠢ ᠤᠯᠠᠨ᠂ ᠶᠡᠭᠡ ᠪᠠᠭ᠎ᠠ ᠶᠢᠨ ᠬᠡᠮᠵᠢᠶ᠎ᠡ ᠠᠳᠠᠯᠢ ᠦᠭᠡᠢ᠃ ᠬᠦᠬᠦᠷ ᠢ ᠪᠠᠷᠤᠭ ᠵᠤᠤᠪᠠᠩ ᠭᠡᠯᠪᠡᠷᠢ ᠲᠠᠢ ᠬᠢᠵᠦ᠂ ᠳᠣᠲᠣᠷᠠᠬᠢ ᠶᠢ ᠨᠢ ᠬᠥᠨᠳᠡᠶᠢᠯᠡᠭᠡᠳ ᠬᠠᠮᠠᠷ ᠲᠠᠮᠠᠬᠢ ᠰᠠᠪᠠᠯᠠᠳᠠᠭ ᠪᠥᠭᠡᠳ ᠬᠤᠶᠠᠷ ᠲᠠᠯ᠎ᠠ ᠳᠤ ᠨᠢ ᠬᠡ ᠤᠭᠠᠯᠵᠠ ᠰᠡᠶᠢᠯᠪᠦᠷᠢᠯᠡᠳᠡᠭ᠃ ᠪᠥᠭᠯᠡᠭᠡ ᠶᠢ ᠮᠥᠩᠭᠦᠨ ᠭᠠᠵᠢ ᠪᠠᠷ ᠭᠠᠷᠬᠠᠯᠠᠵᠤ ᠱᠢᠷᠦᠨ ᠲᠤᠭ ᠰᠢᠭᠢᠳᠬᠡᠭᠡᠳ᠂ ᠪᠠᠰᠠ ᠬᠠᠮᠠᠷ ᠲᠠᠮᠠᠬᠢ ᠤᠳᠬᠤᠬᠤ ᠳᠤ ᠪᠡᠯᠡᠳᠬᠡᠭᠰᠡᠨ ᠵᠢᠵᠢᠭ ᠮᠥᠩᠭᠦᠨ ᠬᠠᠯᠪᠠᠭ᠎ᠠ ᠲᠠᠢ᠃ ᠲᠡᠭᠦᠨ ᠢᠶᠠᠷ ᠪᠠᠰᠠ ᠴᠢᠬᠢᠨ ᠮᠠᠯᠲᠠᠭᠤᠷ ᠪᠣᠯᠭᠠᠳᠠᠭ᠃ ᠡᠷᠡᠭᠲᠡᠶᠢᠴᠦᠳ ᠮᠠᠨᠤ ᠶᠢᠨ ᠬᠦᠬᠦᠷ ᠬᠡᠷᠡᠭᠯᠡᠵᠦ᠂ ᠡᠮᠡᠭᠲᠡᠶᠢᠴᠦᠳ ᠨᠢᠮᠭᠡᠨ ᠳᠥᠷᠪᠡᠯᠵᠢᠨ ᠬᠠᠪᠲᠠᠭᠠᠢ ᠬᠦᠬᠦᠷ ᠬᠡᠷᠡᠭᠯᠡᠳᠡᠭ᠃ ᠬᠦᠬᠦᠷ ᠢ ᠬᠦᠬᠦᠷ ᠤᠨ ᠲᠡᠯᠢᠩ ᠳᠤ ᠬᠢᠵᠦ ᠠᠪᠴᠤ ᠶᠠᠪᠤᠳᠠᠭ᠃
ᠢᠷᠡᠯᠲᠡ᠄ ᠮᠤᠩᠭᠤᠯ ᠰᠤᠶᠤᠯ ᠵᠠᠩ ᠦᠢᠯᠡ ᠶᠢᠨ ᠬᠦᠮᠦᠵᠢᠯ